《ᠠᠷᠠᠳ᠎ᠤᠨ ᠡᠳᠦᠷ᠎ᠤᠨ ᠰᠣᠨᠢᠨ》 (2025 ᠣᠨ᠎ᠤ 6 ᠳ᠋ᠤᠭ᠋ᠠᠷ ᠰᠠᠷ᠎ᠠ ᠵᠢᠨ 7᠎ᠤ ᠡᠳᠦᠷ᠎ᠤᠨ ᠬᠡᠪᠯᠡᠯ᠎ᠤᠨ 2 ᠳ᠋ᠤᠭ᠋ᠠᠷ ᠨᠢᠭᠤᠷ)
6᠎ᠤ ᠡᠳᠦᠷ᠂ ᠥᠪᠥᠷ ᠮᠣᠩᠭᠣᠯ᠎ᠤᠨ ᠪᠤᠭᠤᠲᠤ᠎ᠠᠴᠠ ᠨᠢᠩᠰᠢᠶᠠ ᠵᠢᠨ ᠢᠷᠭ᠋ᠠᠢ ᠬᠦᠷᠬᠦ ᠲᠦᠷᠭᠡᠨ᠎ᠤ ᠲᠡᠮᠦᠷ ᠵᠠᠮ᠎ᠤᠨ ᠥᠪᠥᠷ ᠮᠣᠩᠭᠣᠯ᠎ᠳᠠᠬᠢ ᠬᠡᠰᠡᠭ᠎ᠤᠨ ᠲᠡᠮᠦᠷ ᠵᠠᠮ ᠳᠡᠪᠢᠰᠬᠦ ᠢᠨᠵᠧᠨᠧᠷᠢᠩ᠎ᠢ ᠲᠡᠭᠦᠰ ᠠᠮᠵᠢᠯᠲᠠ᠎ᠲᠠᠢ ᠪᠡᠶᠡᠯᠡᠭᠦᠯᠦᠭᠡᠳ ᠂ ᠥᠨᠥ ᠵᠢᠯ᠎ᠳᠤ᠎ᠪᠠᠨ ᠠᠰᠢᠭᠯᠠᠯᠲᠠ᠎ᠳᠤ ᠣᠷᠣᠭᠤᠯᠬᠤ᠎ᠳᠤ ᠪᠠᠲᠤ ᠪᠡᠬᠢ ᠰᠠᠭᠤᠷᠢ ᠵᠢ ᠲᠠᠯᠪᠢᠭᠰᠠᠨ ᠪᠠᠢ᠌ᠨ᠎ᠠ᠃ ᠪᠤᠭᠤᠲᠤ᠎ᠠᠴᠠ ᠢᠷᠭ᠋ᠠᠢ ᠬᠦᠷᠬᠦ ᠲᠦᠷᠭᠡᠨ᠎ᠤ ᠲᠡᠮᠦᠷ ᠵᠠᠮ ᠨᠢ ᠤᠯᠤᠰ᠎ᠤᠨ 《 ᠨᠠᠢ᠍ᠮᠠᠨ ᠭᠤᠯᠳᠤ ᠨᠠᠢ᠍ᠮᠠᠨ ᠬᠥᠨᠳᠡᠯᠡᠨ 》 ᠲᠦᠷᠭᠡᠨ᠎ᠤ ᠲᠡᠮᠦᠷ ᠵᠠᠮ᠎ᠤᠨ ᠲᠣᠣᠷ᠎ᠤᠨ ᠪᠡᠭᠡᠵᠢᠩ — ᠯᠠᠨᠵᠧᠦ ᠨᠡᠪᠲᠡᠷᠡᠯ ᠵᠠᠮ᠎ᠤᠨ ᠴᠢᠬᠤᠯᠠ ᠪᠦᠷᠢᠯᠳᠦᠭᠦᠨ ᠬᠡᠰᠡᠭ ᠪᠠᠢ᠌ᠵᠤ᠂ ᠵᠠᠮ᠎ᠤᠨ ᠪᠦᠬᠦ ᠤᠷᠳᠤᠨᠢ 519 ᠺᠢᠯᠣᠮᠧᠲᠷ ᠪᠣᠯᠣᠨ᠎ᠠ ᠃ ᠪᠤᠭᠤᠲᠤ᠎ᠠᠴᠠ ᠢᠷᠭ᠋ᠠᠢ ᠬᠦᠷᠬᠦ ᠲᠦᠷᠭᠡᠨ᠎ᠤ ᠲᠡᠮᠦᠷ ᠵᠠᠮ᠎ᠤᠨ ᠪᠦᠬᠦ ᠱᠤᠭᠤᠮ ᠵᠶ᠋ᠠᠷ ᠲᠡᠷᠭᠡ ᠨᠡᠪᠲᠡᠷᠡᠭᠰᠡᠨ᠎ᠤ ᠳᠠᠷᠠᠭ᠎ᠠ ᠂ ᠪᠤᠭᠤᠲᠤ᠎ᠠᠴᠠ ᠢᠷᠭ᠋ᠠᠢ ᠬᠦᠷᠬᠦ ᠭᠠᠯᠲᠤ ᠲᠡᠷᠭᠡᠨ᠎ᠤ ᠠᠶᠠᠯᠠᠬᠤ ᠴᠠᠭ᠎ᠢ ᠣᠳᠣᠬᠠᠨ᠎ᠤ 6 ᠴᠠᠭ ᠪᠠᠢ᠌ᠭᠰᠠᠨ᠎ᠢ ᠪᠣᠭᠣᠨᠢᠰᠬᠠᠭ᠋ᠠᠳ ᠬᠠᠮᠤᠭ᠎ᠤᠨ ᠬᠤᠷᠳᠤᠨᠳᠤᠪᠠᠨ 2 ᠴᠠᠭ ᠠᠶᠠᠯᠠᠬᠤ ᠪᠣᠯᠭ᠋ᠠᠨ᠎ᠠ᠃
ᠵᠢᠷᠤᠭ ᠪᠣᠯ 6 ᠳ᠋ᠤᠭ᠋ᠠᠷ ᠰᠠᠷ᠎ᠠ ᠵᠢᠨ 6᠎ᠤ ᠡᠳᠦᠷ ᠳᠡᠪᠢᠰᠴᠦ ᠳᠠᠭᠤᠰᠬᠠᠭᠰᠠᠨ ᠪᠤᠭᠤᠲᠤ᠎ᠠᠴᠠ ᠢᠷᠭ᠋ᠠᠢ ᠬᠦᠷᠬᠦ ᠲᠦᠷᠭᠡᠨ᠎ᠤ ᠲᠡᠮᠦᠷ ᠵᠠᠮ᠎ᠤᠨ ᠦᠬᠠᠢ᠎ᠳᠠᠬᠢ ᠬᠠᠲᠤᠨ ᠭᠣᠣᠯ᠎ᠤᠨ ᠣᠨᠴᠠ ᠶᠡᠬᠡ ᠬᠥᠭᠥᠷᠭᠡ ᠵᠢᠨ ᠲᠡᠮᠦᠷ ᠵᠠᠮ᠎ᠤᠨ ᠬᠡᠰᠡᠭ ᠪᠣᠯᠣᠨ᠎ᠠ ᠃
ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠯᠢᠶᠠᠨ ᠵᠧᠨ ᠰᠡᠭᠦᠳᠡᠷᠯᠡᠪᠡ