ᠨᠢᠭᠡ᠂ ᠬᠤᠷᠢᠶᠠᠩᠭᠤᠢᠯᠠᠨ ᠲᠤᠱᠢᠶᠠᠭ᠍ᠴᠢ ᠪᠠ ᠬᠤᠷᠢᠶᠠᠩᠭᠤᠢᠯᠠᠨ ᠲᠤᠱᠢᠶᠠᠬᠤ ᠠᠭᠤᠯᠭ᠎ᠠ
ᠬᠤᠷᠢᠶᠠᠩᠭᠤᠢᠯᠠᠨ ᠲᠤᠱᠢᠶᠠᠭ᠍ᠴᠢ᠄
ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠨᠤᠲᠤᠭ ᠳᠡᠪᠢᠰᠭᠡᠷ ᠵᠢᠴᠢ ᠬᠠᠷᠢᠶᠠᠨ᠎ᠳᠠᠬᠢ ᠪᠤᠰᠤᠳ ᠳᠠᠯᠠᠢ᠎ᠶ᠋ᠢᠨ ᠣᠷᠣᠨ᠎ᠳᠤ ᠠᠭᠤᠷᠬᠠᠢ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠢ ᠬᠠᠢᠨ ᠪᠠᠢᠴᠠᠭᠠᠵᠤ ᠨᠡᠭᠡᠭᠡᠨ ᠬᠥᠭ᠌ᠵᠢᠭᠦᠯᠬᠦ᠌ ᠠᠭᠤᠷᠬᠠᠢ ᠡᠷᠢᠬᠦ ᠡᠷᠬᠡᠲᠦ ᠬᠥᠮᠦᠨ ᠪᠤᠶᠤ ᠠᠭᠤᠷᠬᠠᠢ ᠨᠡᠭᠡᠭᠡᠬᠦ᠌ ᠡᠷᠬᠡᠲᠦ ᠬᠥᠮᠦᠨ᠂ ᠪᠤᠰᠤᠳ ᠭᠠᠵᠠᠷ ᠱᠢᠨᠵᠢᠯᠡᠭᠡᠨ᠎ᠦ ᠠᠵᠢᠯ᠎ᠤᠨ ᠲᠥᠷᠥᠯ ᠵᠦᠢᠯ᠎ᠳᠤ᠂ ᠪᠡᠯᠡ ᠭᠠᠷᠭᠠᠭ᠍ᠴᠢ ᠨᠢ ᠭᠠᠵᠠᠷ ᠱᠢᠨᠵᠢᠯᠡᠭᠡᠨ᠎ᠦ ᠮᠠᠲ᠋ᠧᠷᠢᠶᠠᠯ ᠢ ᠬᠤᠷᠢᠶᠠᠩᠭᠤᠢᠯᠠᠨ ᠲᠤᠱᠢᠶᠠᠭ᠍ᠴᠢ ᠪᠣᠯᠤᠨ᠎ᠠ ; ᠬᠡᠷᠪᠡ ᠬᠣᠶᠠᠷ ᠪᠤᠶᠤ ᠬᠣᠶᠠᠷ᠎ᠠᠴᠠ ᠳᠡᠭᠡᠭ᠌ᠰᠢ ᠪᠡᠯᠡ ᠭᠠᠷᠭᠠᠭ᠍ᠴᠢ ᠬᠠᠮᠲᠤ ᠪᠠᠷ ᠪᠡᠯᠡ ᠭᠠᠷᠭᠠᠵᠤ ᠲᠥᠷᠥᠯ ᠵᠦᠢᠯ ᠥᠷᠨᠢᠭᠦᠯᠦᠭ᠌ᠰᠡᠨ ᠪᠣᠯ ᠪᠡᠯᠡ ᠭᠠᠷᠭᠠᠭ᠍ᠰᠠᠨ ᠡᠯ᠎ᠡ ᠲᠠᠯ᠎ᠠ᠎ᠶ᠋ᠢᠨ ᠬᠢᠨ ᠬᠤᠷᠢᠶᠠᠩᠭᠤᠢᠯᠠᠨ ᠲᠤᠱᠢᠶᠠᠬᠤ ᠡᠭᠦᠷᠭᠡ᠎ᠳᠦ ᠬᠣᠯᠪᠣᠭ᠍ᠳᠠᠭ᠍ᠰᠠᠨ ᠬᠠᠷᠢᠭᠤᠴᠠᠯᠭ᠎ᠠ ᠶ᠋ᠢ ᠡᠭᠦᠷᠭᠡᠯᠡᠨ᠎ᠡ ᠃ ᠤᠯᠤᠰ᠎ᠠᠴᠠ ᠪᠡᠯᠡ ᠭᠠᠷᠭᠠᠭ᠍ᠰᠠᠨ ᠪᠣᠯ ᠭᠠᠵᠠᠷ ᠱᠢᠨᠵᠢᠯᠡᠭᠡᠨ᠎ᠦ ᠠᠵᠢᠯ᠎ᠢ ᠡᠭᠦᠷᠭᠡᠯᠡᠵᠦ᠍ ᠪᠦᠬᠦᠢ ᠨᠢᠭᠡᠴᠢ ᠨᠢ ᠭᠠᠵᠠᠷ ᠱᠢᠨᠵᠢᠯᠡᠭᠡᠨ᠎ᠦ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠭ᠍ᠴᠢ ᠪᠣᠯᠣᠨ᠎ᠠ᠃ ᠳᠤᠮᠳᠠᠳᠤ ᠭᠠᠳᠠᠭᠠᠳᠤ᠎ᠶ᠋ᠢᠨ᠎ᠬᠢᠨ ᠬᠠᠮᠲᠤᠷᠠᠨ ᠭᠠᠵᠠᠷ ᠱᠢᠨᠵᠢᠯᠡᠭᠡᠨ᠎ᠤ ᠠᠵᠢᠯ ᠥᠷᠨᠢᠭᠦᠯᠦᠭ᠌ᠰᠡᠨ ᠪᠣᠯ᠂ ᠬᠠᠮᠲᠤᠷᠠᠯᠴᠠᠭᠠᠨ᠎ᠤ ᠲᠦᠷᠦᠯ ᠵᠦᠢᠯ᠎ᠳᠤ ᠣᠷᠣᠯᠴᠠᠭ᠍ᠰᠠᠨ ᠳᠤᠮᠳᠠᠳᠤ᠎ᠶ᠋ᠢᠨ ᠲᠠᠯ᠎ᠠ᠎ᠶ᠋ᠢᠨ᠎ᠬᠢᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠭ᠍ᠴᠢ ᠪᠣᠯᠤᠨ᠎ᠠ᠂ ᠭᠠᠳᠠᠭᠠᠳᠤ᠎ᠶ᠋ᠢᠨ ᠲᠠᠯ᠎ᠠ᠎ᠶ᠋ᠢᠨ᠎ᠬᠢᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠬᠣᠯᠪᠣᠭ᠍ᠳᠠᠯ᠎ᠲᠤ ᠬᠠᠷᠢᠭᠤᠴᠠᠯᠭ᠎ᠠ᠎ᠶ᠋ᠢ ᠡᠭᠦᠷᠭᠡᠯᠡᠨ᠎ᠡ᠃
ᠬᠤᠷᠢᠶᠠᠩᠭᠤᠢᠯᠠᠨ ᠲᠤᠱᠢᠶᠠᠬᠤ ᠦᠨᠳᠦᠰᠦᠯᠡᠯ᠄
《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠳᠦᠷᠢᠮ》(ᠲᠥᠷᠥ ᠶ᠋ᠢᠨ ᠶᠠᠪᠤᠳᠠᠯ᠎ᠤᠨ ᠬᠤᠷᠢᠶᠠᠨ᠎ᠤ ᠵᠠᠷᠯᠢᠭ 349 ᠳ᠋ᠦ᠍ᠭᠡᠷ ᠲᠣᠭᠠᠲᠤ)
《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠳᠦᠷᠢᠮ᠎ᠢ ᠬᠡᠷᠡᠭ᠌ᠵᠢᠭᠦᠯᠬᠦ᠌ ᠠᠷᠭ᠎ᠠ》 (ᠤᠯᠤᠰ᠎ᠤᠨ ᠭᠠᠵᠠᠷ ᠱᠢᠷᠣᠶ ᠶ᠋ᠢᠨ ᠡᠬᠢ ᠪᠠᠶᠠᠯᠢᠭ᠎ᠤᠨ ᠶᠠᠮᠤᠨ᠎ᠤ ᠵᠠᠷᠯᠢᠭ 16 ᠳ᠋ᠤᠭᠠᠷ ᠲᠣᠭᠠᠲᠤ)
《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢ ᠴᠢᠩᠭᠠᠳᠭᠠᠬᠤ ᠲᠤᠬᠠᠶ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠤ ᠮᠡᠳᠡᠭ᠌ᠳᠡᠯ》 (ᠪᠠᠢᠭᠠᠯᠢ᠎ᠶ᠋ᠢᠨ ᠡᠬᠢ ᠪᠠᠶᠠᠯᠢᠭ ᠲᠣᠭ᠍ᠲᠠᠭᠠᠯ [2025] 1 ᠳ᠋ᠤᠭᠡᠷ ᠲᠣᠭᠠᠲᠤ)
《〈ᠪᠣᠳᠠᠲᠤ ᠪᠣᠳᠠᠰ᠎ᠤᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠠᠷᠭ᠎ᠠ ᠶ᠋ᠢ ᠳᠠᠷᠤᠮᠠᠯᠯᠠᠨ ᠲᠠᠷᠬᠠᠭᠠᠬᠤ ᠲᠤᠬᠠᠶ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠤ ᠮᠡᠳᠡᠭ᠌ᠳᠡᠯ》 (ᠪᠠᠢᠭᠠᠯᠢ᠎ᠶ᠋ᠢᠨ ᠡᠬᠢ ᠪᠠᠶᠠᠯᠢᠭ ᠳᠦᠷᠢᠮ [2024] 4 ᠳ᠋ᠤᠭᠡᠷ ᠲᠣᠭᠠᠲᠤ)
ᠬᠤᠷᠢᠶᠠᠩᠭᠤᠢᠯᠠᠨ ᠲᠤᠱᠢᠶᠠᠬᠤ ᠠᠭᠤᠯᠭ᠎ᠠ ᠄
《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠲᠦᠷᠢᠮ》᠂ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠲᠦᠷᠢᠮ᠎ᠢ ᠬᠡᠷᠡᠭ᠌ᠵᠢᠭᠦᠯᠬᠦ᠌ ᠠᠷᠭ᠎ᠠ》 ᠶ᠋ᠢᠨ ᠲᠣᠭ᠍ᠲᠠᠭᠠᠯ᠎ᠢ ᠦᠨᠳᠦᠰᠦᠯᠡᠨ ᠬᠤᠷᠢᠶᠠᠩᠭᠤᠢᠯᠠᠨ ᠲᠤᠱᠢᠶᠠᠬᠤ᠂ ᠦᠷ᠎ᠡ ᠪᠦᠲᠦᠭᠡᠯ᠎ᠤᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠨᠠᠷᠢᠨ ᠵᠦᠢᠯᠡᠰ᠂ ᠠᠩᠬᠠᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠨᠠᠷᠢᠨ ᠵᠦᠢᠯᠡᠰ᠂ ᠪᠣᠳᠠᠲᠤ ᠪᠣᠳᠠᠰ᠎ᠤᠨ ᠭᠠᠵᠠᠷ ᠱᠢᠨᠵᠢᠯᠡᠭᠡᠨ᠎ᠤ ᠮᠠᠲᠸᠷᠢᠶᠠᠯ᠎ᠤᠨ ᠨᠠᠷᠢᠨ ᠵᠦᠢᠯᠡᠰ᠎ᠢ ᠬᠤᠷᠢᠶᠠᠩᠭᠤᠢᠯᠠᠨ ᠲᠤᠱᠢᠶᠠᠬᠤ ᠳᠤ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠲᠦᠷᠢᠮ᠎ᠢ ᠬᠡᠷᠡᠭ᠌ᠵᠢᠭᠦᠯᠬᠦ᠌ ᠠᠷᠭ᠎ᠠ》᠎ᠶ᠋ᠢᠨ ᠳᠠᠭᠠᠯᠳᠤᠭᠤᠯᠤᠯ 1᠂ ᠳᠠᠭᠠᠯᠳᠤᠭᠤᠯᠤᠯ 2᠂ ᠳᠠᠭᠠᠯᠳᠤᠭᠤᠯᠤᠯ 3᠎ᠳᠤ ᠨᠠᠷᠢᠨ ᠦᠵᠡᠭᠡᠷᠡᠢ᠃
ᠬᠤᠶᠠᠷ᠂ ᠬᠤᠷᠢᠶᠠᠩᠭᠤᠢᠯᠠᠨ ᠲᠤᠱᠢᠶᠠᠬᠤ ᠶᠠᠪᠤᠴᠠ᠄
ᠰᠦᠯᠵᠢᠶᠡᠨ ᠳᠡᠭᠡᠷ᠎ᠡ ᠤᠷᠢᠳᠴᠢᠯᠠᠨ ᠪᠣᠯᠵᠣᠬᠤ᠄ ᠬᠤᠷᠢᠶᠠᠩᠭᠤᠢᠯᠠᠨ ᠲᠤᠱᠢᠶᠠᠭ᠍ᠴᠢ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠦᠢᠯᠡᠴᠢᠯᠡᠭᠡᠨ᠎ᠤ ᠱᠢᠰᠲ᠋ᠧᠮ᠎ᠤᠨ (ᠳᠣᠷᠣᠭ᠍ᠰᠢ 《ᠮᠡᠳᠡᠭᠡ ᠵᠠᠩᠭᠢ ᠶ᠋ᠢᠨ ᠬᠠᠮᠢᠶᠠᠷᠤᠯᠲᠠ᠎ᠶ᠋ᠢᠨ ᠱᠢᠰᠲ᠋ᠧᠮ》 ᠭᠡᠵᠦ᠍ ᠲᠣᠪᠴᠢᠯᠠᠨ᠎ᠠ) ᠰᠦᠯᠵᠢᠶᠡᠨ ᠳᠡᠭᠡᠷ᠎ᠡ ᠤᠷᠢᠳᠴᠢᠯᠠᠨ ᠪᠣᠯᠵᠣᠬᠤ᠎ᠶ᠋ᠢᠨ ᠬᠠᠮᠲᠤ ᠪᠣᠯᠵᠣᠨ ᠲᠣᠭ᠍ᠲᠠᠭ᠍ᠰᠠᠨ ᠴᠠᠭ ᠬᠤᠭᠤᠴᠠᠭ᠎ᠠ ᠶᠣᠰᠣᠭᠠᠷ ᠦᠷ᠎ᠡ ᠪᠦᠲᠦᠭᠡᠯ ᠪᠠ ᠠᠩᠬᠠᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠮᠡᠳᠡᠭᠦᠯᠦᠨ ᠬᠦᠷᠭᠡᠬᠦ᠌ ᠬᠡᠷᠡᠭ᠌ᠲᠡᠶ᠃
ᠮᠠᠲ᠋ᠧᠷᠢᠶᠠᠯ᠎ᠢ ᠮᠡᠳᠡᠭᠦᠯᠦᠨ ᠬᠦᠷᠭᠡᠬᠦ᠌᠄ ᠭᠠᠵᠠᠷ ᠱᠢᠨᠵᠢᠯᠡᠭᠡᠨ᠎ᠤ ᠠᠵᠢᠯ᠎ᠤᠨ ᠬᠠᠮᠢᠶ᠎ᠠ ᠪᠥᠬᠦᠶ ᠲᠤᠰᠭᠠᠶ ᠮᠡᠷᠭᠡᠵᠢᠯ᠎ᠤᠨ ᠵᠢᠷᠤᠮᠵᠢᠯ ᠪᠠ ᠪᠠᠷᠢᠮᠵᠢᠶ᠎ᠠ᠎ᠳᠤ ᠨᠡᠢᠴᠡᠭ᠌ᠰᠡᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠵᠤ᠂ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠴᠢᠬᠤᠯᠠ ᠨᠥᠬᠦᠴᠡᠯ᠎ᠤᠨ ᠨᠠᠷᠢᠨ ᠲᠠᠩᠰᠠ》᠎ᠶ᠋ᠢᠨ ᠶᠣᠰᠣᠭᠠᠷ ᠮᠠᠲ᠋ᠧᠷᠢᠶᠠᠯ ᠢᠶᠠᠨ ᠪᠡᠯᠡᠳᠭᠡᠬᠦ᠌᠎ᠶ᠋ᠢᠨ ᠬᠠᠮᠲᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠣᠷᠳᠣᠨ᠎ᠳᠤ ᠲᠤᠱᠢᠶᠠᠨ᠎ᠠ᠃ ᠡᠯᠧᠺᠲ᠋ᠷᠣᠨ ᠪᠢᠴᠢᠭ᠌ ᠬᠠᠷ᠎ᠠ ᠶ᠋ᠢ ᠬᠤᠷᠢᠶᠠᠩᠭᠤᠢᠯᠠᠨ ᠲᠤᠱᠢᠶᠠᠵᠤ ᠮᠡᠳᠡᠭᠦᠯᠬᠦ᠌ ᠲᠠᠪᠠᠭ᠎ᠤᠨ ᠵᠥᠭᠡᠯᠡᠨ ᠲᠣᠨᠣᠭ ᠳᠡᠭᠡᠷ᠎ᠡ ᠬᠢᠵᠦ᠍ ᠂ 《ᠦᠷ᠎ᠡ ᠪᠦᠲᠦᠭᠡᠯ ᠪᠠ ᠠᠩᠬᠠᠨ᠎ᠤ᠋ ᠭᠠᠵᠠᠷ ᠱᠢᠨᠵᠢᠯᠡᠭᠡᠨᠦ᠌ ᠮᠠᠲᠸᠷᠢᠶᠠᠯ᠎ᠤ᠋ᠨ ᠡᠯᠧᠺᠲ᠋ᠷᠣᠨ ᠪᠢᠴᠢᠭ ᠬᠠᠷ᠎ᠠ ᠶ᠋ᠢ ᠬᠤᠷᠢᠶᠠᠩᠭᠤᠢᠯᠠᠨ ᠲᠤᠱᠢᠶᠠᠬᠤ ᠵᠠᠭ᠍ᠪᠤᠷ᠎ᠤ᠋ᠨ ᠱᠠᠭᠠᠷᠳᠠᠯᠭ᠎ᠠ》 ᠳ᠋ᠤ ᠨᠡᠢᠴᠡᠭ᠌ᠰᠡᠨ ᠪᠠᠢᠬᠤ ᠬᠡᠷᠡᠭ᠌ᠲᠡᠢ ᠃
ᠬᠦᠯᠢᠶᠡᠨ ᠠᠪᠴᠤ᠌ ᠱᠢᠯᠭᠠᠨ ᠠᠪᠬᠤ᠄ ᠭᠠᠵᠠᠷ ᠱᠢᠨᠵᠢᠯᠡᠭᠡᠨ᠎ᠤ ᠮᠠᠲ᠋ᠧᠷᠢᠶᠠᠯ ᠤᠨ ᠣᠷᠳᠣᠨ ᠮᠠᠲ᠋ᠧᠷᠢᠶᠠᠯ᠎ᠢ ᠣᠯᠤᠭ᠍ᠰᠠᠨ ᠡᠳᠦᠷ᠎ᠠᠴᠠ ᠡᠬᠢᠯᠡᠨ 10 ᠠᠵᠢᠯᠯᠠᠬᠤ ᠡᠳᠦᠷ᠎ᠤᠨ ᠳᠣᠲᠣᠷ᠎ᠠ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠴᠠᠭᠠᠰᠤᠨ ᠬᠡᠪᠯᠡᠯ ᠪᠠ ᠡᠯᠧᠺᠲᠷᠣᠨ ᠪᠢᠴᠢᠭ᠌ᠯᠡᠯ᠎ᠢ ᠪᠠᠢᠴᠠᠭᠠᠵᠤ᠂ ᠱᠢᠯᠭᠠᠨ ᠠᠪᠤᠨ᠎ᠠ᠃ ᠱᠢᠯᠭᠠᠨ ᠠᠪᠬᠤ᠎ᠳᠤ ᠬᠢᠷᠢ ᠲᠡᠩᠴᠡᠭ᠌ᠰᠡᠨ ᠪᠠᠢᠪᠠᠯ᠂ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠱᠢᠰᠲ᠋ᠧᠮ᠎ᠳᠤ ᠨᠤᠲᠠᠯᠠᠨ᠎ᠠ; ᠱᠢᠯᠭᠠᠨ ᠠᠪᠬᠤ᠎ᠳᠤ ᠬᠢᠷᠢ ᠲᠡᠩᠴᠡᠭ᠌ᠰᠡᠨ ᠦᠭᠡᠢ ᠪᠣᠯ᠂ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠱᠢᠰᠲ᠋ᠧᠮ᠎ᠢᠶᠠᠷ ᠳᠠᠮᠵᠢᠭᠤᠯᠤᠨ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠨᠥᠬᠥᠪᠦᠷᠢᠯᠡᠯ᠂ ᠵᠠᠰᠠᠪᠤᠷᠢ ᠣᠷᠣᠭᠤᠯᠬᠤ ᠮᠡᠳᠡᠭ᠌ᠳᠡᠯ᠎ᠤᠨ ᠪᠢᠴᠢᠭ》᠎ᠢ ᠲᠠᠷᠬᠠᠭᠠᠵᠤ᠂ ᠵᠠᠰᠠᠪᠤᠷᠢ ᠣᠷᠣᠭᠤᠯᠬᠤ ᠠᠭᠤᠯᠭ᠎ᠠ᠎ᠶ᠋ᠢ ᠨᠢᠭᠡ ᠯᠡ ᠤᠳᠠᠭ᠎ᠠ᠎ᠳᠤ ᠮᠡᠳᠡᠭ᠌ᠳᠡᠨ᠎ᠡ᠃ ᠬᠤᠷᠢᠶᠠᠩᠭᠤᠢᠯᠠᠨ ᠲᠤᠱᠢᠶᠠᠭ᠍ᠴᠢ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠨᠥᠬᠥᠪᠦᠷᠢᠯᠡᠯ᠂ ᠵᠠᠰᠠᠪᠤᠷᠢ ᠣᠷᠤᠭᠤᠯᠬᠤ ᠮᠡᠳᠡᠭ᠌ᠳᠡᠯ᠎ᠤᠨ ᠪᠢᠴᠢᠭ》᠎ᠢ ᠬᠦᠯᠢᠶᠡᠨ ᠠᠪᠤᠭᠠᠳ 45 ᠠᠵᠢᠯᠯᠠᠬᠤ ᠡᠳᠦᠷ᠎ᠤᠨ ᠳᠣᠲᠣᠷ᠎ᠠ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠨᠥᠬᠦᠪᠥᠷᠢᠯᠡᠨ ᠵᠠᠰᠠᠪᠤᠷᠢ ᠣᠷᠣᠭᠤᠯᠬᠤ᠎ᠶ᠋ᠢᠨ ᠬᠠᠮᠲᠤ ᠳᠠᠬᠢᠨ ᠬᠤᠷᠢᠶᠠᠩᠭᠤᠢ᠍ᠯᠠᠨ ᠲᠤᠱᠢᠶᠠᠬᠤ ᠬᠡᠷᠡᠭ᠌ᠲᠡᠶ᠃
ᠬᠤᠷᠢᠶᠠᠩᠭᠤᠢ᠍ᠯᠠᠨ ᠲᠤᠱᠢᠶᠠᠭ᠍ᠰᠠᠨ ᠭᠡᠷᠡᠴᠢ ᠪᠠᠷᠢᠮᠳᠠ ᠶ᠋ᠢ ᠲᠠᠷᠬᠠᠭᠠᠬᠤ᠄
ᠬᠤᠷᠢᠶᠠᠩᠭᠤᠢ᠍ᠯᠠᠨ ᠲᠤᠱᠢᠶᠠᠭ᠍ᠴᠢ ᠲᠣᠭ᠍ᠲᠠᠭᠠᠯ ᠶᠣᠰᠣᠭᠠᠷ ᠦᠷ᠎ᠡ ᠪᠦᠲᠦᠭᠡᠯ᠂ ᠠᠩᠬᠠᠨ᠎ᠤ ᠪᠠ ᠪᠣᠳᠠᠲᠤ ᠪᠣᠳᠠᠰ᠎ᠤᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢ᠍ᠯᠠᠨ ᠲᠤᠱᠢᠶᠠᠭ᠍ᠰᠠᠨ᠎ᠤ ᠳᠠᠷᠠᠭ᠎ᠠ᠂ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠣᠷᠳᠣᠨ᠎ᠨᠢ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠱᠢᠰᠲ᠋ᠧᠮ᠎ᠢᠶᠠᠷ ᠳᠠᠮᠵᠢᠭᠤᠯᠤᠨ 《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠭ᠍ᠰᠠᠨ ᠭᠡᠷᠡᠴᠢ ᠪᠠᠷᠢᠮᠲᠠ》 ᠶ᠋ᠢ ᠲᠠᠷᠬᠠᠭᠠᠨ᠎ᠠ᠃
ᠭᠤᠷᠪᠠ᠂ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠶᠠᠪᠤᠴᠠ
ᠬᠤᠷᠢᠶᠠᠩᠭᠤᠢᠯᠠᠨ ᠲᠤᠱᠢᠶᠠᠭ᠍ᠴᠢ ᠰᠦᠯᠵᠢᠶᠡᠨ ᠳᠡᠭᠡᠷ᠎ᠡ ᠪᠣᠯᠵᠣᠬᠤ
ᠬᠤᠷᠢᠶᠠᠩᠭᠤᠢᠯᠠᠨ ᠲᠤᠱᠢᠶᠠᠭ᠍ᠴᠢ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠦᠢᠯᠡᠴᠢᠯᠡᠭᠡᠨ᠎ᠤ ᠱᠢᠰᠲ᠋ᠧᠮ ( ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠱᠢᠰᠲ᠋ᠧᠮ )᠎ᠤᠨ ᠰᠦᠯᠵᠢᠶᠡᠨ ᠳᠡᠭᠡᠷ᠎ᠡ ᠤᠷᠢᠳᠴᠢᠯᠠᠨ ᠪᠣᠯᠵᠣᠬᠤ᠎ᠶ᠋ᠢᠨ ᠬᠠᠮᠲᠤ ᠪᠣᠯᠵᠣᠨ ᠲᠣᠭ᠍ᠲᠠᠭ᠍ᠰᠠᠨ ᠴᠠᠭ ᠬᠤᠭᠤᠴᠠᠭ᠎ᠠ ᠶᠣᠰᠣᠭᠠᠷ ᠮᠠᠲ᠋ᠧᠷᠢᠶᠠᠯ᠎ᠢᠶᠠᠨ ᠮᠡᠳᠡᠭᠦᠯᠦᠨ ᠬᠦᠷᠭᠡᠬᠦ᠌ ᠬᠡᠷᠡᠭ᠌ᠲᠡᠶ᠃
ᠮᠤᠵᠢ᠎ᠶ᠋ᠢᠨ ᠱᠠᠲᠤᠨ᠎ᠤ ᠣᠷᠳᠣᠨ ᠬᠠᠳᠠᠭᠠᠯᠠᠬᠤ ᠪᠠᠢᠭᠤᠯᠤᠮᠵᠢ ᠨᠢᠭᠡᠨᠲᠡ ᠲᠠᠪᠴᠠᠩ ᠪᠠᠢᠭᠤᠯᠤᠭ᠍ᠰᠠᠨ ᠪᠣᠯ ᠮᠤᠵᠢ᠎ᠶ᠋ᠢᠨ ᠱᠠᠲᠤᠨ᠎ᠤ ᠲᠠᠪᠴᠠᠩ᠎ᠢᠶᠠᠷ ᠳᠠᠮᠵᠢᠨ ᠤᠷᠢᠳᠴᠢᠯᠠᠨ ᠪᠣᠯᠵᠣᠵᠤ ( ᠮᠡᠳᠡᠭᠡ ᠵᠠᠩᠭᠢ᠎ᠶ᠋ᠢ ᠶᠠᠮᠤᠨ᠎ᠤ ᠲᠠᠰ᠎ᠤᠨ ᠱᠢᠰᠲ᠋ᠧᠮ᠎ᠳᠦ ᠵᠡᠷᠭᠡ᠎ᠳᠤ ᠨᠢ ᠬᠦᠷᠭᠡᠨ᠎ᠡ ) ᠪᠣᠯᠤᠨ᠎ᠠ᠃
ᠮᠠᠲ᠋ᠧᠷᠢᠶᠠᠯ᠎ᠢ ᠮᠡᠳᠡᠭᠦᠯᠦᠨ ᠬᠦᠷᠭᠡᠬᠦ᠌
ᠪᠡᠯᠡᠳᠭᠡᠬᠦ᠌ ᠮᠠᠲ᠋ᠧᠷᠢᠶᠠᠯ᠄ ᠲᠤᠰᠭᠠᠶ ᠮᠡᠷᠭᠡᠵᠢᠯ᠎ᠤᠨ ᠵᠢᠷᠤᠮᠵᠢᠯᠳᠤ ᠨᠡᠢᠴᠡᠬᠦ᠌ ᠦᠷ᠎ᠡ ᠪᠦᠲᠦᠭᠡᠯ / ᠠᠩᠬᠠᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ;《ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ ᠴᠢᠬᠤᠯᠠ ᠨᠥᠬᠦᠴᠡᠯ᠎ᠤᠨ ᠨᠠᠷᠢᠨ ᠳᠠᠩᠰᠠ》᠎ᠶ᠋ᠢᠨ ᠶᠣᠰᠣᠭᠠᠷ ᠪᠡᠯᠡᠳᠭᠡᠨ᠎ᠡ᠃
ᠲᠤᠱᠢᠶᠠᠬᠤ ᠠᠷᠭ᠎ᠠ ᠬᠡᠯᠪᠡᠷᠢ᠄ ᠪᠥᠬᠦ᠌ ᠤᠯᠤᠰ᠎ᠤᠨ ᠣᠷᠳᠣᠨ ᠪᠤᠶᠤ ᠮᠤᠵᠢ᠎ᠶ᠋ᠢᠨ ᠱᠠᠲᠤᠨ᠎ᠤ ᠬᠠᠳᠠᠭᠠᠯᠠᠬᠤ ᠪᠠᠢᠭᠤᠯᠤᠮᠵᠢ ᠳᠤ ᠨᠠᠢᠳᠠᠨ ᠬᠠᠮᠢᠶᠠᠷᠬᠤ ᠮᠠᠲ᠋ᠧᠷᠢᠶᠠᠯ᠎ᠢᠶᠠᠨ ᠲᠤᠱᠢᠶᠠᠭᠠᠳ ᠨᠠᠢᠳᠠᠯᠭ᠎ᠠ ᠬᠦᠯᠢᠶᠡᠭ᠌ᠰᠡᠨ ᠨᠢᠭᠡᠴᠢ᠎ᠳᠤ ᠡᠯᠧᠺᠲᠷᠣᠨ ᠪᠢᠴᠢᠭ ᠬᠠᠷ᠎ᠠ ᠶ᠋ᠢ ᠲᠤᠱᠢᠶᠠᠬᠤ ᠪᠠᠷ ᠱᠠᠭᠠᠷᠳᠠᠨ᠎ᠠ ( ᠪᠠᠭᠤᠯᠭᠠᠨ ᠠᠪᠬᠤ ᠬᠠᠶᠢᠭ᠄ https://dzzl.ngac.cn/ )
ᠬᠦᠯᠢᠶᠡᠨ ᠠᠪᠴᠤ᠌ ᠱᠢᠯᠭᠠᠨ ᠠᠪᠬᠤ
ᠱᠢᠯᠭᠠᠨ ᠠᠪᠬᠤ ᠴᠠᠭ᠎ᠦᠨ ᠬᠢᠵᠠᠭᠠᠷ᠄ ᠮᠠᠲ᠋ᠧᠷᠢᠶᠠᠯ᠎ᠢ ᠭᠠᠷᠳᠠᠭ᠍ᠰᠠᠨᠤ ᠳᠠᠷᠠᠭᠠᠬᠢ 10 ᠠᠵᠢᠯᠯᠠᠬᠤ ᠡᠳᠦᠷ᠎ᠦᠨ ᠳᠣᠲᠣᠷ᠎ᠠ᠃
ᠱᠢᠯᠭᠠᠨ ᠠᠪᠬᠤ ᠠᠭᠤᠯᠭ᠎ᠠ᠄ ᠴᠠᠭᠠᠰᠤᠨ ᠬᠡᠪᠯᠡᠯ + ᠡᠯᠧᠺᠲ᠋ᠷᠣᠨ ᠪᠢᠴᠢᠭ᠌ᠯᠡᠯ᠎ᠢ ᠪᠠᠢᠴᠠᠭᠠᠨ᠎ᠠ᠃
ᠬᠢᠷᠢ ᠲᠡᠩᠴᠡᠬᠦ᠌ ᠦᠭᠡᠢ ᠄ 《 ᠨᠥᠬᠦᠪᠦᠷᠢᠯᠡᠯ ᠵᠠᠰᠠᠪᠤᠷᠢ ᠣᠷᠣᠭᠤᠯᠬᠤ ᠮᠡᠳᠡᠭ᠌ᠳᠡᠯᠦ᠋ᠨ ᠪᠢᠴᠢᠭ》( ᠵᠠᠰᠠᠪᠤᠷᠢ ᠣᠷᠣᠭᠤᠯᠬᠤ ᠴᠢᠬᠤᠯᠠᠲᠠᠢ ᠠᠭᠤᠯᠭ᠎ᠠ᠎ᠶᠢ ᠨᠢᠭᠡ ᠯᠡ ᠤᠳᠠᠭ᠎ᠠ᠎ᠳᠦ ᠮᠡᠳᠡᠭ᠌ᠳᠡᠨ᠎ᠡ ) ᠨᠥᠬᠥᠪᠥᠷᠢᠯᠡᠬᠦ᠌ ᠬᠤᠭᠤᠴᠠᠭ᠎ᠠ ᠄ ᠮᠡᠳᠡᠭ᠌ᠳᠡᠯᠢ᠋ ᠣᠯᠤᠭ᠍ᠰᠠᠨ᠎ᠤ᠋ ᠳᠠᠷᠠᠭ᠎ᠠ 45 ᠠᠵᠢᠯᠯᠠᠬᠤ ᠡᠳᠦᠷ ᠦ᠋ᠨ ᠳᠣᠲᠣᠷ᠎ᠠ ᠵᠠᠰᠠᠪᠤᠷᠢ ᠣᠷᠣᠭᠤᠯᠬᠤ᠎ᠶᠢᠨ ᠬᠠᠮᠲᠤ ᠳᠠᠬᠢᠨ ᠬᠤᠷᠢᠶᠠᠩᠭᠤᠢᠯᠠᠨ ᠲᠤᠱᠢᠶᠠᠨ᠎ᠠ᠃
ᠬᠢᠷᠢ ᠲᠡᠩᠴᠡᠬᠦ᠌ ᠨᠢ ᠄ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠱᠢᠰᠲ᠋ᠧᠮ᠎ᠳᠦ ᠨᠤᠲᠠᠯᠠᠨ᠎ᠠ → ᠳᠠᠩᠰᠠ ᠡᠪᠬᠡᠮᠡᠯ᠎ᠳᠤ ᠣᠷᠣᠭᠤᠯᠤᠨ᠎ᠠ → ᠭᠠᠷᠴᠠᠭ᠎ᠤᠨ ᠳ᠋ᠠᠢᠲ᠋ᠠ ᠶ᠋ᠢᠨ ᠬᠥᠮᠥᠷᠭᠡ ᠶ᠋ᠢᠨ ᠲᠡᠮᠳᠡᠭ᠌ᠯᠡᠯ → ᠬᠠᠩᠭᠠᠬᠤ ( ᠵᠢᠭᠡᠯᠡᠨ ᠠᠪᠴᠤ᠌ ᠠᠱᠢᠭ᠍ᠯᠠᠬᠤ) → ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠣᠱᠢᠶᠠᠭ᠍ᠰᠠᠨ ᠭᠡᠷᠡᠴᠢ →ᠬᠤᠷᠢᠶᠠᠩᠭᠤᠢᠯᠠᠨ ᠲᠤᠱᠢᠶᠠᠭ᠍ᠴᠢ ᠬᠤᠷᠢᠶᠠᠩᠭᠤᠢᠯᠠᠨ ᠲᠤᠱᠢᠶᠠᠬᠤ ᠡᠭᠦᠷᠭᠡ ᠪᠠᠨ ᠪᠡᠶᠡᠯᠡᠭᠦᠯᠦᠨ᠎ᠡ
ᠳᠥᠷᠪᠡ᠂ ᠬᠤᠷᠢᠶᠠᠩᠭᠤᠢᠯᠠᠨ ᠲᠤᠱᠢᠶᠠᠬᠤ ᠱᠠᠭᠠᠷᠳᠠᠯᠭ᠎ᠠ
ᠴᠠᠭᠠᠰᠤᠨ ᠬᠡᠪᠯᠡᠯ ᠪᠠ ᠡᠯᠧᠺᠲ᠋ᠷᠣᠨ ᠪᠢᠴᠢᠭ᠌ᠯᠡᠯᠢ᠋ ᠵᠡᠷᠭᠡ ᠪᠡᠷ ᠬᠤᠷᠢᠶᠠᠩᠭᠤᠢᠯᠠᠨ ᠲᠤᠱᠢᠶᠠᠨ᠎ᠠ ᠃
ᠴᠠᠭᠠᠰᠤᠨ ᠬᠡᠪᠯᠡᠯ᠎ᠤᠨ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠬᠤ᠎ᠳᠤ ᠴᠠᠭᠠᠰᠤᠨ ᠬᠡᠪᠯᠡᠯ᠎ᠤᠨ ᠮᠡᠳᠡᠭᠦᠯᠦᠯᠲᠡ᠎ᠶ᠋ᠢᠨ ᠠᠩᠬᠠᠷᠬᠤ ᠵᠦᠢᠯ᠄
① ᠤᠯᠤᠰ᠎ᠤᠨ ᠬᠤᠯᠪᠣᠭ᠍ᠳᠠᠯ ᠪᠦᠬᠦᠢ ᠮᠡᠳᠡᠭᠦᠯᠦᠯᠲᠡ᠎ᠶ᠋ᠢ ᠨᠠᠢᠷᠠᠭᠤᠯᠤᠨ ᠵᠣᠬᠢᠶᠠᠬᠤ ᠪᠠᠷᠢᠮᠵᠢᠶ᠎ᠠ᠂ ᠱᠠᠭᠠᠷᠳᠠᠯᠭ᠎ᠠ ᠶᠣᠰᠣᠭᠠᠷ ᠨᠠᠢᠷᠠᠭᠤᠯᠤᠨ ᠪᠢᠴᠢᠬᠦ᠌ ᠬᠡᠷᠡᠭ᠌ᠲᠡᠢ;
② ᠬᠤᠷᠢᠶᠠᠩᠭᠤᠢᠯᠠᠨ ᠲᠤᠱᠢᠶᠠᠭ᠍ᠰᠠᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠨᠢ ᠪᠦᠷᠢᠨ ᠪᠦᠲᠦᠨ᠂ ᠭᠦᠢᠴᠡᠳ ᠪᠠᠢᠬᠤ ᠬᠡᠷᠡᠭ᠌ᠲᠡᠢ;
③ ᠨᠠᠢᠷᠠᠭᠤᠯᠤᠨ ᠳᠠᠷᠤᠮᠠᠯᠯᠠᠬᠤ᠎ᠨᠢ ᠲᠣᠳᠣᠷᠬᠠᠢ᠂ ᠪᠡᠬᠡ ᠪᠤᠳᠤᠭ᠎ᠨᠢ ᠪᠠᠲᠤ ᠪᠠᠬᠢ᠂ ᠥᠩᠭᠡ ᠵᠢᠭ᠌ᠳᠡ᠂ ᠥᠩᠭᠡ ᠬᠡᠯᠪᠡᠢᠬᠦ᠌ ᠦᠭᠡᠢ; ᠬᠡᠪ ᠪᠠᠷᠢᠮᠵᠢᠶ᠎ᠠ᠂ ᠬᠡᠯᠪᠡᠷᠢ᠎ᠨᠢ ᠬᠤᠯᠪᠣᠭ᠍ᠳᠠᠯ ᠪᠦᠬᠦᠢ ᠪᠠᠷᠢᠮᠵᠢᠶ᠎ᠠ᠂ ᠱᠠᠭᠠᠷᠳᠠᠯᠭ᠎ᠠ᠎ᠳᠤ ᠨᠡᠢᠴᠡᠨ᠎ᠡ;
④ ᠲᠸᠺᠰᠲ᠎ᠦᠨ ᠵᠤᠵᠠᠭᠠᠨ᠎ᠤ ᠬᠡᠮᠵᠢᠶ᠎ᠡ ᠨᠢ 2 ᠰᠡᠨᠲ᠋ᠢᠮᠧᠲᠷ᠎ᠠᠴᠠ ᠬᠡᠲᠦᠷᠡᠵᠦ᠍ ᠪᠣᠯᠬᠤ ᠦᠭᠡᠢ᠂ ᠴᠠᠪᠠᠤᠯᠢᠭ ᠢᠶᠠᠷ ᠨᠠᠭ᠋ᠠᠬᠤ ᠪᠤᠶᠤ ᠤᠲᠠᠰᠤ ᠪᠡᠷ ᠦᠳᠡᠵᠦ᠍᠂ ᠠᠮᠠᠷᠬᠠᠨ ᠵᠢᠪᠡᠷᠡᠨ ᠢᠳᠡᠭ᠌ᠳᠡᠬᠦ᠌ ᠲᠡᠮᠦᠷᠯᠢᠭ ᠪᠤᠶᠤ ᠨᠠᠭᠠᠯᠲᠠ᠎ᠪᠠᠷ ᠦᠳᠡᠵᠦ᠍ ᠨᠠᠭ᠋ᠠᠵᠦ ᠪᠣᠯᠬᠤ ᠦᠭᠡᠢ ;
⑤ ᠵᠢᠷᠤᠭ ᠪᠤᠶᠤ ᠪᠢᠴᠢᠭ ᠬᠠᠷ᠎ᠠ ᠶ᠋ᠢ ᠬᠤᠶᠠᠷ ᠲᠠᠯ᠎ᠠ ᠶ᠋ᠢᠨ ᠴᠠᠪᠠᠤ ᠪᠤᠶᠤ ᠨᠠᠭᠠᠯᠳᠤᠩᠬᠠᠢ ᠴᠠᠭᠠᠰᠤ ᠶ᠋ᠢ ᠬᠡᠷᠡᠭ᠌ᠯᠡᠨ ᠨᠠᠭᠠᠵᠤ ᠪᠣᠯᠬᠤ ᠦᠭᠡᠢ ;
⑥ ᠵᠢᠷᠤᠭ᠍ᠲᠤ ᠴᠠᠭᠠᠰᠤ ᠶ᠋ᠢᠨ ᠨᠤᠭᠤᠯᠤᠭᠠᠰᠤ᠎ᠶ᠋ᠢ ᠱᠠᠭᠠᠷᠳᠠᠯᠭ᠎ᠠ ᠶᠣᠰᠣᠭᠠᠷ ᠪᠠᠶᠠᠨ ᠬᠤᠭᠤᠷ ᠬᠥᠭ᠌ᠵᠢᠮ᠎ᠤᠨ ᠬᠡᠯᠪᠡᠷᠢ ᠪᠠᠷ ᠨᠤᠭᠤᠯᠤᠨ᠎ᠠ ᠂ ᠬᠡᠮᠵᠢᠶ᠎ᠡ ᠨᠢ 19 × 27 ᠰᠠᠨᠲ᠋ᠢᠮᠧᠲ᠋ᠷ ᠂ ᠵᠢᠷᠤᠭ ᠳᠡᠭᠡᠷ᠎ᠡ ᠭᠠᠷᠤᠨ ᠦᠰᠦᠭ᠎ᠢ ᠭᠠᠳᠠᠨ᠎ᠠ ᠨᠢ ᠵᠢᠷᠤᠨ᠎ᠠ ᠂ ᠳᠡᠰ ᠳᠠᠷᠠᠭᠠᠯᠠᠯ᠎ᠢᠶᠠᠷ ᠨᠢᠭᠡ ᠬᠠᠭᠤᠳᠠᠰᠤ ᠨᠢᠭᠡ ᠨᠤᠮᠸᠷ ᠃
ᠬᠤᠷᠢᠶᠠᠩᠭᠤᠢᠯᠠᠨ ᠲᠤᠱᠢᠶᠠᠬᠤ ᠭᠠᠵᠠᠷ ᠱᠢᠨᠵᠢᠯᠡᠭᠡ᠎ᠶ᠋ᠢᠨ ᠮᠠᠲᠸᠷᠢᠶᠠᠯ ᠤᠨ ᠡᠯᠸᠺᠲᠷᠤᠨ ᠪᠢᠴᠢᠭ᠌ᠯᠡᠯᠳᠤ ᠠᠩᠬᠠᠷᠬᠤ ᠵᠦᠢᠯ᠄
① ᠬᠤᠷᠢᠶᠠᠩᠭᠤᠢᠯᠠᠨ ᠲᠤᠱᠢᠶᠠᠬᠤ ᠡᠯᠧᠺᠲᠷᠣᠨ ᠪᠢᠴᠢᠭ᠌ ᠬᠠᠷ᠎ᠠ᠎ᠨᠢ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠡᠯᠧᠺᠲᠷᠣᠨ ᠪᠢᠴᠢᠭ᠌ ᠬᠠᠷ᠎ᠠ᠎ᠨᠢ ᠬᠤᠷᠢᠶᠠᠩᠭᠤᠢᠯᠠᠨ ᠲᠤᠱᠢᠶᠠᠬᠤ ᠬᠡᠯᠪᠡᠷᠢ᠎ᠶ᠋ᠢᠨ ᠱᠠᠭᠠᠷᠳᠠᠯᠭ᠎ᠠ ᠳᠤ ᠨᠡᠢᠴᠡᠵᠦ᠍᠂ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠵᠤ ᠮᠡᠳᠡᠭᠡᠯᠡᠬᠦ᠌ ᠲᠠᠪᠠᠭ᠎ᠦᠨ ᠵᠥᠭᠡᠯᠡᠨ ᠲᠣᠨᠣᠭ (2025 ᠬᠡᠪᠯᠡᠯ)᠎ᠢ ᠨᠢᠭᠡᠳᠦᠯᠲᠡᠶ ᠬᠡᠷᠡᠭ᠌ᠯᠡᠬᠦ᠌ ᠬᠡᠷᠡᠭ᠌ᠲᠡᠶ;
② ᠡᠯᠧᠺᠲᠷᠣᠨ ᠪᠢᠴᠢᠭ᠌ᠯᠡᠯ᠎ᠤᠨ ᠠᠭᠤᠯᠭ᠎ᠠ᠎ᠨᠢ ᠬᠠᠷᠠᠭᠠᠯᠵᠠᠭ᠍ᠰᠠᠨ ᠴᠠᠭᠠᠰᠤᠨ ᠬᠡᠪᠯᠡᠯ᠎ᠦᠨ ᠮᠠᠲ᠋ᠧᠷᠢᠶᠠᠯ᠎ᠤᠨ ᠠᠭᠤᠯᠭ᠎ᠠ᠎ᠲᠠᠢ ᠨᠢᠭᠡᠳᠦᠯᠲᠡᠶ ᠪᠠᠢᠬᠤ ᠬᠡᠷᠡᠭ᠌ᠲᠡᠶ;
③ ᠡᠯᠧᠺᠲᠷᠣᠨ ᠪᠢᠴᠢᠭ᠌ᠯᠡᠯ᠎ᠤᠨ ᠠᠴᠢᠶᠠᠯᠠᠪᠤᠷᠢ᠎ᠨᠢ ᠱᠢᠯᠢᠳᠡᠭ ᠳᠠᠩ ᠬᠠᠢᠷᠴᠠᠭ᠎ᠲᠤ ᠬᠢᠵᠦ᠍ CD ᠪᠤᠶᠤ DVD ᠭᠡᠷᠡᠯᠯᠢᠭ ᠳ᠋ᠢᠰᠺ ;
④ ᠱᠢᠷᠪᠢᠭ᠌ᠰᠡᠨ ᠪᠢᠴᠢᠭ ᠬᠠᠷ᠎ᠠ᠎ᠨᠢ ᠲᠤᠳᠤᠷᠬᠠᠢ ᠪᠠᠢᠬᠤ ᠬᠡᠷᠡᠭ᠌ᠲᠡᠢ᠂ ᠬᠠᠭᠤᠳᠠᠰᠤᠨ᠎ᠳᠤ ᠬᠠᠷ᠎ᠠ ᠱᠤᠭᠤᠮ ᠦᠭᠡᠢ᠂ ᠱᠤᠤᠭᠢᠶᠠᠨ ᠴᠡᠭ ᠦᠭᠡᠢ᠂ ᠬᠡᠯᠪᠡᠢᠯᠭᠡᠬᠦ᠌ ᠦᠭᠡᠢ᠂ ᠵᠢᠷᠤᠭ ᠬᠠᠪᠴᠢᠭᠤᠯᠬᠤ ᠥᠩᠭᠡ᠂ ᠶᠡᠭᠡ ᠪᠠᠭ᠎ᠠ᠎ᠨᠢ ᠤᠤᠯ᠎ᠤᠨ ᠪᠢᠴᠢᠭ ᠮᠠᠲ᠋ᠧᠷᠢᠶᠠᠯ᠎ᠤᠨ ᠬᠠᠭᠤᠳᠠᠰᠤ ᠨᠢᠭᠤᠷ᠎ᠲᠠᠢ ᠠᠳᠠᠯᠢ ᠪᠠᠢᠬᠤ ᠬᠡᠷᠡᠭ᠌ᠲᠡᠢ;
⑤ ᠡᠯᠧᠺᠲᠷᠣᠨ ᠪᠢᠴᠢᠭ᠌ ᠬᠠᠷ᠎ᠠ ᠶ᠋ᠢ ᠳᠠᠩᠰᠠᠯᠠᠬᠤ ᠬᠦᠰᠦᠨᠦᠭ᠌ᠲᠦ᠂ ᠠᠴᠢᠶᠠᠯᠠᠪᠤᠷᠢ᠎ᠶ᠋ᠢᠨ ᠭᠠᠳᠠᠨᠠᠬᠢ ᠱᠣᠱᠢᠭ᠎ᠠ᠂ ᠪᠣᠳᠠᠲᠤ ᠪᠣᠳᠠᠰ᠎ᠤᠨ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠭᠠᠷᠴᠠᠭ᠎ᠤᠨ ᠨᠠᠷᠢᠨ ᠬᠠᠭᠤᠳᠠᠰᠤ᠂ ᠠᠩᠬᠠᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠪᠢᠴᠢᠭ ᠮᠠᠲ᠋ᠧᠷᠢᠶᠠᠯ᠎ᠤᠨ ᠭᠠᠷᠴᠠᠭ (ᠭᠠᠵᠠᠷ ᠱᠢᠨᠵᠢᠯᠡᠭᠡᠨ᠎ᠤ ᠳᠠᠩᠰᠠ ᠡᠪᠬᠡᠮᠡᠯ᠎ᠤᠨ ᠪᠢᠴᠢᠭ ᠬᠠᠷ᠎ᠠ ᠶ᠋ᠢᠨ ᠭᠠᠷᠴᠠᠭ)᠂ ᠨᠢᠭᠤᠴᠠ᠎ᠳᠤ ᠬᠤᠯᠪᠣᠭ᠍ᠳᠠᠭ᠍ᠰᠠᠨ ᠢᠯᠭᠠᠷᠠᠭᠤᠯᠤᠨ ᠳᠢᠭ᠌ᠯᠡᠬᠦ᠌ ᠳᠠᠩᠰᠠᠯᠠᠨ ᠲᠡᠮᠳᠡᠭ᠌ᠯᠡᠬᠦ᠌ ᠬᠦᠰᠦᠨᠦᠭ᠌ᠲᠦ᠂ ᠭᠠᠷᠴᠠᠭ᠎ᠤᠨ ᠳ᠋ᠠᠢᠲ᠋ᠠ ᠬᠥᠮᠥᠷᠭᠡ᠎ᠨᠢ ᠲᠤᠰ ᠲᠤᠰ ᠴᠠᠭᠠᠰᠤᠨ ᠵᠠᠭᠤᠴᠢ ᠶ᠋ᠢ ᠭᠠᠷᠭᠠᠨ ᠠᠪᠬᠤ ᠪᠦᠭᠡᠳ ᠴᠠᠪᠠᠤᠯᠢᠭ ᠲᠠᠮᠠᠭ᠎ᠠ ᠳᠠᠷᠤᠵᠤ᠂ ᠡᠯᠧᠺᠲᠷᠣᠨ ᠪᠢᠴᠢᠭ᠌ᠯᠡᠯ᠎ᠤᠨ ᠭᠡᠷᠡᠯᠯᠢᠭ ᠳ᠋ᠢᠰᠺ᠎ᠲᠠᠢ ᠵᠡᠷᠭᠡ ᠪᠡᠷ ᠨᠡᠢᠯᠡᠭᠦᠯᠦᠨ ᠬᠤᠷᠢᠶᠠᠩᠭᠤᠢ᠍ᠯᠠᠨ ᠲᠤᠱᠢᠶᠠᠨ᠎ᠠ;
⑥ ᠲᠸᠺᠰᠲ ᠳᠣᠲᠣᠷᠠᠬᠢ ᠪᠣᠢ ᠪᠦᠬᠦᠢ ᠲᠠᠮᠠᠭ᠎ᠠ ᠳᠠᠷᠤᠬᠤ ᠨᠢᠭᠤᠷ ᠤᠨ ᠥᠩᠭᠡᠲᠦ ᠱᠢᠷᠪᠢᠯᠲᠡ ᠶ᠋ᠢ ᠪᠠᠰᠠ ᠡᠯᠧᠺᠲᠷᠣᠨ ᠲᠸᠺᠰᠲ (ᠭᠤᠣᠯ ᠵᠣᠬᠢᠶᠠᠯ᠂ ᠳᠠᠭᠠᠯᠳᠤᠭᠤᠯᠤᠯ᠂ ᠬᠢᠨᠠᠨ ᠲᠣᠭ᠍ᠲᠠᠭᠠᠬᠤ ᠰᠠᠨᠠᠯ᠂ ᠪᠣᠳᠠᠲᠤ ᠪᠣᠳᠠᠰ᠂ ᠠᠩᠬᠠᠨ᠎ᠤ ᠭᠠᠷᠴᠠᠭ ᠵᠡᠷᠭᠡ᠎ᠶ᠋ᠢ ᠪᠠᠭ᠍ᠲᠠᠭᠠᠨ᠎ᠠ)᠎ᠲᠤ ᠬᠠᠪᠴᠢᠭᠤᠯᠤᠨ ᠣᠷᠣᠭᠤᠯᠤᠨ᠎ᠠ;
⑦ ᠵᠢᠷᠤᠭ᠎ᠤᠨ ᠳᠣᠲᠣᠷᠠᠬᠢ ᠬᠠᠪᠲᠠᠭᠠᠢ ᠶ᠋ᠢᠨ ᠵᠢᠷᠤᠭ᠎ᠤᠨ ᠲᠠᠩᠰᠠ ᠡᠪᠬᠡᠮᠡᠯ᠎ᠳᠤ ᠣᠷᠣᠭᠤᠯᠤᠭ᠍ᠰᠠᠨ ᠪᠢᠴᠢᠭ ᠬᠠᠷ᠎ᠠ ᠶ᠋ᠢ 300 ᠠᠴᠠ ᠳᠡᠭᠡᠭ᠌ᠰᠢ ᠴᠡᠭ ᠤᠨ ᠢᠯᠭᠠᠮᠵᠢ᠎ᠪᠠᠷ ᠱᠢᠷᠪᠢᠵᠦ᠍᠂ ᠡᠬᠡ ᠪᠢᠴᠢᠭ ᠬᠠᠷ᠎ᠠ ᠪᠠᠨ ᠦᠯᠡᠳᠡᠭᠡᠨ᠎ᠡ᠃
ᠲᠠᠪᠤ᠂ ᠬᠤᠷᠢᠶᠠᠩᠭᠤᠢᠯᠠᠨ ᠲᠤᠱᠢᠶᠠᠬᠤ ᠵᠠᠭ᠍ᠪᠤᠷ ᠵᠢᠴᠢ ᠦᠯᠢᠭᠡᠷ ᠵᠢᠱ᠌ᠢᠶ᠎ᠡ
ᠬᠤᠷᠢᠶᠠᠩᠭᠤᠢ᠍ᠯᠠᠨ ᠲᠤᠱᠢᠶᠠᠭ᠍ᠴᠢ᠎ᠶ᠋ᠢᠨ ᠠᠯᠬᠤᠮ᠎ᠢ ᠰᠠᠢᠨ ᠮᠡᠳᠡᠬᠦ᠌ ᠦᠭᠡᠢ ᠪᠠᠢᠳᠠᠯ ᠳᠤ ᠴᠢᠭ᠌ᠯᠡᠭᠦᠯᠵᠦ᠍᠂ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠣᠷᠳᠣᠨ᠎ᠨᠢ ᠬᠤᠷᠢᠶᠠᠩᠭᠤᠢᠯᠠᠨ ᠲᠤᠱᠢᠶᠠᠬᠤ QQ ᠬᠤᠯᠪᠤᠭ᠎ᠠ᠎ᠶᠢ ᠬᠠᠩᠭᠠᠨ ᠪᠠᠭᠤᠯᠭᠠᠵᠤ ᠪᠠᠢᠨ᠎ᠠ᠂ ᠭᠤᠤᠯ ᠠᠭᠤᠯᠭ᠎ᠠ᠎ᠳᠤ᠄
① ᠡᠯᠧᠺᠲᠷᠣᠨ ᠪᠢᠴᠢᠭ ᠬᠠᠷ᠎ᠠ ᠶ᠋ᠢ ᠬᠤᠷᠢᠶᠠᠩᠭᠤᠢᠯᠠᠨ ᠲᠤᠱᠢᠶᠠᠬᠤ ᠬᠡᠯᠪᠡᠷᠢ᠎ᠶ᠋ᠢᠨ ᠵᠢᠱ᠌ᠢᠶ᠎ᠡ;
② ᠪᠣᠳᠠᠲᠤ ᠪᠣᠳᠠᠰ ᠪᠠ ᠠᠩᠬᠠᠨ᠎ᠤ ᠭᠠᠵᠠᠷ ᠱᠢᠨᠵᠢᠯᠡᠭᠡᠨ᠎ᠤ ᠮᠠᠲ᠋ᠧᠷᠢᠶᠠᠯ ᠤᠨ ᠡᠪᠬᠡᠮᠡᠯᠯᠡᠬᠦ᠌ ᠳᠦᠷᠢᠮ;
③ 《ᠨᠢᠭᠤᠴᠠ᠎ᠳᠤ ᠬᠤᠯᠪᠣᠭ᠍ᠳᠠᠬᠤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠬᠠᠮᠢᠶᠠᠷᠤᠯᠲᠠ᠎ᠶ᠋ᠢᠨ ᠨᠠᠷᠢᠨ ᠳᠦᠷᠢᠮ》 ᠵᠢᠴᠢ ᠠᠩᠬᠠᠷᠬᠤ ᠵᠦᠢᠯ;
④ ᠱᠢᠩᠭᠡᠭᠡᠬᠦ᠌ ᠬᠡᠯᠪᠡᠷᠢ᠎ᠶ᠋ᠢᠨ ᠬᠦᠰᠦᠨᠦᠭ᠎ᠲᠤ ᠲᠣᠳᠣᠷᠬᠠᠢᠯᠠᠯ ᠵᠢᠴᠢ ᠠᠭᠤᠯᠭ᠎ᠠ᠎ᠶ᠋ᠢᠨ ᠲᠣᠪᠴᠢᠯᠠᠯ᠎ᠤᠨ ᠦᠯᠢᠭᠡᠷ ᠵᠢᠱᠢᠶ᠎ᠡ ;
⑤ ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠢ ᠬᠤᠷᠢᠶᠠᠩᠭᠤᠢᠯᠠᠨ ᠲᠤᠱᠢᠶᠠᠵᠤ ᠮᠡᠳᠡᠭᠦᠯᠬᠦ᠌ ᠲᠠᠪᠠᠭ᠎ᠤᠨ ᠵᠥᠭᠡᠯᠡᠨ ᠲᠣᠨᠣᠭ (2025 ᠣᠨ);
⑥ mapgis6.7 ᠵᠢᠷᠤᠭ᠎ᠤᠨ jpg ᠨᠢᠭᠤᠷ᠎ᠤᠨ ᠳᠦᠭᠦᠷᠭᠡᠬᠦ ᠴᠢᠭ᠌ᠯᠡᠯ᠎ᠢ ᠲᠤᠩᠭᠤᠷᠠᠭᠤᠯᠬᠤ ᠪᠠ ᠳᠣᠲᠣᠭᠠᠳᠤ ᠬᠠᠳᠠᠭᠠᠯᠠᠭᠤᠷ ᠬᠦᠷᠦᠯᠴᠡᠬᠦ᠌ ᠦᠭᠡᠢ ᠠᠰᠠᠭᠤᠳᠠᠯ᠎ᠢ᠋ ᠱᠢᠢᠳᠪᠦᠷᠢᠯᠡᠨ᠎ᠡ᠃
ᠵᠢᠷᠭᠤᠭ᠎ᠠ᠂ ᠬᠠᠷᠢᠯᠴᠠᠬᠤ ᠠᠷᠭ᠎ᠠ ᠬᠡᠯᠪᠡᠷᠢ
ᠬᠠᠷᠢᠯᠴᠠᠬᠤ ᠤᠲᠠᠰᠤ᠄ 0471 - 4215580᠂ 0471 - 4216408;
ᠥᠪᠥᠷ ᠮᠣᠩᠭᠤᠯ᠎ᠤᠨ ᠭᠠᠵᠠᠷ ᠱᠢᠨᠵᠢᠯᠡᠭᠡᠨ᠎ᠤ ᠮᠠᠲ᠋ᠧᠷᠢᠶᠠᠯ ᠬᠤᠷᠢᠶᠠᠩᠭᠤᠢᠯᠠᠨ ᠲᠤᠱᠢᠶᠠᠬᠤ QQ ᠬᠤᠯᠪᠤᠭ᠎ᠠ᠄ 298692463;
ᠭᠠᠵᠠᠷ ᠱᠢᠨᠵᠢᠯᠡᠭᠡᠨ᠎ᠤ ᠮᠠᠲ᠋ᠧᠷᠢᠶᠠᠯ᠎ᠤᠨ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠦᠢᠯᠡᠴᠢᠯᠡᠭᠡᠨ᠎ᠤ ᠱᠢᠰᠲ᠋ᠧᠮ᠎ᠤᠨ ᠬᠠᠶᠢᠭ᠄ https://dzzl.ngac.cn/