ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
ᠥᠪᠥᠷ ᠮᠣᠩᠭᠣᠯ᠎ᠦᠨ ᠬᠣᠶᠠᠷ ᠬᠣᠲᠠ ᠨᠢ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠬᠦ ᠬᠣᠲᠠ᠎ᠪᠠᠷ ᠦᠨᠡᠯᠡᠭᠳᠡᠪᠡ
ᠨᠡᠶ᠋ᠢᠲᠡᠯᠡᠭᠰᠡᠨ ᠴᠠᠭ᠄ 2025-10-30

ᠣᠢᠷ᠎ᠠ᠎ᠳᠤ᠂ ᠲᠥᠪ᠎ᠦᠨ ᠪᠥᠬᠥ ᠲᠠᠯ᠎ᠠ᠎ᠪᠠᠷ ᠬᠠᠤᠯᠢ᠎ᠪᠠᠷ ᠤᠯᠤᠰ᠎ᠢᠶᠠᠨ ᠵᠠᠰᠠᠬᠤ ᠵᠥᠪᠯᠡᠯ᠎ᠦᠨ ᠠᠯᠪᠠᠨ ᠭᠡᠷ ᠭᠤᠷᠪᠠᠳᠤᠭᠠᠷ ᠪᠦᠯᠦᠭ᠎ᠦᠨ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠬᠦ ᠭᠠᠵᠠᠷ ᠣᠷᠣᠨ ᠪᠠ ᠲᠥᠷᠥᠯ ᠵᠦᠢᠯ᠎ᠦᠨ ᠨᠡᠷᠡᠰ᠎ᠢ ᠨᠡᠢᠲᠡᠯᠡᠪᠡ᠂ ᠮᠠᠨ᠎ᠤ ᠣᠷᠣᠨ᠎ᠤ ᠬᠥᠬᠡᠬᠣᠲᠠ᠂ ᠣᠷᠳᠣᠰ ᠬᠣᠲᠠ ᠨᠢ ᠲᠣᠰ ᠨᠡᠷᠡᠰ᠎ᠦᠨ ᠵᠢᠭ᠍ᠰᠠᠭᠠᠯᠲᠠ᠎ᠳᠤ ᠪᠦᠷᠢᠳᠬᠡᠭᠳᠡᠵᠦ᠂ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠬᠦ ᠬᠣᠲᠠ᠎ᠪᠠᠷ ᠦᠨᠡᠯᠡᠭᠳᠡᠪᠡ᠃

ᠲᠠᠨᠢᠯᠴᠠᠭᠤᠯᠤᠭᠰᠠᠨ᠎ᠢᠶᠠᠷ᠂ ᠰᠢ᠎ᠵᠢᠨ᠎ᠫᠢᠩ᠎ᠤᠨ ᠬᠠᠤᠯᠢ᠎ᠪᠠᠷ ᠵᠠᠰᠠᠬᠤ ᠦᠵᠡᠯ ᠰᠠᠨᠠᠭ᠎ᠠ᠎ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢ ᠲᠠᠰᠤᠷᠠᠯᠲᠠ ᠦᠭᠡᠢ ᠭᠦᠨᠵᠡᠭᠡᠢᠷᠡᠭᠦᠯᠦᠨ ᠠᠬᠢᠭᠤᠯᠵᠤ᠂ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠲᠠᠯ᠎ᠠ᠎ᠪᠠᠷ ᠤᠷᠢᠳ᠎ᠢᠶᠠᠷ ᠰᠢᠪᠲᠤᠯᠤᠯᠲᠠ ᠭᠠᠷᠭᠠᠬᠤ᠎ᠶᠢ ᠲᠦᠷᠭᠡᠳᠬᠡᠨ ᠪᠡᠶᠡᠯᠡᠭᠦᠯᠬᠦ᠎ᠶᠢᠨ ᠲᠥᠯᠥᠭᠡ᠂ 2019 ᠣᠨ᠎ᠠᠴᠠ ᠡᠬᠢᠯᠡᠨ᠂ ᠲᠥᠪ᠎ᠦᠨ ᠬᠠᠤᠯᠢ᠎ᠪᠠᠷ ᠤᠯᠤᠰ᠎ᠢᠶᠠᠨ ᠵᠠᠰᠠᠬᠤ ᠠᠯᠪᠠᠨ ᠭᠡᠷ ᠨᠢ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠵᠦ ᠡᠭᠦᠳᠦᠨ ᠪᠠᠶ᠋ᠢᠭᠤᠯᠬᠤ ᠠᠵᠢᠯᠯᠠᠭ᠎ᠠ᠎ᠶᠢ ᠬᠣᠶᠠᠷ ᠵᠢᠯ ᠪᠣᠯᠭᠠᠨ᠎ᠳᠤ ᠨᠢᠭᠡ ᠤᠳᠠᠭ᠎ᠠ ᠵᠣᠬᠢᠶᠠᠨ ᠪᠠᠢᠭᠤᠯᠤᠨ ᠥᠷᠨᠢᠭᠦᠯᠵᠦ ᠪᠠᠢᠨ᠎ᠠ᠃ 2023 ᠣᠨ᠎ᠤ 5 ᠳ᠋ᠤᠭᠠᠷ ᠰᠠᠷ᠎ᠠ᠎ᠳᠤ᠂ ᠲᠥᠪ᠎ᠦᠨ ᠬᠠᠤᠯᠢ᠎ᠪᠠᠷ ᠤᠯᠤᠰ᠎ᠢᠶᠠᠨ ᠵᠠᠰᠠᠬᠤ ᠠᠯᠪᠠᠨ ᠭᠡᠷ ᠭᠤᠷᠪᠠᠳᠤᠭᠠᠷ ᠪᠦᠯᠦᠭ᠎ᠦᠨ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠦᠨ ᠡᠭᠦᠳᠦᠨ ᠪᠠᠶ᠋ᠢᠭᠤᠯᠬᠤ ᠠᠵᠢᠯᠯᠠᠭ᠎ᠠ᠎ᠶᠢ ᠡᠬᠢᠯᠡᠭᠦᠯᠪᠡ᠃ 《ᠭᠤᠷᠪᠠᠳᠤᠭᠠᠷ ᠪᠦᠯᠦᠭ᠎ᠦᠨ ᠪᠥᠬᠥ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠵᠦ ᠡᠭᠦᠳᠦᠨ ᠪᠠᠶ᠋ᠢᠭᠤᠯᠬᠤ ᠠᠵᠢᠯᠯᠠᠭ᠎ᠠ᠎ᠶᠢ ᠥᠷᠨᠢᠭᠦᠯᠬᠦ ᠲᠤᠬᠠᠢ ᠬᠡᠷᠡᠭᠵᠢᠭᠦᠯᠬᠦ ᠲᠥᠰᠥᠯ》 ᠪᠠ 《ᠬᠣᠲᠠ ᠰᠢᠶᠠᠨ᠎ᠤ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠬᠦ ᠭᠦᠢᠴᠡᠳᠬᠡᠯ ᠲᠣᠭ᠎ᠠ᠎ᠶᠢᠨ ᠳᠣᠭᠲᠠᠯᠴᠠᠭ᠎ᠠ》 (2023 ᠣᠨ᠎ᠤ ᠬᠡᠪᠯᠡᠯ)᠎ᠶᠢ ᠦᠨᠳᠦᠰᠦᠯᠡᠨ᠂ ᠪᠤᠰᠤᠳᠴᠢ ᠪᠥᠭᠡᠳ ᠲᠥᠪ ᠭᠣᠣᠯᠴᠢ᠂ ᠢᠯᠡ ᠲᠣᠳᠣ᠌᠂ ᠪᠣᠳᠠᠲᠤ ᠦᠷ᠎ᠡ ᠪᠦᠲᠦᠮᠵᠢ᠎ᠶᠢ ᠡᠷᠬᠢᠮᠯᠡᠬᠦ᠂ ᠦᠨᠳᠦᠰᠦᠨ ᠱᠠᠲᠤᠨ᠎ᠤ ᠳᠠᠷᠤᠭᠠᠰᠤ᠎ᠶᠢ ᠬᠥᠩᠭᠡᠷᠡᠭᠦᠯᠬᠦ ᠵᠠᠷᠴᠢᠮ ᠶᠣᠰᠣᠭᠠᠷ᠂ ᠰᠠᠢᠨ ᠳᠤᠷ᠎ᠠ᠎ᠠᠴᠠ᠎ᠪᠠᠨ ᠮᠡᠳᠡᠭᠦᠯᠬᠦ᠂ ᠮᠤᠵᠢ᠎ᠶᠢᠨ ᠱᠠᠲᠤᠨ᠎ᠳᠦ ᠠᠩᠬ᠎ᠠ ᠬᠢᠨᠠᠬᠤ᠂ ᠭᠤᠷᠪᠠᠳᠠᠭᠢ ᠡᠲᠡᠭᠡᠳ ᠦᠨᠡᠯᠡᠨ ᠵᠢᠱ᠌ᠢᠬᠦ᠂ ᠠᠷᠠᠳ ᠤᠯᠠᠨ᠎ᠤ ᠬᠠᠨᠤᠮᠵᠢ᠎ᠶᠢᠨ ᠬᠡᠮᠵᠢᠶ᠎ᠡ᠎ᠶᠢ ᠰᠢᠯᠭᠠᠨ ᠦᠨᠡᠯᠡᠬᠦ᠂ ᠨᠡᠢᠭᠡᠮ ᠨᠡᠶ᠋ᠢᠲᠡ᠎ᠳᠦ ᠵᠠᠷᠯᠠᠨ ᠨᠡᠢᠲᠡᠯᠡᠬᠦ ᠵᠡᠷᠭᠡ ᠴᠤᠪᠤᠷᠠᠯ᠎ᠢᠶᠠᠷ ᠳᠠᠮᠵᠢᠭᠤᠯᠤᠨ᠂ ᠲᠥᠪ᠎ᠦᠨ ᠬᠠᠤᠯᠢ᠎ᠪᠠᠷ ᠤᠯᠤᠰ᠎ᠢᠶᠠᠨ ᠵᠠᠰᠠᠬᠤ ᠵᠥᠪᠯᠡᠯ᠎ᠳᠦ ᠮᠡᠳᠡᠭᠦᠯᠦᠨ ᠵᠥᠪᠰᠢᠶᠡᠷᠡᠭᠦᠯᠦᠭᠡᠳ᠂ ᠭᠤᠷᠪᠠᠳᠤᠭᠠᠷ ᠪᠦᠯᠦᠭ᠎ᠦᠨ ᠪᠦᠬᠦ ᠤᠯᠤᠰ᠎ᠤᠨ ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠦᠲᠦᠭᠡᠨ ᠪᠠᠢᠭᠤᠯᠤᠯᠲᠠ᠎ᠶᠢᠨ ᠵᠢᠱ᠌ᠢᠶ᠎ᠡ ᠦᠵᠡᠭᠦᠯᠬᠦ ᠭᠠᠵᠠᠷ ᠣᠷᠣᠨ ᠪᠠ ᠲᠥᠷᠥᠯ ᠵᠦᠢᠯ᠎ᠢ ᠨᠡᠷᠡᠢᠳᠬᠦ᠎ᠪᠡᠷ ᠲᠣᠭᠲᠠᠪᠠ᠃ 

 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ