10 ᠰᠠᠷ᠎ᠠ᠎ᠶᠢᠨ 14᠎ᠠᠴᠠ 16᠎ᠤ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶᠢᠨ ᠱᠦᠵᠢ ᠸᠠᠩ ᠸᠧᠢ ᠵᠦᠩ ᠬᠢᠩᠭᠠᠨ ᠠᠢᠮᠠᠭ᠎ᠤᠨ ᠤᠯᠠᠭᠠᠨᠬᠣᠲᠠ᠂ ᠷᠠᠱᠢᠶᠠᠨ ᠬᠤᠳᠠ᠎ᠳᠤ ᠬᠦᠷᠴᠦ᠍᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠤ ᠪᠦᠳᠦᠭᠡᠨ ᠪᠠᠢᠭᠤᠯᠤᠯᠲᠠ᠂ ᠬᠢᠯᠢ ᠬᠢᠵᠠᠭᠠᠷ᠎ᠢ ᠬᠦᠴᠦᠷᠬᠡᠭ᠌ᠵᠢᠭᠦᠯᠵᠦ᠍ ᠰᠡᠷᠭᠡᠢᠯᠡᠯᠲᠡ᠎ᠶ᠋ᠢ ᠪᠡᠬᠢᠵᠢᠭᠦᠯᠬᠦ᠌ ᠪᠠ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠠᠢᠳᠠᠯ᠎ᠢ ᠪᠠᠢᠴᠠᠭᠠᠨ ᠰᠤᠳᠤᠯᠪᠠ᠃ ᠲᠡᠷᠡ᠂ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶᠢᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ 《ᠬᠣᠶᠠᠷ ᠬᠠᠯᠬᠠᠪᠴᠢ》᠂ 《ᠬᠣᠶᠠᠷ ᠰᠠᠭᠤᠷᠢᠨ》᠂ 《 ᠨᠢᠭᠡ ᠪᠡᠬᠢᠯᠡᠯᠲᠡ》᠎ᠶᠢ ᠰᠠᠢᠲᠤᠷ ᠪᠥᠲᠥᠭᠡᠨ ᠪᠠᠢᠭᠤᠯᠵᠤ᠂ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠨ᠂ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠵᠤ ᠥᠭᠡᠷᠡᠴᠢᠯᠡᠯᠲᠡ ᠬᠥᠭ᠌ᠵᠢᠯᠲᠡ ᠲᠣᠭ᠍ᠲᠠᠭᠤᠨ᠎ᠤ ᠡᠯ᠎ᠡ ᠵᠦᠶ᠋ᠯ᠎ᠦᠨ ᠠᠵᠢᠯ᠎ᠢ ᠰᠠᠢᠲᠤᠷ ᠬᠢᠬᠦ᠌ ᠬᠡᠷᠡᠭ᠌ᠲᠡᠶ ᠭᠡᠵᠦ ᠴᠢᠬᠤᠯᠠᠴᠢᠯᠠᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠣᠷᠣᠯᠠᠭ᠍ᠴᠢ ᠲᠡᠷᠢᠭᠦᠯᠡᠭ᠌ᠴᠢ ᠪᠦᠦ ᠭᠠᠩ ᠣᠷᠣᠯᠴᠠᠵᠠᠢ᠃


ᠤᠯᠠᠭᠠᠨᠬᠣᠲᠠ᠎ᠳᠤ᠂ ᠸᠠᠩ ᠸᠧᠢ ᠵᠦᠩ《5·1》᠎ᠤ ᠬᠤᠷᠠᠯ᠎ᠤᠨ ᠬᠡᠷ᠎ᠤᠨ ᠪᠠᠭᠤᠷᠢ ᠪᠣᠯᠤᠨ ᠥᠪᠥᠷ ᠮᠣᠩᠭᠣᠯ᠎ᠤᠨ ᠨᠠᠮ᠎ᠤᠨ ᠬᠤᠷᠢᠶ᠎ᠠ᠎ᠶᠢᠨ ᠠᠯᠪᠠᠯᠠᠵᠤ ᠪᠠᠢᠭᠰᠠᠨ ᠬᠠᠭᠤᠴᠢᠨ ᠪᠠᠭᠤᠷᠢ᠎ᠳᠤ ᠬᠦᠷᠴᠦ᠍᠂ ᠲᠠᠢᠯᠪᠦᠷᠢᠯᠠᠯᠲᠠᠶ᠋ᠢ ᠨᠠᠷᠢᠨ ᠬᠢᠨᠠᠮᠠᠭᠠᠢ ᠰᠣᠨᠣᠰᠴᠤ᠌᠂ ᠳᠡᠯᠭᠡᠨ ᠦᠵᠡᠭᠦᠯᠭᠡ᠎ᠶ᠋ᠢ ᠨᠠᠷᠢᠨ ᠨᠢᠮᠪᠠᠢ ᠲᠣᠭᠣᠷᠢᠨ ᠦᠵᠡᠵᠦ᠍᠂ ᠬᠤᠪᠢᠰᠭᠠᠯ᠎ᠤᠨ ᠪᠠᠭᠤᠷᠢ᠎ᠶᠢᠨ ᠦᠯᠡᠳᠡᠭ᠌ᠳᠡᠯ᠎ᠢ ᠬᠠᠮᠠᠭᠠᠯᠠᠵᠤ ᠠᠱᠢᠭ᠍ᠯᠠᠭ᠍ᠰᠠᠨ ᠪᠠ ᠬᠤᠪᠢᠰᠭᠠᠯ᠎ᠤᠨ ᠰᠣᠶᠣᠯ᠎ᠢ ᠤᠯᠠᠮᠵᠢᠯᠠᠨ ᠵᠠᠯᠭᠠᠮᠵᠢᠯᠠᠭ᠍ᠰᠠᠨ ᠪᠠᠢᠳᠠᠯ᠎ᠢ ᠣᠢᠯᠠᠭᠠᠪᠠ᠃ ᠲᠡᠷᠡ᠂ ᠶᠡᠷᠦᠩᠬᠡᠢ ᠱᠦᠵᠢ ᠰᠢ ᠵᠢᠨ ᠫᠢᠩ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠨᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ ᠪᠠᠢᠭᠤᠯᠤᠭ᠍ᠳᠠᠭ᠍ᠰᠠᠨ ᠠᠩᠬᠠᠳᠠᠭ᠍ᠴᠢ ᠮᠤᠵᠢ᠎ᠶ᠋ᠢᠨ ᠲᠡᠰ᠎ᠤᠨ ᠴᠥᠭᠡᠨ ᠲᠣᠭᠠᠲᠤ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ ᠪᠣᠯᠤᠭ᠍ᠰᠠᠨ᠎ᠤ ᠬᠤᠪᠢ᠎ᠳᠤ》᠂《ᠦᠨᠳᠦᠰᠦᠲᠡᠨ᠎ᠦ ᠪᠦᠯᠬᠦᠮᠳᠡᠯ᠎ᠦᠨ ᠢᠷᠠᠭᠤ ᠠᠯᠳᠠᠷᠲᠤ ᠤᠯᠠᠮᠵᠢᠯᠠᠯ᠎ᠲᠠᠶ ᠶᠤᠮ》ᠭᠡᠵᠦ᠍ ᠣᠯᠠᠨᠲᠠ ᠴᠢᠬᠤᠯᠠᠴᠢᠯᠠᠪᠠ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠬᠤ ᠦᠭᠡᠢ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠪᠠᠢᠵᠤ ᠴᠢᠳᠠᠬᠤ ᠦᠭᠡᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ ᠨᠦᠭᠦᠳ᠎ᠦᠨ ᠠᠷᠠᠳ ᠲᠦᠮᠡᠨ᠎ᠦ ᠥᠨᠥᠳᠦᠷ᠎ᠦᠨ ᠰᠠᠢ᠌ᠨ ᠰᠠᠢᠬᠠᠨ ᠠᠮᠢᠳᠤᠷᠠᠯ ᠪᠠᠢᠵᠤ ᠴᠢᠳᠠᠬᠤ ᠦᠭᠡᠢ ᠶᠤᠮ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ᠎ᠬᠢᠨ ᠨᠠᠮ᠎ᠤᠨ ᠲᠥᠪ ᠬᠤᠷᠢᠶ᠎ᠠ᠎ᠶᠢᠨ ᠱᠢᠶ᠋ᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶ᠋ᠢ ᠲᠡᠷᠡ ᠶᠣᠰᠣᠭᠠᠷ᠎ᠨᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠪᠣᠳᠠᠲᠤ ᠠᠵᠢᠯᠯᠠᠭ᠎ᠠ ᠪᠠᠷ᠎ᠢᠶᠠᠨ《ᠬᠣᠶᠠᠷ᠎ᠢ ᠲᠣᠭ᠍ᠲᠠᠭᠠᠭᠰᠠᠨ》᠎ᠢ ᠡᠷᠡᠰ ᠬᠦᠷᠢᠶᠡᠯᠡᠵᠦ᠍᠂ 《ᠬᠣᠶᠠᠷ᠎ᠢ ᠬᠠᠮᠠᠭᠠᠯᠠᠬᠤ》᠎ᠶ᠋ᠢ ᠡᠷᠡᠰ ᠪᠡᠶᠡᠯᠡᠭᠦᠯᠬᠦ᠌ ᠬᠡᠷᠡᠭ᠌ᠲᠡᠶ᠃ ᠴᠢᠩ ᠵᠤᠷᠢᠭ ᠬᠤᠪᠢᠷᠠᠰᠢ ᠦᠭᠡᠢ᠎ᠪᠡᠷ ᠨᠠᠮ᠎ᠤᠨ ᠠᠴᠢ᠎ᠳᠤ ᠲᠠᠯᠠᠷᠬᠠᠵᠤ᠂ ᠨᠠᠮ᠎ᠤᠨ ᠦᠭᠡ᠎ᠶ᠋ᠢ ᠰᠣᠨᠣᠰᠴᠤ᠌᠂ ᠨᠠᠮ᠎ᠢᠶᠠᠨ ᠳᠠᠭᠠᠨ ᠤᠷᠤᠭᠰᠢᠯᠠᠵᠦ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠤᠤᠯ ᠱᠢᠵᠢᠮ᠎ᠢ ᠪᠥᠬᠥ᠌ ᠲᠠᠯ᠎ᠠ᠎ᠪᠠᠷ ᠲᠤᠭᠤᠱᠢᠯᠠᠭᠤᠯᠵᠤ᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠢ᠋ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠵᠤ᠂ ᠦᠨᠳᠦᠰᠦᠲᠡᠨ᠎ᠦ ᠪᠦᠯᠬᠦᠮᠳᠡᠯ᠎ᠦᠨ ᠢᠷᠠᠭᠤ ᠠᠯᠳᠠᠷᠲᠤ ᠤᠯᠠᠮᠵᠢᠯᠠᠯ᠎ᠢ ᠦᠷᠭᠦᠯᠵᠢᠯᠡᠨ ᠪᠠᠳᠠᠷᠠᠭᠤᠯᠵᠤ᠂ ᠡᠬᠡ ᠤᠯᠤᠰ᠎ᠤᠨ ᠬᠢᠯᠢ ᠬᠢᠵᠠᠭᠠᠷ᠎ᠢ ᠬᠠᠮᠲᠤ᠎ᠪᠠᠷ ᠰᠠᠬᠢᠨ ᠬᠠᠮᠠᠭᠠᠯᠠᠵᠤ᠂ ᠰᠠᠢᠨ ᠰᠠᠢᠬᠠᠨ ᠠᠮᠢᠳᠤᠷᠠᠯ᠎ᠢ ᠬᠠᠮᠲᠤ᠎ᠪᠠᠷ ᠴᠣᠭ᠍ᠴᠠᠯᠠᠨ᠂ ᠦᠵᠡᠰᠭᠦᠯᠡᠩᠲᠦ ᠰᠠᠢᠬᠠᠨ ᠥᠪᠥᠷ ᠮᠣᠩᠭᠣᠯ᠎ᠢᠶᠠᠨ ᠪᠥᠲᠥᠭᠡᠨ ᠪᠠᠢᠭᠤᠯᠵᠤ᠂ ᠠᠭᠤᠤ ᠶᠡᠬᠡ ᠳᠤᠮᠳᠠᠳᠤ᠎ᠶ᠋ᠢᠨ ᠵᠡᠭᠦᠳᠦ᠍᠎ᠪᠡᠨ ᠬᠠᠮᠲᠤ᠎ᠪᠠᠷ ᠲᠡᠷᠭᠡᠯᠱᠢᠭᠦᠯᠬᠦ᠌ ᠬᠡᠷᠡᠭ᠌ᠲᠡᠶ᠃ ᠨᠠᠷᠢᠨ ᠨᠢᠮᠪᠠᠢ ᠵᠣᠬᠢᠶᠠᠨ ᠪᠠᠢᠭᠤᠯᠤᠨ ᠪᠠᠢᠷᠢᠯᠠᠭᠤᠯᠵᠤ᠂ ᠭᠠᠴᠠᠭ᠎ᠠ ᠲᠣᠰᠭᠣᠨ᠂ ᠨᠡᠢᠭᠡᠮ ᠲᠣᠭᠣᠷᠢᠭ᠎ᠤᠨ《ᠬᠣᠶᠠᠷ ᠵᠥᠪᠯᠡᠯ》᠎ᠤ᠋ᠨ ᠬᠤᠭᠤᠴᠠᠭ᠎ᠠ ᠰᠣᠯᠢᠬᠤ ᠠᠵᠢᠯ᠎ᠢ ᠰᠠᠢᠲᠤᠷ ᠬᠢᠵᠦ᠍᠂ ᠦᠨᠳᠦᠰᠦᠨ ᠱᠠᠲᠤᠨ᠎ᠤ ᠡᠮᠦᠨ᠎ᠡ ᠹᠷᠣᠨᠲ᠎ᠤᠨ ᠵᠣᠬᠢᠶᠠᠨ ᠪᠠᠢᠭᠤᠯᠬᠤ ᠬᠦᠴᠦᠨ ᠪᠠ ᠠᠵᠢᠯ᠎ᠤᠨ ᠬᠦᠴᠦᠨ᠎ᠢ ᠦᠨᠡᠨ ᠬᠦ᠌ ᠪᠠᠢᠭᠤᠯᠤᠨ ᠬᠦᠴᠦᠷᠬᠡᠭ᠌ᠵᠢᠭᠦᠯᠵᠦ᠍᠂ ᠤᠯᠠᠨ ᠲᠦᠮᠡᠨ᠎ᠢ ᠨᠡᠩ ᠰᠠᠢᠲᠤᠷ ᠨᠢᠭ᠍ᠲᠠᠷᠠᠭᠤᠯᠤᠨ ᠤᠯᠠᠨ ᠲᠦᠮᠡᠨ᠎ᠳᠤ ᠨᠡᠩ ᠰᠠᠢᠳᠤᠷ ᠦᠢᠯᠡᠴᠢᠯᠡᠬᠦ᠌ ᠬᠡᠷᠡᠭ᠌ᠲᠡᠢ ᠭᠡᠵᠡᠢ᠃

ᠷᠠᠱᠢᠶᠠᠨ ᠬᠣᠲᠠ᠎ᠳᠤ᠂ ᠸᠠᠩ ᠸᠧᠶ ᠵᠥᠩ ᠬᠢᠯᠢ᠎ᠶ᠋ᠢᠨ ᠬᠠᠷᠠᠭᠤᠯ᠎ᠤᠨ ᠭᠠᠵᠠᠷ᠂ ᠬᠢᠯᠢ᠎ᠶ᠋ᠢᠨ ᠬᠠᠮᠠᠭᠠᠯᠠᠯᠲᠠ᠎ᠶ᠋ᠢᠨ ᠰᠤᠮᠤᠨ ᠠᠩᠭᠢ᠂ ᠨᠡᠭᠡᠭᠡᠯᠲᠡᠲᠦ ᠪᠣᠭᠣᠮᠲᠠ ᠪᠠ ᠦᠶ᠋ᠯᠡᠳᠪᠦᠷᠢᠯᠡᠯ᠎ᠦᠨ ᠠᠵᠤ ᠠᠬᠤᠢᠯᠠᠯ᠎ᠳᠤ ᠭᠦᠨᠵᠡᠭᠡᠢᠷᠡᠨ ᠬᠠᠮᠢᠶ᠎ᠠ ᠪᠥᠬᠥᠶ ᠪᠠᠢᠳᠠᠯ᠎ᠢ ᠣᠢᠯᠠᠭᠠᠪᠠ᠃ ᠶᠡᠬᠡ ᠬᠢᠩᠭᠠᠨ ᠳᠠᠪᠠᠭ᠎ᠠ᠎ᠶ᠋ᠢᠨ ᠪᠠᠷᠠᠭᠤᠨ ᠬᠣᠷᠮᠣᠶ᠎ᠶ᠋ᠢᠨ ᠮᠠᠨᠠᠭᠤᠯ᠎ᠤᠨ ᠠᠭᠤᠯᠠ ᠨᠠᠮᠤᠷ᠎ᠤᠨ ᠠᠩᠬᠠᠨ᠎ᠤ ᠴᠠᠰᠤ ᠤᠷᠤᠭᠰᠠᠨ᠎ᠢᠶᠡᠷ ᠤᠯᠠᠮ ᠬᠦᠶ᠋ᠲᠡᠨ ᠪᠣᠯᠵᠣ᠂ ᠠᠭᠤᠯᠠᠨ ᠣᠷᠣᠶᠳ᠋ᠡᠬᠢ ᠬᠠᠷᠠᠭᠤᠯ᠎ᠤᠨ ᠭᠠᠵᠠᠷ ᠰᠡᠬᠦᠢᠨ ᠰᠦᠨᠳᠡᠷᠯᠡᠵᠦ᠍᠂ ᠰᠠᠯᠬᠢᠨ᠎ᠤ ᠠᠶ᠎ᠠ᠎ᠪᠠᠷ ᠨᠠᠮᠢᠷᠠᠭ᠍ᠰᠠᠨ ᠲᠠᠪᠤᠨ ᠣᠳᠣᠲᠤ ᠤᠯᠠᠭᠠᠨ ᠲᠣᠭ ᠣᠨᠴᠠ᠎ᠶᠢᠨ ᠢᠯᠡᠲᠡᠢ ᠬᠠᠷᠠᠭᠳᠠᠨ᠎ᠠ᠃ 2014 ᠣᠨ᠎ᠳᠤ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠬᠤ᠎ᠳᠠᠭᠠᠨ ᠲᠤᠰᠭᠠᠢᠯᠠᠨ ᠡᠨᠳᠡ ᠢᠷᠡᠵᠦ᠍ ᠶᠠᠭ ᠵᠢᠵᠢᠭᠦᠷᠯᠡᠵᠦ᠍ ᠪᠠᠢᠭ᠍ᠰᠠᠨ ᠳᠠᠷᠤᠭ᠎ᠠ ᠪᠠᠢᠯᠳᠤᠭ᠍ᠴᠢᠳ᠎ᠢ ᠪᠣᠯᠭᠣᠭᠠᠨ ᠲᠤᠬᠤᠨᠢᠭᠤᠯᠤᠭᠰᠨᠨ ᠪᠢᠯᠡ᠃ ᠲᠡᠷᠢᠭᠦᠯᠡᠭ᠌ᠴᠢ᠎ᠵᠢᠨ ᠪᠣᠯᠭᠣᠭᠠᠨ ᠲᠣᠬᠣᠨᠢᠭᠤᠯᠤᠭ᠍ᠰᠠᠨ ᠪᠠᠢᠳᠠᠯ᠎ᠢ ᠲᠠᠬᠢᠨ ᠢᠯᠡᠷᠡᠭᠦᠯᠦᠭᠰᠡᠨ ᠤᠷᠲᠤ ᠬᠤᠩᠬᠢᠯᠳᠦ᠂ ᠸᠠᠩ ᠸᠧᠢ ᠵᠦᠩ ᠵᠣᠭ᠍ᠰᠣᠵᠤ ᠬᠡᠷᠡᠯ ᠵᠢᠷᠤᠭ᠎ᠢ ᠦᠵᠡᠵᠦ᠍᠂ ᠲᠠᠢᠯᠪᠤᠷᠢᠯᠠᠯᠲᠠ᠎ᠶ᠋ᠢ ᠨᠠᠷᠢᠨ ᠬᠢᠨᠠᠮᠠᠭᠠᠢ ᠰᠣᠨᠣᠰᠪᠠ᠃ ᠳᠠᠷᠠᠭ᠎ᠠ ᠨᠢ ᠲᠡᠷᠡ ᠮᠠᠨᠠᠭᠤᠯ᠎ᠤᠨ ᠠᠭᠤᠯᠨ ᠬᠠᠷᠠᠭᠤᠯ᠎ᠤᠨ ᠭᠠᠵᠠᠷ ᠪᠣᠯᠣᠨ ᠰᠤᠮᠤᠨ ᠠᠩᠭᠢ᠎ᠶᠢᠨ ᠰᠠᠭᠤᠭ᠎ᠠ ᠭᠠᠵᠠᠷ᠎ᠲᠤ ᠬᠦᠷᠴᠦ᠂《ᠮᠦᠷᠦᠭᠡᠳᠦᠯ᠎ᠤᠨ ᠮᠤᠳᠤ》᠎ᠶ᠋ᠢᠨ ᠰᠡᠳᠬᠢᠯ ᠬᠥᠳᠡᠯᠭᠡᠮ᠎ᠡ ᠦᠯᠢᠭᠡᠷ᠎ᠢ ᠰᠣᠨᠣᠰᠴᠤ᠂ ᠪᠠᠢᠷᠢ᠂ ᠬᠦᠳᠡᠯᠭᠡᠬᠡᠨᠤ ᠲᠠᠰᠤᠭ᠂ ᠲᠣᠭᠣᠭᠠᠨ ᠭᠡᠷ ᠪᠠ ᠵᠢᠵᠢᠭᠦᠷ᠎ᠦᠨ ᠠᠵᠢᠭ᠍ᠯᠠᠯᠲᠠ᠎ᠶᠢᠨ ᠴᠡᠭ᠎ᠢ ᠪᠠᠢᠴᠠᠭᠠᠨ ᠦᠵᠡᠬᠦ᠎ᠶᠢᠨ ᠬᠠᠮᠲᠤ ᠰᠤᠮᠤᠨ ᠠᠩᠭᠢ᠎ᠶᠢᠨ ᠢᠷᠠᠭᠤ ᠠᠯᠳᠠᠷ᠎ᠤᠨ ᠦᠷᠦᠭᠡ᠎ᠶᠢ ᠲᠣᠭᠣᠷᠢᠨ ᠦᠵᠡᠵᠦ᠂ ᠳᠠᠷᠤᠭ᠎ᠠ ᠪᠠᠢᠯᠳᠤᠭ᠍ᠴᠢᠳ᠎ᠤᠨ ᠵᠢᠵᠢᠭᠦᠷᠯᠡᠬᠦ᠂ ᠠᠮᠢᠳᠤᠷᠠᠯ ᠪᠠ ᠰᠤᠮᠤᠨ ᠠᠩᠭᠢ᠎ᠶᠢᠨ ᠪᠦᠲᠦᠭᠡᠨ ᠪᠠᠢᠭᠤᠯᠤᠯᠲᠠ ᠬᠥᠭᠵᠢᠯᠲᠡ ᠵᠡᠷᠭᠡ ᠪᠠᠢᠳᠠᠯ᠎ᠢ ᠨᠠᠷᠢᠨ ᠣᠢᠯᠠᠭᠠᠵᠤ᠂ ᠡᠪᠦᠯ᠎ᠦᠨ ᠤᠯᠠᠷᠢᠯ᠎ᠤᠨ ᠬᠦᠢᠲᠡᠨ᠎ᠢ ᠰᠡᠷᠭᠡᠢᠯᠡᠵᠦ ᠳᠤᠯᠠᠭᠠᠯᠠᠭ᠎ᠠ᠎ᠶᠢ ᠪᠠᠳᠤᠯᠠᠬᠤ᠂ ᠡᠳ᠋ ᠪᠣᠳᠠᠰ᠎ᠤᠨ ᠬᠠᠩᠭᠠᠯᠭ᠎ᠠ᠂ ᠵᠠᠮ ᠬᠠᠷᠢᠯᠴᠠᠭ᠎ᠠ ᠮᠡᠳᠡᠭᠡ ᠬᠣᠯᠪᠣᠭ᠎ᠠ᠎ᠶᠢ ᠬᠢᠷᠢ ᠵᠡᠷᠭᠡ ᠪᠠᠲᠤᠯᠠᠭᠰᠠᠨ ᠵᠢᠴᠢ ᠶᠠᠮᠠᠷ ᠬᠦᠴᠢᠷᠳᠡᠯ ᠪᠠ ᠠᠰᠠᠭᠤᠳᠠᠯ ᠣᠷᠣᠰᠢᠵᠤ ᠪᠠᠢᠬᠤ᠎ᠶᠢ ᠠᠰᠠᠭᠤᠨ ᠯᠠᠪᠯᠠᠪᠠ᠃ ᠸᠠᠩ ᠸᠧᠢ ᠵᠦᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ ᠵᠢᠴᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ ᠨᠦᠭᠦᠳ᠎ᠦᠨ 2400 ᠲᠦᠮᠡᠨ ᠠᠷᠠᠳ ᠲᠦᠮᠡᠨ ᠦ ᠡᠮᠦᠨ᠎ᠡ᠎ᠡᠴᠡ ᠬᠢᠯᠢ᠎ᠶᠢᠨ ᠬᠠᠮᠠᠭᠠᠯᠠᠯᠲᠠ᠎ᠶᠢᠨ ᠳᠠᠷᠤᠭ᠎ᠠ ᠪᠠᠢᠯᠳᠤᠭ᠍ᠴᠢᠳ᠎ᠤᠨ ᠰᠢᠷᠭᠠᠭᠤ ᠬᠠᠲᠠᠭᠤᠵᠢᠯᠲᠠᠢ ᠴᠢᠷᠮᠠᠢᠯᠭ᠎ᠠ᠎ᠳᠤ ᠲᠠᠯᠠᠷᠬᠠᠵᠤ ᠪᠠᠢᠬᠤ᠎ᠪᠠᠨ ᠢᠯᠡᠳᠬᠡᠵᠦ᠂ ᠤᠯᠠᠨ᠎ᠢᠶᠠᠷ᠎ᠢᠶᠠᠨ ᠶᠡᠷᠦᠩᠬᠡᠢ ᠱᠦᠵᠢ ᠰᠢ ᠵᠢᠨ ᠫᠢᠩ᠎ᠤᠨ ᠴᠢᠩ ᠰᠡᠳᠬᠢᠯ᠎ᠦᠨ ᠬᠦᠰᠡᠯ ᠨᠠᠶ᠋ᠢᠳᠠᠯᠭ᠎ᠠ᠎ᠶᠢ ᠪᠠᠲᠤ ᠴᠡᠭᠡᠵᠢᠯᠡᠵᠦ᠂ ᠬᠢᠯᠢ ᠬᠢᠵᠠᠭᠠᠷ᠎ᠢᠶᠠᠨ ᠦᠨᠡᠨᠴᠢ᠎ᠪᠡᠷ ᠬᠠᠮᠠᠭᠠᠯᠠᠬᠤ ᠰᠢᠯᠢᠳᠡᠭ ᠤᠯᠠᠮᠵᠢᠯᠠᠯ᠎ᠢᠶᠠᠨ ᠪᠠᠳᠠᠷᠠᠭᠤᠯᠵᠤ᠂ ᠴᠠᠭ ᠦᠶ᠎ᠡ ᠲᠡᠢ ᠵᠡᠷᠭᠡ᠎ᠪᠡᠷ ᠤᠷᠤᠭᠰᠢᠯᠠᠨ ᠤᠳᠤ ᠦᠶ᠎ᠡ᠎ᠶᠢᠨ ᠮᠡᠳᠡᠭᠡ ᠵᠠᠩᠭᠢ᠎ᠶᠢᠨ ᠮᠡᠷᠭᠡᠵᠢᠯ᠎ᠦᠨ ᠠᠷᠭ᠎ᠠ ᠪᠠᠷᠢᠯ᠎ᠢ ᠰᠠᠢᠲᠤᠷ ᠬᠡᠷᠡᠭᠯᠡᠵᠦ᠂ ᠡᠬᠡ ᠤᠯᠤᠰ᠎ᠤᠨ᠎ᠢᠶᠠᠨ ᠲᠥᠯᠥᠭᠡ ᠰᠠᠢᠲᠤᠷ ᠬᠠᠷᠠᠭᠤᠯ ᠵᠣᠭᠰᠣᠵᠤ᠂ ᠬᠢᠯᠢ ᠬᠢᠵᠠᠭᠠᠷ᠎ᠢᠶᠠᠨ ᠰᠠᠢᠲᠤᠷ ᠰᠠᠬᠢᠬᠤ ᠬᠡᠷᠡᠭᠲᠡᠢ ᠭᠡᠵᠦ ᠵᠣᠷᠢᠭ᠍ᠵᠢᠭᠤᠯᠪᠠ᠃ ᠲᠡᠷᠡ ᠬᠣᠯᠪᠣᠭᠳᠠᠯ ᠪᠦᠬᠦᠢ ᠲᠠᠯ᠎ᠠ᠎ᠶᠢᠨ ᠬᠢᠨᠢ ᠦᠪᠦᠷ ᠮᠤᠨᠭᠭᠤᠯ᠎ᠤᠨ ᠥᠪᠡᠷᠲᠡᠭᠡᠨ ᠵᠠᠰᠠᠬᠤ ᠣᠷᠣᠨ᠎ᠳᠤ ᠰᠠᠭᠤᠭ᠎ᠠ ᠴᠡᠷᠢᠭ ᠠᠩᠭᠢ ᠶᠢᠨ ᠪᠦᠲᠦᠭᠡᠨ ᠪᠠᠢᠭᠤᠯᠤᠯᠲᠠ᠎ᠶᠢ ᠪᠦᠬᠦ ᠬᠦᠴᠦᠨ ᠢᠶᠡᠷ ᠢᠶᠡᠨ ᠳᠡᠮᠵᠢᠵᠤ᠂ ᠬᠢᠯᠢ᠎ᠶᠢᠨ ᠬᠠᠮᠠᠭᠠᠯᠠᠯᠲᠠ᠎ᠶᠢᠨ ᠳᠠᠷᠤᠭ᠎ᠠ ᠪᠠᠢᠯᠳᠤᠭ᠍ᠴᠢᠳ᠎ᠢ ᠬᠠᠢᠷᠠᠯᠠᠨ ᠬᠠᠯᠠᠮᠵᠢᠯᠠᠵᠤ᠂ ᠰᠠᠨᠠᠭᠠᠴᠢᠯᠠᠭ᠎ᠠ᠎ᠡᠴᠡ᠎ᠪᠠᠨ ᠡᠮᠦᠨ᠎ᠡ ᠹᠷᠣᠨᠲ᠎ᠲᠤ ᠬᠦᠷᠴᠦ ᠬᠦᠴᠢᠷ ᠵᠤᠪᠠᠯᠠᠩ᠎ᠢ ᠨᠢ ᠰᠢᠢᠳᠪᠦᠷᠢᠯᠡᠬᠦ ᠬᠡᠷᠡᠭᠳᠡᠢ ᠭᠡᠵᠤ ᠵᠠᠬᠢᠪᠠ᠃


ᠸᠠᠩ ᠸᠧᠢ ᠵᠦᠩ ᠷᠠᠰᠢᠶᠠᠨ ᠪᠣᠭᠣᠮᠲᠠ᠎ᠳᠤ ᠬᠦᠷᠴᠦ᠂ ᠬᠣᠯᠪᠣᠭᠳᠠᠯ ᠪᠦᠬᠦᠢ ᠬᠠᠷᠢᠭᠤ ᠮᠡᠳᠡᠭᠦᠯᠦᠯᠲᠡ᠎ᠶᠢ ᠰᠣᠨᠣᠰᠴᠤ᠂ ᠪᠣᠭᠣᠮᠲᠠ᠎ᠶᠢᠨ ᠪᠦᠲᠦᠭᠡᠨ ᠪᠠᠢᠭᠤᠯᠤᠯᠲᠠ᠂ ᠬᠢᠯᠢ ᠠᠯᠤᠰᠯᠠᠭᠰᠠᠨ ᠵᠢᠭᠤᠯᠴᠢᠯᠠᠯ᠂ ᠭᠠᠳᠠᠭᠠᠳᠤ ᠠᠷᠠᠯᠵᠢᠶ᠎ᠠ ᠵᠡᠷᠭᠡ ᠪᠠᠢᠳᠠᠯ᠎ᠢ ᠣᠢᠯᠠᠭᠠᠭᠰᠠᠨ ᠪᠥᠭᠡᠳ ᠤᠯᠤᠰ᠎ᠤᠨ ᠡᠭᠦᠳᠡᠨ᠎ᠦ ᠡᠮᠦᠨ᠎ᠡ ᠹᠷᠣᠨᠲ᠎ᠢ ᠪᠠᠢᠴᠠᠭᠠᠨ ᠦᠵᠡᠪᠡ᠃ ᠲᠡᠷᠡ᠂ ᠪᠣᠭᠣᠮᠲᠠ᠎ᠶᠢᠨ ᠰᠠᠭᠤᠷᠢ ᠲᠥᠬᠦᠭᠡᠷᠦᠮᠵᠢ᠎ᠶᠢᠨ ᠪᠦᠲᠦᠭᠡᠨ ᠪᠠᠢᠭᠤᠯᠤᠯᠲᠠ᠎ᠶᠢ ᠴᠢᠩᠭᠠᠳᠬᠠᠵᠤ᠂ ᠭᠠᠳᠠᠭᠠᠳᠤ ᠨᠡᠭᠡᠭᠡᠯᠲᠡ᠎ᠶᠢᠨ ᠲᠦᠪᠰᠢᠨ᠎ᠢ ᠴᠢᠷᠮᠠᠢᠨ ᠳᠡᠭᠡᠭᠰᠢᠯᠡᠭᠦᠯᠵᠦ᠂ ᠭᠠᠳᠠᠭᠠᠳᠤ ᠠᠷᠠᠯᠵᠢᠶᠠᠨ᠎ᠤ ᠰᠢᠨ᠎ᠡ ᠨᠡᠮᠡᠭᠳᠡᠯ᠎ᠦᠨ ᠴᠡᠭ᠎ᠢ ᠡᠭᠦᠳᠴᠦ᠂ ᠮᠠᠨ᠎ᠤ ᠤᠯᠤᠰ᠎ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠡᠬᠢᠯᠡᠯᠲᠡ᠎ᠶᠢ ᠨᠡᠩ ᠰᠠᠢᠲᠤᠷ ᠪᠦᠲᠦᠭᠡᠨ ᠪᠠᠶ᠋ᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃ ᠸᠠᠩ ᠸᠧᠢ ᠵᠦᠩ ᠷᠠᠰᠢᠶᠠᠨ᠎ᠤ ᠢᠯᠢ ᠷᠠᠰᠢᠶᠠᠨ ᠤᠮᠳᠠᠭᠠᠨ᠎ᠤ ᠬᠢᠵᠠᠭᠠᠷᠲᠤ ᠺᠣᠮᠫᠠᠨᠢ᠎ᠳᠤ ᠬᠦᠷᠴᠦ᠂ ᠦᠢᠯᠡᠳᠪᠦᠷᠢᠯᠡᠯ᠎ᠦᠨ ᠲᠠᠰᠤᠭ᠎ᠢ ᠪᠠᠢᠴᠠᠭᠠᠨ ᠦᠵᠡᠵᠦ᠂ ᠦᠢᠯᠡᠳᠬᠦᠨ᠎ᠦ ᠦᠵᠡᠭᠦᠯᠭᠡ᠎ᠶᠢᠨ ᠲᠣᠭᠣᠷᠢᠭ᠋᠎ᠲᠤ ᠤᠷᠤᠵᠤ᠂ ᠠᠵᠤ ᠠᠬᠤᠢᠯᠠᠯ᠎ᠤᠨ ᠦᠢᠯᠡᠳᠪᠦᠷᠢᠯᠡᠯ ᠡᠵᠡᠩᠨᠡᠯᠲᠡ᠎ᠶᠢᠨ ᠪᠠᠢᠳᠠᠯ᠎ᠢ ᠭᠦᠨᠵᠡᠭᠡᠢ ᠣᠢᠯᠠᠭᠠᠪᠠ᠃ ᠲᠡᠷᠡ᠂ ᠡᠯ᠎ᠡ ᠱᠠᠲᠤᠨ᠎ᠤ ᠬᠢᠨ ᠰᠠᠨᠠᠭᠠᠴᠢᠯᠠᠭ᠎ᠠ᠎ᠡᠴᠡ᠎ᠪᠠᠨ ᠠᠵᠤ ᠠᠬᠤᠢᠯᠠᠯ᠎ᠤᠨ ᠬᠡᠷᠡᠭᠴᠡᠭᠡ᠎ᠲᠠᠢ ᠵᠣᠯᠭᠠᠭᠤᠯᠵᠤ᠂ ᠨᠡᠩ ᠣᠨᠣᠪᠴᠢᠲᠠᠢ ᠦᠢᠯᠡᠴᠢᠯᠡᠭᠡᠨ᠎ᠦ ᠪᠠᠲᠤᠯᠠᠭ᠎ᠠ ᠬᠠᠩᠭᠠᠵᠤ᠂ ᠬᠤᠳᠠᠯᠳᠤᠭ᠎ᠠ ᠡᠷᠬᠢᠯᠡᠬᠦ ᠣᠷᠴᠢᠨ ᠨᠦᠭᠦᠴᠡᠯ᠎ᠢ ᠤᠯᠠᠮ ᠰᠢᠯᠢᠳᠡᠭᠵᠢᠭᠦᠯᠬᠦ ᠬᠡᠷᠡᠭᠲᠡᠢ᠃ ᠡᠨᠡ ᠵᠢᠯ᠎ᠦᠨ ᠳᠡᠭᠡᠷ᠎ᠡ ᠬᠠᠭᠠᠰ ᠵᠢᠯ᠎ᠳᠦ ᠨᠡᠢᠲᠡᠯᠡᠭᠰᠡᠨ ᠠᠷᠠᠳ᠎ᠤᠨ ᠡᠵᠡᠩᠨᠡᠯᠲᠡ᠎ᠶᠢᠨ ᠠᠵᠤ ᠠᠬᠤᠢ᠎ᠶᠢ ᠠᠬᠢᠭᠤᠯᠬᠤ ᠬᠠᠤᠯᠢ᠎ᠶᠢ ᠪᠦᠬᠦ ᠲᠠᠯ᠎ᠠ᠎ᠪᠠᠷ ᠨᠠᠢᠳᠠᠪᠤᠷᠢᠵᠢᠭᠤᠯᠵᠤ᠂ ᠠᠵᠤ ᠠᠬᠤᠢᠯᠠᠯ᠎ᠤᠨ ᠭᠣᠣᠯ ᠠᠵᠢᠯ᠎ᠢᠶᠠᠨ ᠪᠠᠲᠤ ᠰᠠᠬᠢᠵᠤ᠂ ᠠᠵᠤ ᠦᠢᠯᠡᠰ᠎ᠢᠶᠡᠨ ᠬᠦᠴᠦᠷᠬᠡᠭᠵᠢᠭᠦᠯᠬᠦ᠎ᠶᠢ ᠳᠡᠮᠵᠢᠬᠦ ᠬᠡᠷᠡᠭᠲᠡᠢ᠃ ᠠᠵᠤ ᠠᠬᠤᠢᠯᠠᠯ ᠳᠠᠪᠠᠭᠤᠯᠢᠭ᠋᠎ᠲᠠᠭᠠᠨ ᠰᠠᠭᠤᠷᠢᠯᠠᠨ ᠰᠢᠨ᠎ᠡ᠎ᠶᠢ ᠡᠭᠦᠳᠦᠨ ᠬᠥᠭᠵᠢᠭᠦᠯᠵᠦ᠂ ᠮᠡᠷᠭᠡᠵᠢᠯ ᠤᠷ᠎ᠠ ᠮᠡᠷᠭᠡᠰᠢᠯ᠎ᠤᠨ ᠲᠦᠪᠰᠢᠨ ᠪᠠ ᠲᠥᠷᠥᠯ ᠲᠡᠮᠳᠡᠭ᠎ᠤᠨ ᠦᠢᠯᠡᠳᠦᠯ᠎ᠢ ᠤᠯᠠᠮ ᠳᠡᠭᠡᠭᠰᠢᠯᠡᠭᠦᠯᠵᠦ᠂ ᠵᠠᠬ᠎ᠠ ᠳᠡᠯᠭᠡᠭᠦᠷ᠎ᠲᠦ ᠨᠠᠩ ᠣᠯᠠᠨ ᠴᠢᠨᠠᠷ ᠰᠠᠢᠲᠠᠢ ᠦᠢᠯᠡᠳᠬᠦᠨ ᠬᠠᠩᠭᠠᠬᠤ ᠬᠡᠷᠡᠭᠲᠡᠢ ᠭᠡᠵᠤ ᠴᠢᠬᠤᠯᠠᠴᠢᠯᠠᠪᠠ᠃

ᠪᠠᠢᠴᠠᠭᠠᠨ ᠰᠤᠳᠤᠯᠤᠯᠲᠠ ᠬᠢᠬᠦ ᠶᠠᠪᠤᠴᠠ᠎ᠳᠤ᠂ ᠸᠠᠩ ᠸᠧᠢ ᠵᠦᠩ ᠪᠠᠰᠠ ᠷᠠᠰᠢᠶᠠᠨ ᠬᠤᠳᠠ᠎ᠶᠢᠨ ᠠᠵᠢᠯ᠎ᠡᠴᠡ᠎ᠪᠠᠨ ᠠᠮᠠᠷᠠᠭᠰᠠᠨ ᠤᠢ ᠰᠢᠭᠤᠢ᠎ᠶᠢᠨ ᠠᠵᠢᠯᠴᠢᠨ ᠰᠦᠨ ᠢᠦᠢ ᠭᠦᠸᠸ᠎ᠶᠢᠨ ᠭᠡᠷ᠎ᠲᠤ ᠬᠦᠷᠴᠦ᠂ ᠬᠤᠶᠠᠷ ᠨᠠᠰᠤᠲᠠᠨ᠎ᠲᠠᠢ ᠳᠣᠲᠣᠨᠣ᠌᠎ᠪᠠᠷ ᠶᠠᠷᠢᠯᠴᠠᠵᠤ᠂ ᠲᠡᠳᠡᠨ᠎ᠦ ᠠᠮᠢᠳᠤᠷᠠᠯ᠎ᠤᠨ ᠪᠠᠢᠳᠠᠯ᠎ᠢ ᠨᠠᠷᠢᠨ ᠣᠢᠯᠠᠭᠠᠪᠠ᠃ ᠳᠥᠭᠥᠮ ᠪᠦᠲᠦᠴᠡᠲᠦ ᠣᠷᠣᠨ ᠰᠠᠭᠤᠴᠠ ᠲᠠᠢ ᠡᠷᠦᠬᠡ《ᠬᠠᠪᠲᠠᠰᠦ᠎ᠲᠦ ᠰᠢᠪᠠᠷ ᠪᠠᠢᠰᠢᠩ》᠎ᠡᠴᠡ ᠰᠢᠨ᠎ᠡ ᠠᠰᠠᠷ᠎ᠲᠤ ᠨᠡᠭᠦᠵᠦ ᠣᠷᠣᠭᠰᠠᠨ᠎ᠤ ᠳᠠᠷᠠᠭ᠎ᠠ ᠠᠮᠢᠳᠤᠷᠠᠯ ᠨᠢ ᠤᠯᠠᠮ᠎ᠡᠴᠡ ᠤᠯᠠᠮ ᠰᠠᠢᠵᠢᠷᠠᠵᠤ᠂ ᠬᠦᠷᠲᠡᠮᠵᠢ᠎ᠶᠢᠨ ᠲᠥᠷᠥᠭᠳᠡᠯ᠂ ᠵᠢᠷᠭᠠᠯᠲᠤ ᠲᠥᠷᠥᠭᠳᠡᠯ᠂ ᠠᠮᠤᠷ ᠲᠦᠪᠰᠢᠨ᠎ᠦ ᠲᠥᠷᠥᠭᠳᠡᠯ ᠨᠢ ᠤᠯᠠᠮ᠎ᠡᠴᠡ ᠤᠯᠠᠮ ᠭᠦᠢᠴᠡᠳ ᠪᠣᠯᠤᠭᠰᠠᠨ᠎ᠢ ᠰᠣᠨᠣᠰᠤᠭᠠᠳ ᠸᠠᠩ ᠸᠧᠢ ᠵᠦᠩ ᠲᠤᠢᠯ᠎ᠢᠶᠠᠷ ᠪᠠᠶᠠᠷᠯᠠᠵᠤ᠂ ᠲᠡᠳᠡᠨ᠎ᠦ ᠪᠡᠶ᠎ᠡ ᠮᠠᠬᠠᠪᠤᠳ ᠡᠷᠡᠭᠦᠯ ᠴᠢᠭᠢᠷᠠᠭ᠂ ᠠᠮᠢᠳᠤᠷᠠᠯ ᠨᠢ ᠵᠣᠯ ᠵᠢᠷᠭᠠᠯ᠎ᠲᠠᠢ ᠪᠠᠢᠬᠤ᠎ᠶᠢ ᠪᠠᠶᠠᠷᠯᠠᠨ ᠵᠥᠩᠨᠡᠪᠡ᠃ ᠸᠠᠩ ᠸᠧᠢ ᠵᠦᠩ᠂ ᠶᠡᠷᠦᠩᠬᠡᠢ ᠱᠦᠵᠢ ᠰᠢ ᠵᠢᠨ ᠫᠢᠩ ᠤᠯᠠᠨ ᠲᠦᠮᠡᠨ᠎ᠦ ᠬᠠᠯᠠᠭᠤᠨ ᠲᠤᠯᠠᠭᠠᠨᠢ ᠢᠮᠠᠭᠲᠠ ᠰᠠᠨᠠᠭᠠᠰᠢᠷᠠᠭᠰᠠᠭᠠᠷ ᠢᠷᠡᠵᠠᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠬᠢᠨ ᠠᠷᠠᠳ ᠲᠦᠮᠡᠨ᠎ᠢᠶᠡᠷ ᠭᠣᠣᠯ ᠪᠣᠯᠭᠠᠬᠤ ᠬᠥᠭᠵᠢᠯᠲᠡ᠎ᠶᠢᠨ ᠦᠵᠡᠯ ᠰᠠᠨᠠᠭ᠎ᠠ᠎ᠶᠢ ᠭᠦᠨᠵᠡᠭᠡᠢ ᠦᠢᠯᠡᠳᠦᠯᠭᠡᠵᠢᠭᠦᠯᠵᠦ᠂ ᠤᠯᠠᠨ ᠲᠦᠮᠡᠨ ᠦ ᠬᠦᠰᠡᠯ ᠱᠠᠭᠠᠷᠳᠠᠯᠭ᠎ᠠ᠎ᠶᠢ ᠰᠠᠨᠠᠭᠠᠴᠢᠯᠠᠭ᠎ᠠ᠎ᠡᠴᠡ᠎ᠪᠠᠨ ᠰᠣᠨᠣᠰᠴᠤ᠂ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠢ ᠴᠢᠷᠮᠠᠢᠨ ᠨᠡᠮᠡᠭᠳᠡᠭᠦᠯᠵᠦ᠂ ᠨᠠᠮ ᠪᠣᠯᠣᠨ ᠵᠠᠰᠠᠭ᠎ᠤᠨ ᠣᠷᠳᠣᠨ᠎ᠤ ᠬᠠᠯᠠᠮᠵᠢᠯᠠᠯ᠎ᠢ ᠠᠷᠠᠳ ᠤᠯᠠᠨ᠎ᠤ ᠰᠡᠳᠬᠢᠯ᠎ᠳᠦ ᠬᠦᠷᠭᠡᠬᠦ ᠬᠡᠷᠡᠭᠲᠡᠢ ᠭᠡᠵᠦ ᠬᠡᠯᠡᠪᠡ᠃
ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠢᠦᠢ ᠯᠢ ᠰᠢᠨ ᠠᠵᠢᠯᠯᠠᠭ᠎ᠠ᠎ᠳᠤ ᠣᠷᠣᠯᠴᠠᠵᠠᠢ᠃