ᠳᠤᠮᠳᠠᠳᠤ ᠤᠯᠤᠰ᠎ᠤᠨ ᠬᠥᠮᠥᠨ ᠰᠠᠭᠤᠯᠭᠠᠭᠰᠠᠨ ᠰᠠᠨᠰᠠᠷ ᠠᠶᠠᠯᠠᠯ᠎ᠤᠨ ᠢᠨᠵᠧᠨᠧᠷᠢᠩ᠎ᠦᠨ ᠠᠯᠪᠠᠨ ᠭᠡᠷ᠎ᠦᠨ ᠮᠡᠳᠡᠭᠡ᠎ᠶᠢ ᠦᠨᠳᠦᠰᠦᠯᠡᠪᠡᠯ᠂ ᠪᠡᠭᠡᠵᠢᠩ᠎ᠦᠨ ᠴᠠᠭ᠎ᠢᠶᠠᠷ 2025 ᠣᠨ᠎ᠤ 12 ᠳ᠋ᠤᠭᠠᠷ ᠰᠠᠷ᠎ᠠ᠎ᠶᠢᠨ 9 ᠦ ᠡᠳᠦᠷ᠎ᠦᠨ 18 ᠴᠠᠭ 45 ᠮᠢᠨᠦ᠋ᠲ᠎ᠲᠦ᠂ ᠪᠠᠷᠤᠭ 8 ᠴᠠᠭ᠎ᠤᠨ ᠥᠷᠥᠭᠡᠨ᠎ᠡᠴᠡ ᠭᠠᠷᠬᠤ ᠠᠵᠢᠯᠯᠠᠭᠠᠨ᠎ᠢᠶᠠᠷ ᠳᠡᠮᠵᠢᠨ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠦᠨ ᠨᠢᠰᠦᠯᠲᠡ᠎ᠶᠢᠨ ᠳᠤᠭᠤᠢᠯᠠᠩ᠎ᠤᠨ ᠰᠠᠨᠰᠠᠷᠴᠢᠨ ᠵᠠᠩ ᠯᠦ᠍᠂ ᠦ᠋ ᠹᠧᠢ᠂ ᠵᠠᠩ ᠬᠣᠩ ᠵᠠᠩ ᠨᠢᠭ᠍ᠲᠠ ᠬᠠᠮᠵᠢᠯᠴᠠᠵᠤ᠂ ᠣᠭᠲᠠᠷᠭᠤᠢ᠎ᠶᠢᠨ ᠥᠷᠲᠡᠭᠡᠨ᠎ᠦ ᠮᠧᠬᠠᠨᠢᠭ᠋ ᠭᠠᠷ ᠪᠠ ᠭᠠᠵᠠᠷ ᠳᠡᠭᠡᠷᠡᠬᠢ ᠰᠢᠨᠵᠢᠯᠡᠬᠦ ᠤᠬᠠᠭᠠᠨ᠎ᠤ ᠰᠤᠳᠤᠯᠭᠠᠨ᠎ᠤ ᠠᠵᠢᠯᠲᠠᠳ᠎ᠤᠨ ᠬᠠᠮᠵᠢᠯᠴᠠᠭ᠎ᠠ ᠳᠡᠮᠵᠢᠯᠭᠡ᠎ᠪᠡᠷ᠂ ᠥᠷᠥᠭᠡᠨ᠎ᠦ ᠭᠠᠳᠠᠨᠠᠬᠢ ᠬᠥᠮᠥᠨ᠎ᠦ ᠢᠳᠡᠪᠬᠢ ᠦᠢᠯᠡᠳᠦᠯ᠎ᠢ ᠭᠦᠢᠴᠡᠳ ᠪᠠᠳᠠᠷᠠᠭᠤᠯᠵᠤ᠂ ᠬᠤᠪᠢᠯᠭᠠᠨ ᠣᠩᠭᠣᠴᠠ ᠬᠣᠷᠢᠳᠤᠭᠠᠷ ᠨᠢᠰᠬᠦ ᠣᠩᠭᠣᠴᠠ᠎ᠶᠢᠨ ᠪᠤᠴᠠᠬᠤ ᠥᠷᠥᠭᠡᠨ᠎ᠦ ᠬᠠᠵᠠᠭᠤ᠎ᠶᠢᠨ ᠴᠣᠩᠬᠣ᠌ᠪᠠᠷ ᠲᠣᠭᠣᠷᠢᠨ ᠪᠠᠢᠴᠠᠭᠠᠵᠤ ᠰᠡᠭᠦᠳᠡᠷᠯᠡᠬᠦ᠂ ᠣᠭᠲᠠᠷᠭᠤᠢ᠎ᠶᠢᠨ ᠥᠷᠲᠡᠭᠡᠨ᠎ᠦ ᠣᠭᠲᠠᠷᠭᠤᠢ᠎ᠶᠢᠨ ᠬᠡᠮᠬᠡᠳᠡᠭ᠎ᠢ ᠰᠡᠷᠭᠡᠢᠯᠡᠨ ᠬᠠᠮᠠᠭᠠᠯᠠᠬᠤ ᠲᠣᠨᠣᠭᠯᠠᠯ ᠤᠭᠰᠠᠷᠠᠬᠤ᠂ ᠳᠤᠯᠠᠭᠠᠴᠠ ᠲᠣᠬᠢᠷᠠᠭᠤᠯᠤᠭᠴᠢ᠎ᠶᠢᠨ ᠤᠯᠠᠨ ᠳᠠᠪᠬᠤᠷ ᠪᠦᠷᠬᠦᠭᠦᠯ᠎ᠢ ᠰᠣᠯᠢᠬᠤ ᠵᠡᠷᠭᠡ ᠡᠭᠦᠷᠭᠡ᠎ᠶᠢ ᠤᠷᠤᠭᠰᠢᠲᠠᠢ ᠪᠡᠶᠡᠯᠡᠭᠦᠯᠵᠡᠢ᠃ ᠥᠷᠥᠭᠡᠨ᠎ᠡᠴᠡ ᠭᠠᠷᠤᠭᠰᠠᠨ ᠰᠠᠨᠰᠠᠷᠴᠢᠨ ᠵᠠᠩ ᠯᠦ᠍᠂ ᠦ᠋ ᠹᠧᠢ ᠠᠮᠤᠷ ᠲᠦᠪᠰᠢᠨ᠎ᠢᠶᠡᠷ ᠸᠧᠨ ᠲᠢᠶᠠᠨ ᠲᠤᠷᠰᠢᠯᠲᠠ᠎ᠶᠢᠨ ᠥᠷᠥᠭᠡᠨ᠎ᠳᠦ ᠪᠤᠴᠠᠵᠤ᠂ ᠥᠷᠥᠭᠡᠨ᠎ᠡᠴᠡ ᠭᠠᠷᠬᠤ ᠠᠵᠢᠯᠯᠠᠭ᠎ᠠ ᠲᠡᠭᠦᠰ ᠠᠮᠵᠢᠯᠲᠠ ᠣᠯᠪᠠ᠃ ᠵᠢᠯᠣᠭᠣᠳᠤᠭᠴᠢ ᠳᠠᠷᠤᠭ᠎ᠠ ᠵᠠᠩ ᠯᠦ᠍ ᠬᠣᠶᠠᠷ ᠵᠢᠯ ᠬᠠᠭᠠᠰ᠎ᠤᠨ ᠳᠠᠷᠠᠭ᠎ᠠ ᠰᠠᠨᠰᠠᠷ᠎ᠢᠶᠠᠷ ᠳᠠᠬᠢᠨᠲᠠ ᠠᠯᠬᠤᠯᠠᠵᠤ᠂ ᠰᠠᠨᠰᠠᠷᠴᠢᠨ ᠦ᠋ ᠹᠧᠢ ᠮᠠᠨ᠎ᠤ ᠤᠯᠤᠰ᠎ᠤᠨ ᠣᠳᠣᠬᠠᠨ᠎ᠤ ᠥᠷᠥᠭᠡᠨ᠎ᠡᠴᠡ ᠭᠠᠷᠬᠤ ᠡᠭᠦᠷᠭᠡ᠎ᠶᠢ ᠭᠦᠢᠴᠡᠳᠬᠡᠵᠦ ᠪᠠᠢᠭ᠎ᠠ ᠬᠠᠮᠤᠭ᠎ᠤᠨ ᠵᠠᠯᠠᠭᠤ ᠰᠠᠨᠰᠠᠷᠴᠢᠨ ᠪᠣᠯᠪᠠ᠃
ᠲᠥᠯᠥᠪᠯᠡᠭᠡ ᠶᠣᠰᠣᠭᠠᠷ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ ᠬᠥᠮᠥᠨ ᠰᠠᠭᠤᠯᠭᠠᠭᠰᠠᠨ ᠨᠢᠰᠦᠯᠲᠡ᠎ᠶᠢᠨ ᠡᠭᠦᠷᠭᠡ᠎ᠶᠢᠨ ᠬᠤᠭᠤᠴᠠᠭᠠᠨ᠎ᠳᠤ ᠪᠠᠰᠠ ᠬᠥᠮᠥᠨ ᠪᠠ ᠬᠡᠷᠡᠭᠯᠡᠯᠲᠡ᠎ᠶᠢ ᠠᠴᠢᠶ᠎ᠠ ᠲᠠᠢ᠎ᠪᠠᠷ ᠥᠷᠥᠭᠡᠨ᠎ᠡᠴᠡ ᠭᠠᠷᠭᠠᠬᠤ ᠠᠵᠢᠯᠯᠠᠭ᠎ᠠ ᠥᠷᠨᠢᠭᠦᠯᠵᠦ᠂ ᠰᠢᠨᠵᠢᠯᠡᠬᠦ ᠤᠬᠠᠭᠠᠨ᠎ᠤ ᠲᠤᠷᠰᠢᠯᠲᠠ ᠪᠠ ᠮᠡᠷᠭᠡᠵᠢᠯ᠎ᠦᠨ ᠲᠤᠷᠰᠢᠯᠲᠠ ᠬᠢᠬᠦ᠎ᠶᠢᠨ ᠬᠠᠮᠲᠤ ᠪᠠᠢᠳᠠᠯ᠎ᠢ ᠨᠢ ᠦᠵᠡᠵᠦ ᠪᠠᠢᠭᠠᠳ ᠨᠢᠰᠦᠯᠲᠡ᠎ᠶᠢᠨ ᠳᠤᠭᠤᠢᠯᠠᠩ ᠬᠤᠪᠢᠯᠭᠠᠨ ᠣᠩᠭᠣᠴᠠ ᠬᠣᠷᠢᠳᠤᠭᠠᠷ ᠨᠢᠰᠬᠦ ᠣᠩᠭᠣᠴᠠᠨ᠎ᠤ ᠡᠪᠳᠡᠭᠳᠡᠭᠰᠡᠨ ᠴᠣᠩᠬᠣ᠌᠎ᠶᠢ ᠰᠡᠷᠭᠡᠢᠯᠡᠨ ᠬᠠᠮᠠᠭᠠᠯᠠᠬᠤ ᠭᠡᠵᠦ ᠪᠣᠢ᠃