ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
ᠥᠪᠥᠷ ᠮᠣᠩᠭᠣᠯ᠎ᠤᠨ ᠠᠭᠤᠷᠬᠠᠢ᠎ᠶᠢᠨ ᠠᠶᠤᠯ ᠦᠭᠡᠢ ᠦᠢᠯᠡᠳᠪᠦᠷᠢᠯᠡᠯ 《ᠰᠠᠨᠠᠭᠠᠴᠢᠯᠠᠭᠠᠲᠤ ᠪᠤᠰᠤ ᠰᠡᠷᠭᠡᠢᠯᠡᠯᠲᠡ》᠎ᠡᠴᠡ 《ᠦᠨᠳᠦᠰᠦ᠎ᠡᠴᠡ ᠨᠢ ᠰᠠᠨᠠᠭᠠᠴᠢᠯᠠᠭ᠎ᠠ ᠲᠠᠢ ᠵᠠᠰᠠᠬᠤ》 ᠪᠣᠯᠪᠠ
ᠨᠡᠶ᠋ᠢᠲᠡᠯᠡᠭᠰᠡᠨ ᠴᠠᠭ᠄ 2025-12-01

11 ᠳ᠋ᠦ᠍ᠭᠡᠷ ᠰᠠᠷ᠎ᠠ᠎ᠶᠢᠨ 30᠎ᠤ ᠡᠳᠦᠷ᠂ ᠰᠤᠷᠪᠤᠯᠵᠢᠯᠠᠭ᠍ᠴᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠭᠤᠷᠬᠠᠢ᠎ᠶᠢᠨ ᠠᠮᠤᠷ ᠲᠦᠪᠰᠢᠨ᠎ᠦ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠪᠥᠬᠥ ᠣᠷᠣᠨ᠎ᠤ ᠠᠭᠤᠷᠬᠠᠢ᠎ᠶᠢᠨ ᠠᠶᠤᠯ ᠦᠭᠡᠢ ᠦᠢᠯᠡᠳᠪᠦᠷᠢᠯᠡᠯ᠎ᠦᠨ ᠦᠨᠳᠦᠰᠦ᠎ᠡᠴᠡ ᠨᠢ  ᠪᠣᠭᠣᠮᠲᠠ ᠰᠢᠪᠲᠤᠯᠬᠤ ᠭᠤᠷᠪᠠᠨ ᠵᠢᠯ᠎ᠦᠨ ᠠᠵᠢᠯᠯᠠᠭᠠᠨ ᠵᠠᠩᠭᠢᠯᠠᠭ᠎ᠠ᠎ᠶᠢᠨ ᠱᠠᠲᠤᠨ᠎ᠳᠤ ᠣᠷᠣᠬᠤ᠎ᠶᠢ ᠳᠠᠭᠠᠯᠳᠤᠨ᠂ ᠥᠪᠥᠷ ᠮᠣᠩᠭᠣᠯ᠎ᠤᠨ ᠠᠭᠤᠷᠬᠠᠢ᠎ᠶᠢᠨ ᠠᠮᠤᠷ ᠲᠦᠪᠰᠢᠨ᠎ᠦ ᠵᠠᠰᠠᠯᠲᠠ᠎ᠶᠢᠨ ᠲᠣᠭᠲᠠᠯᠴᠠᠭ᠎ᠠ᠎ᠳᠤ 《ᠰᠠᠨᠠᠭᠠᠴᠢᠯᠠᠭᠠᠲᠤ ᠪᠤᠰᠤ ᠰᠡᠷᠭᠡᠢᠯᠡᠯᠲᠡ》᠎ᠠᠴᠠ 《ᠦᠨᠳᠦᠰᠦ᠎ᠡᠴᠡ ᠨᠢ ᠰᠠᠨᠠᠭᠠᠴᠢᠯᠠᠭ᠎ᠠ ᠲᠠᠢ ᠵᠠᠰᠠᠬᠤ》 ᠲᠡᠢᠰᠢ᠂ 《ᠬᠥᠮᠥᠨ᠎ᠦ ᠬᠦᠴᠦ᠎ᠪᠡᠷ ᠰᠡᠷᠭᠡᠢᠯᠡᠬᠦ᠎ᠪᠡᠷ ᠭᠣᠣᠯ ᠪᠣᠯᠭᠠᠵᠤ ᠪᠠᠢᠭ᠍ᠰᠠᠨ》᠎ᠠᠴᠠ 《ᠮᠡᠷᠭᠡᠵᠢᠯ᠎ᠢᠶᠡᠷ ᠰᠡᠷᠭᠡᠢᠯᠡᠬᠦ᠎ᠪᠡᠷ ᠬᠥᠲᠥᠯᠥᠨ ᠳᠠᠭᠠᠭᠤᠯᠬᠤ》 ᠬᠦᠷᠲᠡᠯᠡᠬᠢ ᠰᠢᠰᠲᠧᠮᠲᠦ ᠴᠢᠨᠠᠷᠲᠠᠢ ᠲᠠᠰ ᠳᠡᠪᠰᠢᠬᠦ᠎ᠶᠢ ᠠᠯᠬᠤᠮ ᠠᠯᠬᠤᠮ᠎ᠢᠶᠠᠷ ᠪᠡᠶᠡᠯᠡᠭᠦᠯᠵᠦ᠂ 《ᠮᠥᠨ ᠴᠢᠨᠠᠷ᠎ᠠᠴᠠ᠎ᠪᠠᠨ ᠠᠮᠤᠷ ᠲᠦᠪᠰᠢᠨ》᠎ᠳᠤ ᠴᠢᠭᠯᠡᠭᠰᠡᠨ ᠦᠢᠯᠡᠳᠦᠯᠭᠡ᠎ᠶᠢᠨ ᠠᠷᠭ᠎ᠠ ᠵᠠᠮ ᠡᠳᠦᠷ ᠢᠷᠡᠬᠦᠶ᠎ᠡ ᠲᠣᠳᠣᠷᠠᠪᠠ᠃ 

ᠦᠨᠳᠦᠰᠦ᠎ᠡᠴᠡ ᠨᠢ ᠵᠠᠰᠠᠵᠤ ᠪᠣᠭᠣᠮᠲᠠ ᠰᠢᠪᠲᠤᠯᠬᠤ᠎ᠳᠤ ᠡᠩ ᠲᠡᠷᠢᠭᠦᠨ᠎ᠡ ᠭᠡᠮ ᠰᠣᠭᠣᠭ᠎ᠢ ᠠᠷᠢᠯᠭᠠᠬᠤ᠎ᠳᠤ ᠨᠢ ᠪᠤᠢ᠃ ᠥᠪᠥᠷ ᠮᠣᠩᠭᠣᠯ ᠬᠦᠨᠳᠦ ᠶᠡᠬᠡ ᠡᠨᠳᠡᠯ᠎ᠦᠨ ᠭᠡᠮ ᠰᠣᠭᠣᠭ᠎ᠢ 《ᠬᠥᠳᠡᠯᠦᠩᠭᠦᠢ᠎ᠪᠡᠷ ᠠᠷᠢᠯᠭᠠᠬᠤ》 ᠣᠷᠳᠣ᠌ ᠬᠤᠭᠤᠴᠠᠭᠠᠨ᠎ᠤ ᠪᠦᠲᠦᠮᠵᠢᠲᠡᠶ ᠲᠣᠭᠲᠠᠴᠠ᠎ᠶᠢ ᠬᠦᠴᠦᠯᠡᠨ ᠪᠠᠢᠭᠤᠯᠵᠤ᠂ 《ᠬᠦᠨᠳᠦ ᠶᠡᠬᠡ ᠡᠨᠳᠡᠯ᠎ᠦᠨ ᠭᠡᠮ ᠰᠣᠭᠣᠭ᠎ᠢ ᠨᠡᠷ᠎ᠡ ᠵᠢᠭᠠᠵᠤ ᠰᠢᠮᠳᠠᠭᠤᠯᠤᠨ ᠠᠷᠢᠯᠭᠠᠬᠤ ᠪᠠ ᠴᠡᠭᠴᠡᠯᠡᠨ ᠰᠠᠢᠵᠢᠷᠠᠭᠤᠯᠵᠤ ᠳᠠᠩᠰᠠᠨ᠎ᠠᠴᠠ ᠬᠠᠰᠤᠬᠤ ᠬᠠᠮᠢᠶᠠᠷᠤᠯᠲᠠ᠎ᠶᠢᠨ ᠠᠷᠭ᠎ᠠ》᠎ᠶᠢ ᠂ ᠪᠥᠬᠥ ᠣᠷᠣᠨ᠎ᠤ ᠠᠭᠤᠷᠬᠠᠢ᠎ᠶᠢᠨ ᠬᠦᠨᠳᠦ ᠶᠡᠬᠡ ᠡᠨᠳᠡᠯ᠎ᠦᠨ ᠭᠡᠮ ᠰᠣᠭᠣᠭ᠎ᠢ ᠪᠦᠭᠦᠳᠡ ᠬᠤᠷᠢᠶᠠᠩᠭᠤᠢᠯᠠᠬᠤ᠂ ᠡᠬᠡ ᠲᠠᠩᠰᠠ᠎ᠪᠠᠷ ᠬᠠᠮᠢᠶᠠᠷᠬᠤ᠂ ᠪᠢᠲᠡᠭᠦᠦ ᠴᠠᠭᠠᠷᠢᠭ᠋᠎ᠢᠶᠠᠷ ᠮᠥᠷᠳᠡᠬᠦ᠎ᠶᠢ ᠬᠡᠷᠡᠭᠵᠢᠭᠦᠯᠵᠡᠢ᠃ 2024 ᠣᠨ᠎ᠳᠦ ᠡᠨᠡ ᠬᠦ᠌ ᠠᠵᠢᠯᠯᠠᠭᠠᠨ᠎ᠢ ᠥᠷᠨᠢᠭᠦᠯᠦᠭᠰᠡᠨ᠎ᠡᠴᠡ ᠨᠠᠭᠠᠰᠢ᠂ ᠠᠵᠤ ᠠᠬᠤᠢᠯᠠᠯ ᠬᠢᠭᠡᠳ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠦᠨ ᠬᠢᠨ ᠬᠦᠨᠳᠦ ᠶᠡᠬᠡ ᠡᠨᠳᠡᠯ᠎ᠦᠨ ᠭᠡᠮ ᠰᠣᠭᠣᠭ᠎ᠢ ᠨᠡᠢ᠍ᠢᠳᠡ 1400 ᠭᠠᠷᠤᠢ ᠢᠯᠡᠷᠡᠭᠦᠯᠵᠦ᠂ ᠡᠯ᠎ᠡ ᠲᠦᠷᠦᠯ᠎ᠦᠨ ᠠᠰᠠᠭᠤᠳᠠᠯ ᠲᠠᠢ 7.3 ᠲᠦᠮᠡ ᠭᠠᠷᠤᠢ ᠭᠡᠮ ᠰᠣᠭᠣᠭ᠎ᠢ ᠪᠠᠢᠩᠭᠤ ᠲᠤᠰᠬᠠᠢ ᠴᠡᠭᠴᠡᠯᠡᠨ ᠰᠠᠢᠵᠢᠷᠠᠭᠤᠯᠵᠤ ᠪᠠᠢᠴᠠᠭᠠᠨ ᠰᠢᠢᠳᠪᠦᠷᠢᠯᠡᠵᠦ᠂ ᠡᠨᠳᠡᠯ᠎ᠦᠨ ᠠᠶᠤᠯ ᠲᠦᠭᠰᠢᠭᠦᠷᠢ᠎ᠶᠢ ᠪᠦᠲᠦᠮᠵᠢᠲᠡᠢ ᠬᠠᠮᠢᠶᠠᠷᠤᠨ ᠡᠵᠡᠮᠳᠡᠪᠡ᠃ ᠡᠭᠦᠨ᠎ᠦ ᠬᠠᠮᠲᠤ᠂ 945 ᠠᠭᠤᠷᠬᠠᠢ᠎ᠶᠢᠨ ᠠᠵᠤ ᠠᠬᠤᠢᠯᠠᠯ᠎ᠢ ᠱᠠᠭᠠᠷᠳᠠᠵᠤ ᠡ᠊ᠨᠳᠡᠯ᠎ᠦᠨ ᠭᠡᠮ ᠰᠣᠭᠣᠭ᠎ᠢ ᠳᠣᠲᠣᠭᠠᠳᠤ᠎ᠳᠤ᠎ᠪᠠᠨ ᠮᠡᠳᠡᠭᠦᠯᠪᠡᠯ ᠱᠠᠩᠨᠠᠨ ᠬᠥᠬᠢᠭᠦᠯᠬᠦ ᠲᠣᠭᠲᠠᠴᠠ᠎ᠶᠢ ᠪᠠᠢᠭᠤᠯᠵᠤ᠂ ᠠᠭᠤᠷᠬᠠᠢ᠎ᠶᠢᠨ ᠠᠵᠤ ᠠᠬᠤᠢᠯᠠᠯ᠎ᠤᠨ ᠳᠣᠲᠣᠭᠠᠳᠤ᠎ᠶᠢᠨ ᠠᠵᠢᠯᠲᠠᠨ ᠠᠵᠢᠯᠴᠢᠨ᠎ᠤ ᠮᠡᠳᠡᠭᠦᠯᠦᠭᠰᠡᠨ ᠭᠡᠮ ᠰᠣᠭᠣᠭ 2.4 ᠲᠦᠮᠡ ᠭᠠᠷᠤᠢ ᠵᠤᠷᠪᠤᠰ᠎ᠲᠤ ᠬᠦᠷᠴᠦ᠂ ᠠᠵᠤ ᠠᠬᠤᠢᠯᠠᠯ ᠨᠢ 175 ᠲᠦᠮᠡ ᠭᠠᠷᠤᠢ ᠲᠥᠭᠥᠷᠢᠭ᠎ᠦᠨ ᠱᠠᠩᠨᠠᠯ ᠂ ᠭᠡᠮ ᠰᠣᠭᠣᠭ᠎ᠢ 《ᠳᠣᠲᠣᠭᠠᠳᠤ᠎ᠳᠤ᠎ᠪᠠᠨ ᠮᠡᠳᠡᠭᠦᠯᠬᠦ᠂ ᠳᠣᠲᠣᠭᠠᠳᠤ᠎ᠳᠤ᠎ᠪᠠᠨ ᠰᠢᠢᠳᠪᠦᠷᠢᠯᠡᠬᠦ᠂ ᠳᠣᠲᠣᠭᠠᠳᠤ᠎ᠳᠤ᠎ᠪᠠᠨ ᠦᠷ᠎ᠡ ᠳ᠋ᠦᠩ ᠭᠠᠷᠭᠠᠬᠤ》᠎ᠶᠢ ᠪᠡᠶᠡᠯᠡᠭᠦᠯᠪᠡ᠃ 

ᠰᠢᠨᠵᠢᠯᠡᠬᠦ ᠤᠬᠠᠭᠠᠨ ᠲᠸᠭ᠌ᠨᠢᠭ᠌ ᠮᠡᠷᠭᠡᠵᠢᠯ᠎ᠢᠶᠠᠷ ᠠᠮᠤᠷ ᠲᠦᠪᠰᠢᠨ᠎ᠢ ᠪᠠᠲᠤᠯᠠᠬᠤ ᠪᠣᠯ ᠡᠨᠡ ᠬᠦ᠌ ᠤᠳᠠᠭᠠᠨ᠎ᠤ ᠪᠣᠭᠣᠮᠲᠠ ᠰᠢᠪᠲᠤᠯᠬᠤ ᠠᠵᠢᠯᠯᠠᠭᠠᠨ᠎ᠤ ᠢᠯᠡ ᠲᠣᠳᠣ᠌ ᠤᠳᠤᠷᠢᠳᠤᠮᠵᠢ ᠪᠣᠯᠣᠨ᠎ᠠ᠃ ᠥᠪᠥᠷ ᠮᠣᠩᠭᠣᠯ᠎ᠤᠨ ᠣᠯᠠᠩᠬᠢ ᠠᠭᠤᠷᠬᠠᠢ᠎ᠳᠠᠬᠢ ᠠᠶᠤᠯ ᠲᠦᠭᠰᠢᠭᠦᠷᠢ ᠶᠡᠬᠡᠲᠡᠢ ᠤᠯᠠᠮᠵᠢᠯᠠᠯᠲᠤ ᠠᠵᠢᠯᠯᠠᠭᠠᠨ᠎ᠤ ᠪᠠᠢᠳᠠᠯ᠎ᠢ ᠣᠶᠤᠨᠴᠢᠯᠠᠭᠰᠠᠨ ᠮᠡᠷᠭᠡᠵᠢᠯ᠎ᠢᠶᠡᠷ ᠪᠦᠬᠦ ᠲᠠᠯ᠎ᠠ᠎ᠪᠠᠷ ᠳᠠᠬᠢᠨ ᠴᠣᠭᠴᠠᠯᠠᠵᠤ ᠪᠤᠢ᠃ 11 ᠳ᠋ᠦ᠍ᠭᠡᠷ ᠰᠠᠷ᠎ᠠ᠎ᠶᠢᠨ ᠰᠡᠭᠦᠯᠴᠢ ᠪᠣᠯᠲᠠᠯ᠎ᠠ᠂ ᠠᠭᠤᠷᠬᠠᠢ᠎ᠶᠢᠨ ᠬᠤᠳᠳᠤᠭ᠎ᠲᠤ᠂ ᠣᠶᠤᠨᠴᠢ᠎ᠪᠠᠷ ᠮᠠᠯᠲᠠᠬᠤ ᠠᠵᠢᠯ᠎ᠤᠨ 301 ᠳᠠᠯᠠᠪᠠᠢ᠎ᠳᠤ ᠬᠥᠮᠥᠨ᠎ᠦ ᠬᠦᠴᠦ᠎ᠪᠡᠷ ᠠᠵᠢᠯᠯᠠᠬᠤ ᠲᠦᠭᠰᠢᠭᠦᠷᠢ᠎ᠶᠢ ᠪᠦᠲᠦᠮᠵᠢᠲᠡᠶ ᠪᠠᠭᠠᠰᠬᠠᠪᠠ; ᠠᠭᠤᠷᠬᠠᠢ᠎ᠶᠢᠨ ᠭᠠᠳᠠᠷᠭᠤ᠎ᠳᠤ᠂ ᠠᠭᠤᠷᠬᠠᠢ᠎ᠶᠢᠨ ᠵᠢᠯᠣᠭᠣᠴᠢ ᠦᠭᠡᠢ 683 ᠠᠴᠢᠶᠠᠨ᠎ᠤ ᠮᠠᠰᠢᠨ ᠲᠡᠷᠭᠡ ᠨᠢ 47 ᠵᠠᠳᠠᠭᠠᠢ ᠠᠭᠤᠷᠬᠠᠢ᠎ᠳᠤ ᠥᠨᠳᠥᠷ ᠪᠦᠲᠦᠮᠵᠢᠲᠡᠶ ᠠᠵᠢᠯᠯᠠᠵᠤ ᠪᠠᠢᠨ᠎ᠠ᠃ ᠡᠭᠦᠨ᠎ᠡᠴᠡ ᠭᠠᠳᠠᠨ᠎ᠠ ᠨᠡᠭᠦᠷᠡᠰᠦᠨ ᠬᠥᠮᠥᠷᠭᠡ᠎ᠶᠢᠨ ᠲᠦᠭᠵᠢᠷᠡᠯ᠎ᠢ ᠠᠷᠢᠯᠭᠠᠬᠤ 6898 ᠲᠣᠨᠣᠭᠯᠠᠯ᠂ 493 ᠢᠵᠢ 《ᠡᠯᠧᠺᠲᠷᠣᠨ ᠬᠠᠰᠢᠶ᠎ᠠ》᠎ᠪᠠᠷ ᠮᠠᠰᠢᠨ ᠮᠧᠬᠠᠨᠢᠭ᠋᠎ᠤᠨ ᠭᠡᠮᠲᠦᠯ ᠪᠠ ᠣᠷᠣᠨ ᠪᠦᠰᠡ᠎ᠶᠢᠨ ᠲᠦᠷᠢᠯᠲᠡ᠎ᠶᠢ ᠪᠦᠲᠦᠮᠵᠢᠲᠡᠶ ᠰᠡᠷᠭᠡᠢᠯᠡᠪᠡ᠃ 

ᠥᠪᠥᠷ ᠮᠣᠩᠭᠣᠯ 《ᠵᠠᠩᠭᠢᠯᠠᠭ᠎ᠠ᠎ᠶᠢᠨ ᠴᠥᠭᠡᠨ ᠲᠣᠭᠠᠲᠠᠨ》᠎ᠳᠤ ᠰᠢᠭᠤᠳ ᠴᠢᠭᠯᠡᠭᠦᠯᠦᠨ᠂ ᠠᠭᠤᠷᠬᠠᠢ᠎ᠶᠢᠨ ᠭᠣᠣᠯ ᠬᠠᠷᠢᠭᠤᠴᠠᠯᠭᠠᠲᠠᠨ ᠪᠠ 《ᠲᠠᠪᠤᠨ ᠵᠦᠢᠯ᠎ᠦᠨ ᠲᠤᠰᠢᠶᠠᠯ》᠎ᠤᠨ ᠠᠭᠤᠷᠬᠠᠢ᠎ᠶᠢᠨ ᠳᠠᠷᠤᠭ᠎ᠠ ᠨᠠᠷ᠎ᠲᠤ ᠠᠮᠤᠷ ᠲᠦᠪᠰᠢᠨ᠎ᠦ ᠬᠥᠮᠦᠵᠢᠯ ᠪᠣᠯᠪᠠᠰᠤᠷᠠᠯ᠎ᠢ 3000 ᠭᠠᠷᠤᠢ ᠬᠥᠮᠥᠨ ᠤᠳᠠᠭ᠎ᠠ ᠵᠣᠬᠢᠶᠠᠨ ᠪᠠᠢᠭᠤᠯᠵᠤ ᠥᠷᠨᠢᠭᠦᠯᠪᠡ᠃ ᠣᠲᠣ᠌ ᠨᠢᠭᠡᠨᠲᠡ 《ᠵᠠᠰᠠᠭ ᠵᠠᠬᠢᠷᠭᠠᠨ᠎ᠤ ᠰᠢᠢᠳᠬᠡᠯ ᠲᠣᠷᠭᠠᠭᠤᠯᠢ + ᠦᠶ᠋ᠯᠡ ᠠᠵᠢᠯᠯᠠᠭ᠎ᠠ᠎ᠶᠢᠨ ᠬᠤᠪᠢ ᠲᠡᠮᠳᠡᠭᠯᠡᠬᠦ》 ᠬᠣᠶᠠᠷ ᠲᠠᠯ᠎ᠠ᠎ᠪᠠᠷ ᠵᠠᠯᠬᠠᠭᠠᠨ ᠴᠡᠭᠡᠷᠯᠡᠭᠦᠯᠬᠦ᠎ᠶᠢ ᠬᠡᠷᠡᠭᠵᠢᠭᠦᠯᠵᠡᠢ᠃ ᠡᠭᠦᠨ᠎ᠦ ᠬᠠᠮᠲᠤ᠂ ᠤᠯᠤᠰ᠎ᠤᠨ ᠥᠮᠴᠢᠯᠡᠯᠲᠦ ᠨᠡᠭᠦᠷᠡᠰᠦᠨ ᠠᠭᠤᠷᠬᠠᠢ᠎ᠶᠢᠨ ᠠᠵᠤ ᠠᠬᠤᠢᠯᠠᠯ᠎ᠤᠨ ᠶᠡᠷᠦᠩᠬᠡᠢ ᠢᠨᠵᠧᠨᠧᠷ᠎ᠢ 《ᠤᠳᠤᠷᠢᠳᠬᠤ ᠪᠠᠭ᠎ᠲᠤ ᠣᠷᠣᠭᠤᠯᠬᠤ》᠂ ᠠᠮᠤᠷ ᠲᠦᠪᠰᠢᠨ᠎ᠦ ᠳᠡᠳ᠋ ᠠᠭᠤᠷᠬᠠᠢ᠎ᠶᠢᠨ ᠳᠠᠷᠤᠭ᠎ᠠ᠎ᠶᠢᠨ ᠡᠭᠴᠡ ᠬᠠᠮᠢᠶᠠᠷᠤᠯᠲᠠ᠎ᠶᠢ ᠠᠬᠢᠭᠤᠯᠵᠤ᠂ ᠲᠤᠰᠬᠠᠢ ᠮᠡᠷᠭᠡᠵᠢᠯᠲᠡᠨ᠎ᠦ ᠦᠭᠡ ᠬᠡᠯᠡᠬᠦ ᠡᠷᠬᠡ᠎ᠶᠢ ᠦᠨᠡᠨ ᠬᠦ᠌ ᠴᠢᠩᠭᠠᠳᠬᠠᠭᠰᠠᠨ ᠪᠠᠢᠨ᠎ᠠ᠃ ᠠᠭᠤᠷᠬᠠᠢ᠎ᠶᠢᠨ ᠠᠵᠤ ᠠᠬᠤᠢᠯᠠᠯ᠎ᠤᠨ ᠡᠭᠡᠯᠵᠢ ᠳᠤᠭᠤᠢᠯᠠᠩ ᠵᠢᠴᠢ ᠠᠮᠤᠷ ᠲᠦᠪᠰᠢᠨ᠎ᠦ ᠰᠣᠶᠣᠯ᠎ᠤᠨ ᠪᠠᠢᠭᠤᠯᠤᠯᠲᠠ᠎ᠶᠢ ᠭᠦᠨᠵᠡᠭᠡᠢ ᠠᠬᠢᠭᠤᠯᠵᠤ᠂ ᠠᠭᠤᠷᠬᠠᠢ᠎ᠶᠢᠨ 320 ᠠᠵᠤ ᠠᠬᠤᠢᠯᠠᠯ᠎ᠢ ᠵᠢᠭᠠᠨ ᠵᠢᠯᠣᠭᠣᠳᠴᠤ ᠪᠠᠢᠭᠠᠳ ᠠᠮᠤᠷ ᠲᠦᠪᠰᠢᠨ᠎ᠦ 728 ᠡᠭᠡᠯᠵᠢ ᠳᠤᠭᠤᠢᠯᠠᠩ᠂ ᠡᠭᠡᠯᠵᠢ ᠳᠤᠭᠤᠢᠯᠠᠩ᠎ᠤᠨ ᠰᠢᠯᠢᠳᠡᠭ 833 ᠳᠠᠷᠤᠭ᠎ᠠ᠎ᠶᠢ ᠰᠢᠯᠭᠠᠷᠠᠭᠤᠯᠵᠤ᠂ ᠠᠵᠢᠯᠲᠠᠨ ᠠᠵᠢᠯᠴᠢᠨ᠎ᠤ ᠠᠮᠤᠷ ᠲᠦᠪᠰᠢᠨ᠎ᠦ ᠰᠣᠶᠣᠯ᠎ᠤᠨ ᠬᠡᠪ ᠪᠣᠯᠪᠠᠰᠤᠷᠠᠯ᠎ᠢ ᠢᠯᠡᠳᠲᠡ ᠳᠡᠭᠡᠭᠰᠢᠯᠡᠭᠦᠯᠪᠡ᠃ 

ᠬᠦᠨᠳᠦ ᠶᠡᠬᠡ ᠭᠠᠢ ᠭᠠᠮᠰᠢᠭ᠋᠎ᠢ ᠰᠡᠷᠭᠡᠢᠯᠡᠨ ᠵᠠᠰᠠᠬᠤ ᠲᠠᠯ᠎ᠠ᠎ᠪᠠᠷ᠂ ᠥᠪᠥᠷ ᠮᠣᠩᠭᠣᠯ 《ᠨᠢᠭᠡ ᠭᠠᠵᠠᠷ᠎ᠲᠤ ᠨᠢᠭᠡ ᠠᠷᠭ᠎ᠠ ᠪᠣᠳᠣᠯᠭ᠎ᠠ᠂ ᠨᠢᠭᠡ ᠠᠭᠤᠷᠬᠠᠢ᠎ᠳᠤ ᠨᠢᠭᠡ ᠲᠥᠰᠥᠯ》 ᠲᠠᠢ ᠪᠠᠢᠯᠭᠠᠬᠤ᠎ᠶᠢ ᠪᠠᠷᠢᠮᠲᠠᠯᠠᠪᠠ᠃ ᠥᠪᠥᠷ ᠮᠣᠩᠭᠣᠯ᠎ᠤᠨ ᠠᠭᠤᠷᠬᠠᠢ᠎ᠶᠢᠨ ᠠᠮᠤᠷ ᠲᠦᠪᠰᠢᠨ᠎ᠢ ᠬᠢᠨᠠᠨ ᠪᠠᠢᠴᠠᠭᠠᠬᠤ ᠰᠠᠯᠠᠭ᠎ᠠ ᠮᠥᠴᠢᠷ᠎ᠦᠳ ᠭᠠᠮᠰᠢᠭ ᠡᠭᠦᠰᠬᠡᠬᠦ ᠭᠡᠮ ᠰᠣᠭᠣᠭ᠎ᠤᠨ ᠬᠦᠴᠦᠨ ᠵᠦᠢᠯ᠎ᠢ ᠨᠡᠢᠳᠡᠮ ᠪᠠᠢᠴᠠᠭᠠᠬᠤ ᠪᠠ ᠶᠡᠷᠦᠩᠬᠡᠢᠯᠡᠨ ᠵᠠᠰᠠᠬᠤ᠎ᠶᠢ ᠰᠢᠰᠲᠧᠮ᠎ᠲᠠᠢ ᠠᠬᠢᠭᠤᠯᠬᠤ᠎ᠪᠠᠷ ᠳᠠᠮᠵᠢᠭᠤᠯᠤᠨ᠂ ᠠᠭᠤᠷᠬᠠᠢ᠎ᠶᠢᠨ ᠭᠠᠮᠰᠢᠭ᠋ ᠡᠭᠦᠰᠬᠡᠬᠦ ᠭᠡᠮ ᠰᠣᠭᠣᠭ᠎ᠤᠨ 500 ᠭᠠᠷᠤᠢ ᠬᠦᠴᠦᠨ ᠵᠦᠢᠯ᠎ᠢ ᠪᠥᠬᠥ ᠲᠠᠯ᠎ᠠ᠎ᠪᠠᠷ ᠪᠠᠢᠴᠠᠭᠠᠨ ᠲᠣᠳᠣᠯᠠᠵᠤ᠂ ᠪᠠᠷᠠᠯᠠᠬᠢᠯᠠᠯᠲᠤ ᠴᠢᠨᠠᠷᠲᠠᠢ ᠪᠠᠢᠷᠢᠰᠢᠭᠤᠯᠤᠯᠲᠠ ᠬᠢᠪᠡ᠃

 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ