ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
《ᠰᠣᠷᠢᠨᠵᠢᠨ ᠮᠠᠲ᠋ᠧᠷᠢᠶᠠᠯ᠎ᠤᠨ ᠸᠠᠩ》 ᠦᠢᠯᠡᠳᠴᠦ᠍ ᠪᠦᠲᠦᠭᠡᠬᠦ ᠰᠠᠭᠠᠳ᠎ᠢ ᠱᠢᠪᠲᠤᠯᠵᠤ᠂ ᠬᠦᠨᠳᠦ ᠬᠣᠪᠣᠷ ᠰᠢᠷᠣᠢ ᠬᠡᠷᠡᠭᠯᠡᠬᠦ ᠬᠡᠮᠵᠢᠶ᠎ᠡ᠎ᠶᠢ ᠢᠯᠡᠳᠲᠡ ᠪᠠᠭᠠᠰᠭᠠᠨ ᠥᠪᠥᠷ ᠮᠣᠩᠭᠣᠯ᠎ᠤᠨ ᠦᠨᠳᠦᠷ ᠴᠢᠳᠠᠪᠬᠢᠲᠤ ᠨᠧᠣᠳᠢᠮ ᠲᠡᠮᠦᠷ ᠪᠤᠷ ᠦᠢᠯᠡᠳᠴᠦ᠍ ᠪᠦᠲᠦᠭᠡᠬᠦ᠌ ᠮᠡᠷᠭᠡᠵᠢᠯ ᠴᠢᠬᠤᠯᠠ ᠠᠬᠢᠯᠲᠠ᠎ᠲᠠᠢ ᠪᠣᠯᠪᠠ
ᠨᠡᠶ᠋ᠢᠲᠡᠯᠡᠭᠰᠡᠨ ᠴᠠᠭ᠄ 2025-09-11

ᠣᠢᠷ᠎ᠠ᠎ᠳᠤ᠂ ᠪᠤᠭᠤᠲᠤ᠎ᠶᠢᠨ ᠬᠣᠪᠣᠷ ᠰᠢᠷᠣᠢ᠎ᠶᠢᠨ ᠰᠤᠳᠤᠯᠭᠠᠨ᠎ᠤ ᠬᠦᠷᠢᠶᠡᠯᠡᠩ᠎ᠦᠨ ᠰᠣᠷᠢᠨᠵᠢᠨ ᠮᠠᠲᠧᠷᠢᠶᠠᠯ᠎ᠤᠨ ᠭᠠᠵᠠᠷ᠎ᠤᠨ ᠭᠠᠳᠠᠷᠭᠤ᠎ᠶ᠋ᠢᠨ ᠮᠡᠷᠭᠡᠵᠢᠯ᠎ᠦᠨ ᠪᠦᠯᠬᠦᠮ᠎ᠦᠨ ᠬᠢᠨ ᠦᠨᠳᠦᠷ ᠴᠢᠳᠠᠪᠬᠢᠲᠤ ᠨᠧᠣᠳᠢᠮ ᠲᠡᠮᠦᠷ ᠪᠤᠷ ᠦᠢᠯᠡᠳᠴᠦ᠍ ᠪᠦᠲᠦᠭᠡᠬᠦ᠌ ᠮᠡᠷᠭᠡᠵᠢᠯ᠎ᠦᠨ ᠲᠠᠯ᠎ᠠ᠎ᠪᠠᠷ ᠴᠢᠬᠤᠯᠠ ᠠᠬᠢᠯᠲᠠ᠎ᠲᠠᠢ ᠪᠣᠯᠵᠤ᠂ ᠬᠦᠨᠳᠦ ᠬᠣᠪᠣᠷ ᠰᠢᠷᠣᠢ ᠬᠡᠷᠡᠭᠯᠡᠬᠦ ᠬᠡᠮᠵᠢᠶ᠎ᠡ᠎ᠶᠢ ᠢᠯᠡᠳᠲᠡ ᠪᠠᠭᠠᠰᠬᠠᠭᠰᠠᠨ ᠤᠷᠢᠲᠠᠯ ᠳᠣᠣᠷ᠎ᠠ᠂ 50UH᠂ 52SH ᠵᠡᠷᠭᠡ ᠥᠨᠳᠥᠷ ᠨᠣᠮᠧᠷᠲᠤ ᠨᠧᠣᠳᠢᠮ ᠲᠡᠮᠦᠷ ᠪᠤᠷ ᠰᠣᠷᠢᠨᠵᠢᠨ ᠪᠡᠶᠡᠲᠦ᠎ᠶ᠋ᠢ ᠠᠮᠵᠢᠯᠲᠠᠲᠠᠢ ᠦᠢᠯᠡᠳᠴᠦ ᠭᠠᠷᠭᠠᠪᠠ᠃ ᠡᠨᠡ ᠬᠦ᠌ ᠦᠷ᠎ᠡ ᠪᠦᠲᠦᠭᠡᠯ ᠨᠢ ᠨᠢᠭᠡᠨᠲᠡ 《ᠮᠧᠩ ᠺᠧ ᠵᠢᠤᠢ》᠎ᠦᠨ ᠬᠣᠪᠣᠷ ᠰᠢᠷᠣᠢ᠎ᠶᠢᠨ ᠬᠦᠷᠢᠶᠡᠨ᠎ᠳᠡᠬᠢ ᠰᠢᠨᠵᠢᠯᠡᠬᠦ ᠤᠬᠠᠭᠠᠨ ᠲᠧᠭ᠌ᠨᠢᠭ ᠮᠡᠷᠭᠡᠵᠢᠯ᠎ᠦᠨ ᠦᠷ᠎ᠡ ᠪᠦᠲᠦᠭᠡᠯ᠎ᠳᠦ ᠠᠮᠵᠢᠯᠲᠠ᠎ᠲᠠᠢ ᠰᠣᠩᠭᠣᠭᠳᠠᠪᠠ᠃ 

ᠨᠧᠣᠳᠢᠮ ᠲᠡᠮᠦᠷ ᠪᠤᠷ᠎ᠤᠨ ᠪᠠᠢᠩᠭᠤ ᠰᠣᠷᠢᠨᠵᠢᠨᠲᠦ ᠮᠠᠲᠧᠷᠢᠶᠠᠯ ᠨᠢ ᠣᠳᠣᠬᠠᠨ᠎ᠤ ᠰᠣᠷᠢᠨᠵᠢᠨ ᠴᠢᠨᠠᠷ᠎ᠢᠶᠠᠷ ᠬᠠᠮᠤᠭ᠎ᠤᠨ ᠴᠢᠩᠭ᠎ᠠ ᠪᠠᠢᠩᠭᠤ ᠰᠣᠷᠢᠨᠵᠢᠨᠲᠤ ᠮᠠᠲᠧᠷᠢᠶᠠᠯ᠎ᠢᠶᠠᠷ ᠨᠡᠶ᠋ᠢᠲᠡ᠎ᠳᠦ ᠮᠡᠳᠡᠷᠡᠭᠳᠡᠵᠦ᠂ ᠠᠵᠢᠯ ᠲᠦᠷᠦᠯ᠎ᠦᠨ ᠳᠣᠲᠣᠷ᠎ᠠ᠎ᠪᠠᠨ 《ᠰᠣᠷᠢᠨᠵᠢᠨ ᠮᠠᠲ᠋ᠧᠷᠢᠶᠠᠯ᠎ᠤᠨ ᠸᠠᠩ》 ᠬᠡᠮᠡᠨ ᠨᠡᠷᠡᠢᠳᠦᠭ᠌ᠳᠡᠵᠦ᠍᠂ ᠥᠨᠳᠥᠷ ᠬᠦᠴᠦᠯᠡᠴᠡ᠎ᠲᠠᠢ ᠰᠣᠷᠢᠨᠵᠢᠨ ᠣᠷᠣᠨ᠂ ᠥᠨᠳᠥᠷ ᠲᠣᠭᠲᠠᠪᠤᠷᠢᠲᠤ ᠴᠢᠨᠠᠷ ᠪᠠ ᠥᠨᠳᠥᠷ ᠠᠰᠢᠭ᠍ᠯᠠᠮᠵᠢ᠎ᠲᠠᠢ ᠤᠳᠦ ᠦᠶ᠎ᠡ᠎ᠶᠢᠨ ᠠᠵᠤ ᠦᠢᠯᠡᠳᠪᠦᠷᠢ ᠬᠢᠭᠡᠳ ᠳᠡᠭᠡᠳᠦ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠦᠷᠢᠶᠡᠨ᠎ᠳᠦ ᠥᠷᠭᠡᠨ᠎ᠢᠶᠡᠷ ᠬᠡᠷᠡᠭ᠌ᠯᠡᠭ᠌ᠳᠡᠵᠦ᠍ ᠪᠠᠢᠨ᠎ᠠ᠃ ᠬᠦᠨᠳᠦ ᠬᠣᠪᠣᠷ ᠰᠢᠷᠣᠢ᠎ᠶᠢᠨ ᠡᠬᠢ ᠪᠠᠶᠠᠯᠢᠭ᠋ ᠬᠣᠪᠣᠷ ᠴᠤᠬᠠᠭ ᠪᠥᠭᠡᠳ ᠥᠪᠡᠷ᠎ᠦᠨ ᠦᠷᠳᠡᠭ ᠥᠨᠳᠥᠷ ᠪᠠᠢᠭ᠎ᠠ ᠠᠵᠢᠯ ᠲᠦᠷᠦᠯ᠎ᠦᠨ ᠥᠷᠢᠰᠦᠯᠳᠦᠭᠡᠨ᠎ᠦ ᠡᠮᠦᠨ᠎ᠡ᠂ ᠲᠤᠰ ᠪᠦᠯᠬᠦᠮ᠎ᠦᠨ ᠬᠢᠨ ᠥᠨᠳᠥᠷ ᠴᠢᠳᠠᠪᠬᠢᠲᠤ ᠨᠧᠦᠳᠢᠮ ᠲᠡᠮᠦᠷ ᠪᠤᠷ᠎ᠤᠨ ᠰᠣᠷᠢᠨᠵᠢᠨ ᠪᠡᠶᠡᠲᠦ᠎ᠶ᠋ᠢ ᠰᠤᠳᠤᠯᠤᠨ ᠨᠡᠭᠡᠭᠡᠬᠦ᠎ᠪᠡᠷ ᠴᠢᠷᠮᠠᠢᠵᠤ᠂ ᠲᠠᠯᠠᠰᠲᠤ ᠵᠠᠭᠠᠭ᠎ᠤᠨ ᠲᠡᠯᠡᠭ᠌ᠳᠡᠭ᠌ᠰᠡᠨ ᠬᠦᠨᠳᠦ ᠬᠣᠪᠣᠷ ᠰᠢᠷᠣᠢ᠎ᠶᠢ ᠥᠨᠳᠥᠷ ᠪᠦᠲᠦᠮᠵᠢᠲᠡᠢ ᠠᠰᠢᠭ᠍ᠯᠠᠬᠤ ᠮᠡᠷᠭᠡᠵᠢᠯ᠎ᠢ ᠠᠮᠵᠢᠯᠲᠠᠲᠠᠢ ᠨᠡᠭᠡᠭᠡᠨ ᠭᠠᠷᠭᠠᠭ᠍ᠰᠠᠨ ᠪᠥᠭᠡᠳ ᠲᠡᠷᠢᠭᠦᠨ᠎ᠦ ᠮᠡᠷᠭᠡᠵᠢᠯ᠎ᠲᠠᠢ᠂ ᠡᠨᠧᠷᠭᠢ ᠠᠷᠪᠢᠯᠠᠵᠤ ᠣᠷᠴᠢᠨ ᠲᠣᠭᠣᠷᠢᠨ᠎ᠢ ᠬᠠᠮᠠᠭᠠᠯᠠᠬᠤ ᠲᠠᠯᠠᠰᠲᠤ ᠵᠠᠭᠠᠭ᠎ᠤᠨ ᠲᠡᠯᠡᠭ᠌ᠳᠡᠯ᠎ᠦᠨ ᠵᠠᠪᠰᠠᠷ᠎ᠤᠨ ᠲᠤᠷᠰᠢᠯᠲᠠ᠎ᠶᠢᠨ ᠱᠢᠯᠭᠠᠨ ᠨᠣᠲᠠᠯᠠᠬᠤ ᠱᠤᠭᠤᠮ᠎ᠢ ᠪᠠᠢᠭᠤᠯᠤᠭᠰᠠᠨ ᠪᠠᠢᠨ᠎ᠠ᠃ ᠲᠣᠰ ᠮᠡᠷᠭᠡᠵᠢᠯ ᠨᠢ ᠲᠡᠯᠡᠭ᠌ᠳᠡᠯ᠎ᠦᠨ ᠡᠬᠢ ᠰᠤᠷᠪᠤᠯᠵᠢ᠎ᠶᠢᠨ ᠨᠠᠢᠷᠠᠯᠭ᠎ᠠ᠎ᠶᠢ ᠲᠣᠭ᠍ᠲᠠᠮᠠᠯ ᠪᠠᠷᠢᠮᠵᠢᠶᠠᠯᠠᠬᠤ ᠵᠠᠬᠢᠶᠠᠯᠠᠨ ᠦᠢᠯᠡᠳᠬᠦ᠂ ᠪᠦᠷᠬᠦᠭᠦᠯ᠎ᠤᠨ ᠤᠷᠠᠯᠠᠯ᠎ᠢ ᠰᠢᠯᠢᠳᠡᠭᠵᠢᠭᠦᠯᠬᠦ ᠪᠠ ᠢᠯᠴᠢ ᠱᠢᠢᠳᠪᠦᠷᠢᠯᠡᠯᠲᠡ᠎ᠶ᠋ᠢ ᠨᠠᠷᠢᠯᠢᠭ᠋ ᠣᠨᠣᠴᠠᠲᠠᠢ᠎ᠪᠠᠷ ᠲᠣᠬᠢᠷᠠᠭᠤᠯᠤᠨ ᠡᠵᠡᠮᠳᠡᠬᠦ᠎ᠪᠡᠷ ᠳᠠᠮᠵᠢᠭᠤᠯᠤᠨ᠂ ᠰᠣᠷᠢᠨᠵᠢᠨ ᠪᠡᠶᠡᠲᠦ᠎ᠶ᠋ᠢᠨ ᠴᠢᠳᠠᠮᠵᠢ᠎ᠶᠢ ᠳᠡᠭᠡᠭᠰᠢᠯᠡᠭᠦᠯᠬᠦ᠎ᠶᠢᠨ ᠵᠡᠷᠭᠡ᠎ᠳᠦ᠂ ᠬᠦᠨᠳᠦ ᠬᠣᠪᠣᠷ ᠰᠢᠷᠣᠢ᠎ᠶᠢ ᠥᠨᠳᠥᠷ ᠪᠦᠲᠦᠮᠵᠢᠲᠡᠶ᠎ᠪᠡᠷ ᠠᠰᠢᠭ᠍ᠯᠠᠬᠤ ᠪᠠ ᠣᠬᠣᠷ ᠴᠣᠪᠣᠷᠠᠯ᠎ᠢᠶᠠᠷ ᠬᠣᠷᠢᠶᠠᠨ ᠠᠪᠬᠤ᠎ᠶᠢ ᠪᠡᠶᠡᠯᠡᠭᠦᠯᠪᠡ᠃ ᠤᠯᠠᠮᠵᠢᠯᠠᠯᠲᠤ ᠤᠷᠠᠯᠠᠯ᠎ᠲᠠᠢ ᠬᠠᠷᠢᠴᠠᠭᠤᠯᠪᠠᠯ᠂ ᠰᠣᠷᠢᠨᠵᠢᠨ ᠴᠢᠳᠠᠪᠬᠢ ᠨᠢ ᠠᠳᠠᠯᠢᠪᠲᠤᠷ ᠪᠠᠢᠳᠠᠯ ᠳᠣᠣᠷ᠎ᠠ᠂ ᠬᠦᠨᠳᠦ ᠬᠣᠪᠣᠷ ᠰᠢᠷᠣᠢ᠎ᠶᠢ 30%᠎ᠡᠴᠡ 70%᠎ᠪᠠᠷ ᠠᠷᠪᠢᠯᠠᠵᠤ᠂ ᠦᠢᠯᠡᠳᠪᠦᠷᠢᠯᠡᠯ᠎ᠦᠨ ᠥᠪᠡᠷ᠎ᠦᠨ ᠥᠷᠲᠡᠭ᠎ᠢ ᠢᠯᠡᠳᠲᠡ ᠪᠠᠭᠤᠷᠠᠭᠤᠯᠤᠨ᠂ ᠬᠣᠪᠣᠷ ᠴᠤᠬᠠᠭ ᠡᠬᠢ ᠪᠠᠶᠠᠯᠢᠭ᠋᠎ᠲᠤ ᠲᠦᠰᠢᠭᠯᠡᠬᠦ᠎ᠶᠢ ᠨᠢ ᠨᠠᠮᠳᠠᠭᠤᠯᠬᠤ ᠪᠣᠯᠣᠨ᠎ᠠ᠃ 

ᠲᠠᠨᠢᠯᠴᠠᠭᠤᠯᠤᠭᠰᠠᠨ᠎ᠢᠶᠠᠷ᠂ ᠨᠧᠦᠳᠢᠮ ᠲᠡᠮᠦᠷ ᠪᠤᠷ᠎ᠤᠨ ᠰᠣᠷᠢᠨᠵᠢᠨ ᠪᠡᠶᠡᠲᠦ᠎ᠶ᠋ᠢᠨ ᠨᠣᠮᠧᠷ ᠨᠢ ᠲᠡᠭᠦᠨ᠎ᠦ ᠵᠠᠩᠭᠢᠯᠠᠭ᠎ᠠ᠎ᠶᠢᠨ ᠴᠢᠳᠠᠮᠵᠢ᠎ᠶ᠋ᠢᠨ ᠭᠦᠢᠴᠡᠳᠬᠡᠯ ᠲᠣᠭ᠎ᠠ᠎ᠶᠢ ᠲᠤᠰᠬᠠᠵᠤ ᠪᠠᠢᠳᠠᠭ᠃ ᠲᠣᠭ᠎ᠠ ᠨᠢ ᠰᠣᠷᠢᠨᠵᠢᠨ ᠡᠨᠧᠷᠭᠢ᠎ᠶᠢᠨ ᠦᠷᠡᠵᠢᠪᠦᠷᠢ᠎ᠶᠢ ᠲᠥᠯᠥᠭᠡᠯᠡᠵᠦ᠂ ᠲᠣᠭ᠎ᠠ ᠨᠢ ᠬᠡᠳᠦᠢ ᠶᠡᠬᠡ ᠪᠣᠯᠬᠤ ᠳᠣᠲᠤᠮ ᠰᠣᠷᠢᠨᠵᠢᠨ ᠴᠢᠨᠠᠷ ᠨᠢ ᠤᠯᠠᠮ ᠴᠢᠩᠭ᠎ᠠ ᠪᠣᠯᠣᠨ᠎ᠠ; ᠳᠣᠮᠳᠠᠬᠢ ᠴᠠᠭᠠᠨ ᠲᠣᠯᠣᠭᠠᠢ ᠨᠢ ᠰᠣᠷᠢᠨᠵᠢᠨ᠎ᠤ ᠰᠣᠷᠢᠨᠵᠢᠨ ᠠᠯᠳᠠᠭᠤᠯᠤᠯᠲᠠ᠎ᠶ᠋ᠢ ᠨᠢ ᠬᠣᠷᠢᠭ᠍ᠯᠠᠬᠤ ᠴᠢᠳᠠᠪᠤᠷᠢ᠎ᠶᠢ ᠢᠯᠡᠷᠬᠡᠢᠯᠡᠵᠦ᠂ ᠴᠠᠭᠠᠨ ᠲᠣᠯᠣᠭᠠᠢ ᠨᠢ ᠬᠡᠳᠦᠢ ᠬᠣᠢᠰᠢ᠎ᠪᠠᠨ ᠪᠠᠢᠬᠤ ᠳᠣᠲᠣᠮ ᠴᠢᠳᠠᠪᠤᠷᠢ ᠨᠢ ᠤᠯᠠᠮ ᠲᠣᠭᠲᠠᠪᠤᠷᠢᠲᠠᠢ ᠪᠠᠢᠳᠠᠭ; ᠬᠣᠢᠨᠠᠬᠢ ᠴᠠᠭᠠᠨ ᠲᠣᠯᠣᠭᠠᠢ ᠨᠢ ᠬᠡᠪ᠎ᠦᠨ ᠠᠵᠢᠯᠯᠠᠭᠠᠨ᠎ᠤ ᠳᠤᠯᠠᠭᠠᠨ᠎ᠤ ᠬᠡᠮᠵᠢᠶ᠎ᠡ᠎ᠶ᠋ᠢ ᠢᠯᠡᠷᠬᠡᠢᠯᠡᠨ᠎ᠡ᠂ ᠵᠢᠱ᠌ᠢᠶᠡᠯᠡᠪᠡᠯ 《H》 ᠭᠡᠳᠡᠭ ᠨᠢ ᠬᠠᠮᠤᠭ᠎ᠤᠨ ᠥᠨᠳᠥᠷ ᠬᠡᠪ᠎ᠦᠨ ᠠᠵᠢᠯᠯᠠᠭᠠᠨ᠎ᠤ ᠳᠤᠯᠠᠭᠠᠨ᠎ᠤ ᠬᠡᠮᠵᠢᠶ᠎ᠡ ᠨᠢ ᠪᠠᠷᠤᠭ 120℃ ᠪᠠᠢᠬᠤ᠎ᠶᠢ ᠵᠢᠭᠠᠵᠤ ᠪᠠᠢᠨ᠎ᠠ᠃ ᠪᠦᠯᠬᠦᠮ᠎ᠤᠨ ᠬᠢᠨ᠎ᠦ ᠦᠢᠯᠡᠳᠴᠦ᠍ ᠪᠦᠲᠦᠭᠡᠭ᠌ᠰᠡᠨ 52SH ᠰᠣᠷᠢᠨᠵᠢᠨ ᠪᠡᠶᠡᠲᠦ ᠨᠢ ᠰᠣᠷᠢᠨᠵᠢᠨ ᠡᠨᠧᠷᠭᠢ᠎ᠶᠢᠨ ᠦᠷᠡᠵᠢᠪᠦᠷᠢ᠎ᠪᠠᠷ ᠥᠨᠳᠥᠷ᠂ ᠲᠤᠢᠯ᠎ᠤᠨ ᠡᠵᠡᠯᠡᠬᠦᠨ ᠳᠣᠲᠣᠷ᠎ᠠ ᠬᠠᠮᠤᠭ᠎ᠤᠨ ᠴᠢᠩᠭ᠎ᠠ ᠰᠣᠷᠢᠨᠵᠢᠨ ᠬᠦᠴᠦ᠎ᠶᠢ ᠭᠠᠷᠭᠠᠵᠤ ᠳᠡᠢᠯᠳᠡᠭ᠂ ᠣᠷᠣᠨ ᠵᠠᠢ ᠪᠠ ᠠᠰᠢᠭ᠍ᠯᠠᠮᠵᠢ᠎ᠶᠢᠨ ᠱᠠᠭᠠᠷᠳᠠᠯᠭ᠎ᠠ᠎ᠪᠠᠷ ᠲᠤᠢᠯ᠎ᠤᠨ ᠥᠨᠳᠥᠷ ᠪᠠᠢᠳᠠᠯ᠎ᠳᠤ ᠲᠣᠬᠢᠷᠠᠳᠠᠭ᠂ ᠡᠨᠡ ᠨᠢ ᠨᠢᠭᠡᠨᠲᠡ ᠰᠢᠨ᠎ᠡ ᠡᠨᠧᠷᠭᠢ᠎ᠶᠢᠨ ᠮᠠᠰᠢᠨ ᠲᠡᠷᠭᠡᠨ᠎ᠦ ᠬᠥᠳᠡᠯᠭᠡᠭᠦᠷ ᠴᠠᠬᠢᠯᠭᠠᠨ ᠮᠠᠰᠢᠨ᠂ ᠰᠠᠯᠬᠢᠨ ᠬᠦᠴᠦᠨ᠎ᠢᠶᠡᠷ ᠴᠠᠬᠢᠯᠭᠠᠨ ᠭᠠᠷᠭᠠᠬᠤ᠂ ᠠᠵᠤ ᠦᠢᠯᠡᠳᠪᠦᠷᠢ᠎ᠶᠢᠨ ᠦᠢᠯᠡᠴᠢᠯᠡᠭ᠌ᠴᠢ ᠴᠠᠬᠢᠯᠭᠠᠨ ᠮᠠᠰᠢᠨ᠂ ᠮᠠᠰᠢᠨ ᠬᠥᠮᠥᠨ ᠵᠢᠴᠢ ᠬᠡᠷᠡᠭ᠌ᠯᠡᠭᠡ᠎ᠶ᠋ᠢᠨ ᠡᠯᠧᠺᠲᠷᠣᠨ ᠵᠡᠷᠭᠡ ᠬᠦᠷᠢᠶᠡᠨ᠎ᠳᠡᠬᠢ ᠬᠠᠮᠤᠭ᠎ᠤᠨ ᠨᠠᠢᠳᠠᠪᠤᠷᠢᠲᠠᠢ ᠰᠣᠩᠭᠣᠯᠲᠠ ᠪᠣᠯᠤᠭᠰᠠᠨ ᠪᠠᠢᠨ᠎ᠠ᠃ ᠬᠠᠷᠢᠨ 50UH ᠰᠣᠷᠢᠨᠵᠢᠨ ᠪᠡᠶᠡᠲᠦ ᠨᠢ ᠲᠤᠢᠯ᠎ᠤᠨ ᠥᠨᠳᠥᠷ ᠤᠤᠷ ᠰᠣᠷᠢᠨᠵᠢᠨ ᠮᠤᠵᠢᠭᠤ ᠬᠦᠴᠦ᠎ᠶᠢ ᠢᠯᠡᠷᠡᠭᠦᠯᠵᠦ᠂ ᠱᠢᠯᠢᠳᠡᠭ ᠰᠣᠷᠢᠨᠵᠢᠨ᠎ᠤ ᠠᠯᠳᠠᠭᠤᠯᠤᠯᠲᠠ᠎ᠶ᠋ᠢ ᠬᠣᠷᠢᠭ᠍ᠯᠠᠬᠤ ᠴᠢᠳᠠᠪᠤᠷᠢ ᠪᠠ ᠥᠨᠳᠥᠷ ᠳᠤᠯᠠᠭᠠᠨ᠎ᠤ ᠲᠣᠭᠲᠠᠪᠤᠷᠢᠲᠤ ᠴᠢᠨᠠᠷ᠎ᠲᠠᠢ ᠪᠠᠢᠵᠤ᠂ ᠰᠣᠷᠢᠨᠵᠢᠨ ᠳᠠᠷᠪᠢᠯᠲᠠ᠎ᠪᠠᠷ ᠳᠦᠷᠰᠦ ᠪᠦᠲᠦᠭᠡᠬᠦ᠂ ᠨᠠᠷᠢᠯᠢᠭ᠋ ᠨᠦᠯᠦᠭᠡᠯᠡᠬᠦᠷ᠂ ᠬᠡᠮᠵᠢᠭᠦᠷ ᠬᠡᠮᠵᠢᠭᠦᠷᠯᠢᠭ ᠪᠠ ᠠᠵᠤ ᠦᠢᠯᠡᠳᠪᠦᠷᠢ᠎ᠶᠢᠨ ᠪᠠᠢᠩᠭᠤ ᠰᠣᠷᠢᠨᠵᠢᠨᠲᠤ᠎ᠶ᠋ᠢᠨ ᠢᠵᠢᠯᠢ ᠠᠵᠢᠯᠯᠠᠭᠠᠨᠲᠤ ᠴᠠᠬᠢᠯᠭᠠᠨ ᠮᠠᠰᠢᠨ ᠵᠡᠷᠭᠡ᠎ᠳᠦ ᠥᠷᠭᠡᠨ᠎ᠢᠶᠡᠷ ᠬᠡᠷᠡᠭᠯᠡᠭᠳᠡᠵᠦ᠂ ᠲᠥᠬᠦᠭᠡᠷᠦᠮᠵᠢ᠎ᠶᠢᠨ ᠥᠨᠳᠥᠷ ᠳᠤᠯᠠᠭᠠᠨ᠂ ᠥᠨᠳᠥᠷ ᠳᠠᠷᠤᠯᠲᠠ ᠵᠢᠴᠢ ᠪᠤᠳᠤᠯᠢᠶᠠᠨᠲᠠᠢ ᠴᠠᠬᠢᠯᠭᠠᠨ ᠰᠣᠷᠢᠨᠵᠢᠨ᠎ᠤ ᠣᠷᠴᠢᠨ᠎ᠳᠤ ᠤᠷᠳᠦ ᠬᠤᠭᠤᠴᠠᠭ᠎ᠠ᠎ᠪᠠᠷ ᠲᠣᠭᠲᠠᠭᠤᠨ᠎ᠢᠶᠠᠷ ᠠᠵᠢᠯᠯᠠᠬᠤ᠎ᠶᠢ ᠪᠠᠲᠤᠯᠠᠳᠠᠭ᠃ 

ᠵᠣᠬᠢᠶᠠᠮᠠᠯ ᠤᠶᠦᠠ ᠵᠡᠷᠭᠡ ᠰᠢᠨ᠎ᠡ᠎ᠪᠡᠷ ᠮᠠᠨᠳᠤᠵᠤ ᠪᠠᠢᠭ᠎ᠠ ᠮᠡᠷᠭᠡᠵᠢᠯ᠎ᠦᠨ ᠲᠡᠰᠦᠷᠡᠯᠳᠠ ᠦᠭᠡᠢ ᠬᠥᠭᠵᠢᠬᠦ᠎ᠶᠢ ᠳᠠᠭᠠᠯᠳᠤᠨ᠂ ᠡᠯ᠎ᠡ ᠠᠵᠢᠯ ᠲᠦᠷᠦᠯ᠎ᠦᠨ ᠦᠨᠳᠦᠷ ᠴᠢᠳᠠᠪᠬᠢᠲᠤ ᠰᠣᠷᠢᠨᠵᠢᠨ ᠴᠢᠨᠠᠷ᠎ᠲᠠᠢ ᠮᠠᠲᠧᠷᠢᠶᠠᠯ᠎ᠤᠨ ᠬᠡᠷᠡᠭᠴᠡᠭᠡ ᠱᠠᠭᠠᠷᠳᠠᠯᠭ᠎ᠠ ᠦᠷᠭᠦᠯᠵᠢᠯᠡᠨ ᠳᠡᠭᠡᠭᠰᠢᠯᠡᠵᠦ᠂ ᠨᠧᠦᠳᠢᠮ ᠲᠡᠮᠦᠷ ᠪᠤᠷ ᠰᠣᠷᠢᠨᠵᠢᠨ ᠪᠡᠶᠡᠲᠦ᠎ᠶ᠋ᠢᠨ ᠦᠢᠯᠡᠳᠪᠦᠷᠢᠯᠡᠯ᠎ᠦᠨ ᠬᠡᠮᠵᠢᠶ᠎ᠡ ᠬᠢᠭᠡᠳ ᠵᠠᠬ᠎ᠠ ᠳᠡᠯᠭᠡᠭᠦᠷ᠎ᠦᠨ ᠬᠡᠪᠴᠢᠶ᠎ᠡ ᠲᠡᠰᠦᠷᠡᠯᠳᠠ ᠦᠭᠡᠢ ᠥᠷᠭᠡᠳᠴᠦ ᠪᠠᠢᠨ᠎ᠠ᠃ ᠰᠣᠷᠪᠣᠯᠵᠢᠯᠠᠭ᠎ᠠ᠎ᠶ᠋ᠢᠨ ᠶᠠᠪᠤᠴᠠ᠎ᠳᠤ ᠪᠤᠭᠤᠲᠤ᠎ᠶᠢᠨ ᠬᠣᠪᠣᠷ ᠰᠢᠷᠣᠢ᠎ᠶᠢᠨ ᠰᠤᠳᠤᠯᠭᠠᠨ᠎ᠤ ᠬᠦᠷᠢᠶᠡᠯᠡᠩ᠎ᠦᠨ ᠬᠠᠮᠢᠶ᠎ᠠ ᠪᠦᠬᠦᠢ ᠬᠠᠷᠢᠭᠤᠴᠠᠯᠭᠠᠲᠠᠨ ᠢᠯᠡᠷᠬᠡᠢᠯᠡᠬᠦ᠎ᠳᠦ᠎ᠪᠡᠨ᠂ ᠵᠠᠪᠰᠠᠷ᠎ᠤᠨ ᠲᠤᠷᠰᠢᠯᠲᠠ᠎ᠶᠢᠨ ᠱᠢᠯᠭᠠᠨ ᠨᠣᠲᠠᠯᠠᠯᠲᠠ᠎ᠶ᠋ᠢ ᠦᠷᠭᠦᠯᠵᠢᠯᠡᠨ ᠠᠬᠢᠭᠤᠯᠵᠤ᠂ ᠤᠷᠠᠯᠠᠯ᠎ᠤᠨ ᠴᠤᠪᠤᠷᠠᠯ᠎ᠢ ᠲᠡᠭᠦᠯᠳᠡᠷᠵᠢᠭᠦᠯᠦᠨ᠂ ᠵᠠᠬ᠎ᠠ ᠳᠡᠯᠭᠡᠭᠦᠷ᠎ᠦᠨ ᠠᠵᠠ ᠲᠣᠬᠢᠶᠠᠯ᠎ᠢ ᠵᠠᠪᠳᠤᠨ᠂ ᠰᠢᠨ᠎ᠡ ᠮᠠᠲᠧᠷᠢᠶᠠᠯ᠎ᠤᠨ ᠨᠠᠢᠷᠠᠯᠭ᠎ᠠ ᠪᠠ ᠦᠢᠯᠡᠳᠴᠦ᠍ ᠪᠦᠲᠦᠭᠡᠬᠦ᠌ ᠤᠷᠠᠯᠠᠯ᠎ᠢ ᠦᠷᠭᠦᠯᠵᠢᠯᠡᠨ ᠰᠤᠳᠤᠯᠤᠨ ᠨᠡᠭᠡᠭᠡᠵᠦ᠂ ᠬᠠᠢᠯᠤᠰᠢ᠎ᠶᠢᠨ ᠪᠦᠷᠢᠯᠳᠦᠭᠦᠨ ᠪᠠ ᠪᠢᠴᠢᠯ ᠪᠦᠲᠦᠴᠡ᠎ᠶᠢ ᠰᠢᠯᠢᠳᠡᠭᠵᠢᠭᠦᠯᠬᠦ᠎ᠪᠡᠷ ᠳᠠᠮᠵᠢᠭᠤᠯᠤᠨ᠂ ᠨᠧᠦᠳᠢᠮ ᠲᠡᠮᠦᠷ ᠪᠤᠷ ᠰᠣᠷᠢᠨᠵᠢᠨ ᠪᠡᠶᠡᠲᠦ᠎ᠶ᠋ᠢᠨ ᠵᠠᠩᠭᠢᠯᠠᠭ᠎ᠠ᠎ᠶᠢᠨ ᠴᠢᠳᠠᠮᠵᠢ᠎ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠠᠭᠠᠷ ᠠᠶᠠᠯᠠᠯ ᠰᠠᠨᠰᠠᠷ ᠠᠶᠠᠯᠠᠯ᠂ ᠳᠡᠭᠡᠳᠦ ᠲᠠᠰ᠎ᠤᠨ ᠲᠣᠨᠣᠭ ᠲᠥᠬᠦᠭᠡᠷᠦᠮᠵᠢ ᠦᠢᠯᠡᠳᠬᠦ ᠵᠡᠷᠭᠡ ᠭᠣᠣᠯᠳᠠᠯᠭ᠎ᠠ ᠪᠣᠯᠬᠤ ᠬᠦᠷᠢᠶ᠎ᠡ ᠴᠠᠷᠠᠭᠠᠨ᠎ᠤ ᠬᠡᠷᠡᠭᠴᠡᠭᠡ ᠱᠠᠭᠠᠷᠳᠠᠯᠭ᠎ᠠ᠎ᠶᠢ ᠬᠠᠩᠭᠠᠵᠤ᠂ ᠮᠠᠨ᠎ᠤ ᠤᠯᠤᠰ᠎ᠤᠨ 《ᠬᠣᠪᠣᠷ ᠰᠢᠷᠣᠢ᠎ᠶᠢᠨ ᠬᠣᠶᠠᠷ ᠰᠠᠭᠤᠷᠢᠨ ᠭᠠᠵᠠᠷ 》᠎ᠤᠨ ᠪᠦᠲᠦᠭᠡᠨ ᠪᠠᠢᠭᠤᠯᠤᠯᠲᠠ᠎ᠳᠤ ᠪᠠᠲᠤ ᠪᠡᠬᠢ ᠰᠢᠨᠵᠢᠯᠡᠬᠦ ᠤᠬᠠᠭᠠᠨ ᠲᠧᠭ᠌ᠨᠢᠭ ᠮᠡᠷᠭᠡᠵᠢᠯ᠎ᠦᠨ ᠲᠤᠯᠭᠠᠭᠤᠷᠢᠯᠠᠯ ᠬᠠᠩᠭᠠᠨ᠎ᠠ ᠭᠡᠵᠡᠢ᠃ 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ