ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭᠠᠨ᠎ᠤ ᠶᠠᠪᠤᠳᠠᠯ᠎ᠤᠨ ᠲᠢᠩᠬᠢᠮ᠎ᠦᠨ ᠮᠡᠳᠡᠭᠡ᠎ᠶᠢ ᠦᠨᠳᠦᠰᠦᠯᠡᠪᠡᠯ᠂ ᠡᠨᠡ ᠵᠢᠯ᠎ᠡᠴᠡ ᠨᠠᠭᠠᠰᠢ᠂ ᠥᠪᠥᠷ ᠮᠣᠩᠭᠣᠯ᠎ᠤᠨ ᠭᠠᠳᠠᠭᠠᠳᠤ ᠠᠷᠠᠯᠵᠢᠶ᠎ᠠ ᠳᠠᠷᠤᠯᠲᠠ᠎ᠶᠢ ᠳᠠᠭᠠᠭᠠᠨ ᠤᠷᠤᠭᠰᠢᠯᠠᠵᠤ᠂ ᠣᠯᠠᠨ ᠲᠠᠯ᠎ᠠ ᠬᠠᠮᠵᠢᠯᠴᠡᠨ ᠬᠦᠴᠦᠯᠡᠭᠰᠡᠨ᠎ᠢᠶᠡᠷ ᠰᠠᠢᠵᠢᠷᠠᠯᠲᠠ ᠲᠡᠢ ᠪᠣᠯᠵᠤ᠂ ᠭᠤᠷᠪᠠᠳᠤᠭᠠᠷ ᠤᠯᠠᠷᠢᠯ᠎ᠠᠴᠠ ᠡᠬᠢᠯᠡᠨ ᠠᠯᠬᠤᠮ ᠠᠯᠬᠤᠮ᠎ᠢᠶᠠᠷ ᠲᠣᠭᠲᠠᠪᠤᠷᠢᠵᠢᠨ ᠰᠠᠢᠵᠢᠷᠠᠪᠠ᠃ 1–11 ᠳ᠋ᠦ᠍ᠭᠡᠷ ᠰᠠᠷ᠎ᠠ᠎ᠳᠤ᠂ ᠮᠠᠨ᠎ᠤ ᠣᠷᠣᠨ᠎ᠤ ᠭᠠᠳᠠᠭᠠᠳᠤ ᠠᠷᠠᠯᠵᠢᠶᠠᠨ᠎ᠤ ᠭᠠᠳᠠᠭᠠᠳᠤ ᠣᠷᠣᠭᠤᠯᠤᠯᠲᠠ ᠭᠠᠷᠭᠠᠯᠲᠠ᠎ᠶᠢᠨ ᠨᠡᠮᠡᠭᠳᠡᠯ᠎ᠦᠨ ᠬᠤᠷᠳᠤᠴᠠ ᠠᠩᠬ᠎ᠠ ᠤᠳᠠᠭ᠎ᠠ ᠪᠥᠬᠥ ᠤᠯᠤᠰ᠎ᠤᠨ ᠳᠤᠮᠳᠠᠴᠢ ᠬᠡᠮᠵᠢᠭᠳᠡᠯ᠎ᠡᠴᠡ ᠳᠠᠪᠠᠵᠤ᠂ ᠪᠥᠬᠥ ᠵᠢᠯ᠎ᠳᠦ ᠲᠣᠭᠲᠠᠭᠤᠨ᠎ᠢᠶᠠᠷ ᠳᠡᠭᠡᠭᠰᠢᠯᠡᠭᠰᠡᠨ ᠰᠠᠢᠨ ᠰᠠᠢᠬᠠᠨ ᠬᠥᠭᠵᠢᠯᠲᠡ᠎ᠶᠢᠨ ᠪᠠᠢᠳᠠᠯ ᠢᠯᠡᠷᠡᠪᠡ᠃
ᠪᠣᠭᠣᠮᠲᠠ᠎ᠶᠢᠨ ᠪᠦᠷᠢᠳᠬᠡᠭᠰᠡᠨ ᠳ᠋ᠠᠢᠲ᠋ᠠ᠎ᠶᠢᠨ ᠢᠯᠡᠷᠡᠭᠦᠯᠦᠭᠰᠡᠨ᠎ᠢᠶᠡᠷ᠂ 2025 ᠣᠨ᠎ᠤ 1–11 ᠳ᠋ᠦ᠍ᠭᠡᠷ ᠰᠠᠷ᠎ᠠ᠎ᠳᠤ᠂ ᠥᠪᠥᠷ ᠮᠣᠩᠭᠣᠯ᠎ᠤᠨ ᠭᠠᠳᠠᠭᠠᠳᠤ ᠠᠷᠠᠯᠵᠢᠶᠠᠨ᠎ᠤ ᠭᠠᠳᠠᠭᠠᠳᠤ ᠣᠷᠣᠭᠤᠯᠤᠯᠲᠠ ᠭᠠᠷᠭᠠᠯᠲᠠ᠎ᠶᠢᠨ ᠶᠡᠷᠦᠩᠬᠡᠢ ᠥᠷᠲᠡᠭ 1963.3 ᠳ᠋ᠦᠩᠰᠢᠭᠤᠷ ᠲᠥᠭᠥᠷᠢᠭ ᠠᠷᠠᠳ᠎ᠤᠨ ᠵᠣᠭᠣᠰ᠎ᠲᠤ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 4.2% ᠢᠶᠠᠷ ᠨᠡᠮᠡᠭᠳᠡᠨ᠂ ᠨᠡᠮᠡᠭᠳᠡᠯ᠎ᠦᠨ ᠬᠤᠷᠳᠤᠴᠠ ᠨᠢ ᠪᠥᠬᠥ ᠤᠯᠤᠰ᠎ᠤᠨ ᠳᠤᠮᠳᠠᠴᠢ ᠬᠢᠷᠢ ᠲᠦᠪᠰᠢᠨ᠎ᠡᠴᠡ 0.6 ᠵᠠᠭᠤᠨ᠎ᠤ ᠬᠤᠪᠢ ᠥᠨᠳᠥᠷ ᠪᠣᠯᠤᠭᠰᠠᠨ ᠪᠠᠢᠨ᠎ᠠ᠃ ᠡᠭᠦᠨ᠎ᠳᠦ᠂ ᠭᠠᠳᠠᠭᠠᠳᠤ ᠭᠠᠷᠭᠠᠯᠲᠠ 793.7 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 3.5% ᠪᠠᠷ ᠨᠡᠮᠡᠭᠳᠡᠪᠡ ;ᠭᠠᠳᠠᠭᠠᠳᠤ ᠣᠷᠣᠭᠤᠯᠤᠯᠲᠠ 1169.6 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 4.7% ᠪᠠᠷ ᠨᠡᠮᠡᠭᠳᠡᠪᠡ᠃ ᠡᠭᠦᠨ᠎ᠦ ᠬᠠᠮᠲᠤ᠂ ᠮᠠᠨ᠎ᠤ ᠣᠷᠣᠨ᠎ᠤ ᠭᠠᠳᠠᠭᠠᠳᠤ ᠠᠷᠠᠯᠵᠢᠶᠠᠨ᠎ᠤ ᠨᠡᠮᠡᠭᠳᠡᠯ᠎ᠦᠨ ᠬᠤᠷᠳᠤᠴᠠ᠎ᠶᠢᠨ ᠪᠥᠬᠥ ᠤᠯᠤᠰ ᠳᠡᠬᠢ ᠵᠢᠭ᠍ᠰᠠᠭᠠᠯᠲᠠ 1–10 ᠳ᠋ᠤᠭᠠᠷ ᠰᠠᠷ᠎ᠠ᠎ᠶᠢᠨ ᠬᠢ᠎ᠡᠴᠡ 3 ᠳᠠᠪᠰᠢᠵᠤ᠂ ᠨᠡᠮᠡᠭᠳᠡᠯ᠎ᠦᠨ ᠬᠠᠨᠳᠤᠰᠢ ᠦᠷᠭᠦᠯᠵᠢᠯᠡᠨ ᠪᠡᠬᠢᠵᠢᠪᠡ᠃