ᠲᠡᠷᠢᠭᠦᠨ ᠬᠠᠭᠤᠳᠠᠰᠤ   -   ᠠᠶ᠋ᠢᠮᠠᠭ ᠬᠤᠲᠠ᠎ᠶᠢᠨ ᠰᠣᠨᠤᠰᠬᠠᠯ
ᠪᠠᠶᠠᠨᠨᠠᠭᠤᠷ ᠬᠣᠲᠠ᠎ᠶᠢᠨ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠡᠮᠳᠡᠭᠯᠡᠯ᠎ᠢ ᠡᠭᠦᠳᠪᠡ
ᠨᠡᠶ᠋ᠢᠲᠡᠯᠡᠭᠰᠡᠨ ᠴᠠᠭ᠄ 2025-10-13

 

10 ᠳ᠋ᠤᠭᠠᠷ ᠰᠠᠷ᠎ᠠ᠎ᠶᠢᠨ 11᠎ᠦ ᠡᠳᠦᠷ᠂ ᠪᠠᠶᠠᠨᠨᠠᠭᠤᠷ ᠬᠣᠲᠠ ᠲᠣᠨ᠎ᠤ ᠤᠨᠠᠯᠲᠠ ᠲᠠᠢ ᠵᠠᠭᠤᠨ ᠲᠦᠮᠡᠨ ᠮᠦ᠍ ᠲᠠᠷᠢᠶ᠎ᠠ᠎ᠶᠢᠨ ᠪᠣᠳᠠᠲᠠᠢ ᠬᠤᠷᠢᠶᠠᠯᠲᠠ᠎ᠶᠢ ᠰᠢᠯᠭᠠᠨ ᠬᠡᠮᠵᠢᠬᠦ ᠬᠤᠷᠠᠯ ᠬᠤᠷᠠᠯᠳᠤᠭᠤᠯᠪᠠ᠃ ᠤᠨᠠᠯᠲᠠ᠎ᠶᠢ ᠬᠡᠮᠵᠢᠬᠦ᠎ᠳᠦ᠂ ᠲᠣᠰ ᠬᠣᠲᠠ᠎ᠶᠢᠨ ᠥᠨᠳᠥᠷ ᠤᠨᠠᠯᠲᠠ᠎ᠲᠠᠢ ᠵᠠᠭᠤᠨ ᠮᠦ᠍ ᠡᠷᠳᠡᠨᠢ ᠰᠢᠰᠢ᠎ᠶᠢᠨ ᠲᠠᠷᠢᠶᠠᠨ᠎ᠤ ᠲᠠᠯᠠᠪᠠᠶ ᠨᠢᠭᠡᠴᠢ᠎ᠶᠢᠨ ᠤᠨᠠᠯᠲᠠ 1480.34 ᠺᠢᠯᠣᠭ᠌ᠷᠠᠮ᠂ ᠥᠨᠳᠥᠷ ᠤᠨᠠᠯᠲᠠ᠎ᠲᠠᠢ ᠮᠢᠩᠭᠠᠨ ᠮᠦ᠍ ᠡᠷᠳᠡᠨᠢ ᠰᠢᠰᠢ᠎ᠶᠢᠨ ᠲᠠᠷᠢᠶᠠᠨ᠎ᠤ ᠲᠠᠯᠠᠪᠠᠶ ᠨᠢᠭᠡᠴᠢ᠎ᠶᠢᠨ ᠤᠨᠠᠯᠲᠠ 1421.77 ᠺᠢᠯᠣᠭ᠌ᠷᠠᠮ᠎ᠳᠤ ᠬᠦᠷᠴᠦ᠂ ᠴᠥᠮ ᠥᠪᠡᠷᠲᠡᠭᠡᠨ ᠵᠠᠰᠠᠬᠤ ᠣᠷᠣᠨ᠎ᠤ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢᠨ ᠲᠡᠮᠳᠡᠭᠯᠡᠯ᠎ᠢ ᠰᠢᠨᠡᠳᠬᠡᠪᠡ᠃ 

ᠲᠡᠮᠳᠡᠭᠯᠡᠯ᠎ᠢ ᠰᠢᠨᠡᠳᠬᠡᠭᠰᠡᠨ ᠥᠨᠳᠥᠷ ᠤᠨᠠᠯᠲᠠ᠎ᠲᠠᠢ ᠲᠠᠷᠢᠶ᠎ᠠ ᠨᠢ ᠴᠥᠮ ᠤᠷᠠᠳ᠎ᠤᠨ ᠡᠮᠦᠨᠡᠲᠦ ᠬᠣᠰᠢᠭᠤᠨ᠎ᠳᠦ ᠪᠣᠢ᠂ ᠡᠭᠦᠨ᠎ᠳᠦ ᠥᠨᠳᠥᠷ ᠤᠨᠠᠯᠲᠠ᠎ᠲᠠᠢ ᠵᠠᠭᠤᠨ ᠮᠦ᠍ ᠲᠠᠷᠢᠶ᠎ᠠ ᠨᠢ ᠰᠤᠳᠠᠯ ᠪᠠᠯᠭᠠᠰᠤ᠎ᠶᠢᠨ ᠬᠦᠷᠢᠶ᠎ᠡ ᠪᠣᠯᠣᠩ ᠲᠣᠰᠬᠣᠨ᠎ᠳᠤ ᠪᠠᠢᠷᠢᠯᠠᠵᠤ᠂ ᠥᠨᠳᠥᠷ ᠤᠨᠠᠯᠲᠠ᠎ᠲᠠᠢ ᠮᠢᠩᠭᠠᠨ ᠮᠦ᠍ ᠲᠠᠷᠢᠶ᠎ᠠ ᠨᠢ ᠡᠷᠳᠡᠨᠢᠪᠤᠯᠠᠭ ᠰᠤᠮᠤ᠎ᠶᠢᠨ ᠠᠷᠴᠠ ᠭᠠᠴᠠᠭᠠᠨ᠎ᠳᠤ ᠪᠠᠢᠷᠢᠯᠠᠵᠤ ᠪᠣᠢ᠃ ᠡᠨᠡ ᠬᠣᠶᠠᠷ ᠭᠠᠵᠠᠷ᠎ᠲᠤ ᠴᠥᠮ ᠵᠠᠩᠭᠢᠯᠠᠭ᠎ᠠ᠎ᠶᠢᠨ ᠮᠡᠷᠭᠡᠵᠢᠯ᠎ᠤᠳ᠎ᠢ ᠬᠡᠷᠡᠭᠯᠡᠵᠦ᠂ ᠮᠦ᠍ ᠪᠦᠷᠢ᠎ᠳᠦ ᠳᠠᠷᠢᠬᠤ ᠨᠢᠭ᠍ᠲᠠᠴᠠ᠎ᠶᠢ 7000 ᠰᠠᠭᠤᠷᠢ᠎ᠠᠴᠠ ᠢᠯᠡᠬᠦᠦ ᠪᠣᠯᠭᠠᠭᠰᠠᠨ ᠨᠢ ᠤᠯᠠᠮᠵᠢᠯᠠᠯᠲᠤ ᠠᠷᠭ᠎ᠠ᠎ᠪᠠᠷ ᠳᠠᠷᠢᠬᠤ ᠨᠢᠭ᠍ᠲᠠᠴᠠ᠎ᠠᠴᠠ 2000 ᠣᠷᠴᠢᠮ ᠳᠡᠭᠡᠭᠰᠢᠯᠡᠪᠡ᠃ 

ᠣᠢᠯᠠᠭᠠᠭᠰᠠᠨ᠎ᠢᠶᠠᠷ᠂ ᠲᠣᠰ ᠤᠳᠠᠭᠠᠨ᠎ᠤ ᠤᠨᠠᠯᠲᠠ᠎ᠶᠢ ᠬᠡᠮᠵᠢᠬᠦ ᠲᠤᠰᠬᠠᠢ ᠮᠡᠷᠭᠡᠵᠢᠯᠲᠡᠳ᠎ᠦᠨ ᠳᠤᠭᠤᠢᠯᠠᠩ ᠨᠢ ᠥᠪᠡᠷᠲᠡᠭᠡᠨ ᠵᠠᠰᠠᠬᠤ ᠣᠷᠣᠨ᠎ᠤ ᠳᠣᠲᠣᠨ᠎ᠠ ᠭᠠᠳᠠᠨᠠᠬᠢ 9 ᠨᠢᠭᠡᠴᠢ᠎ᠶᠢᠨ 14 ᠲᠤᠰᠬᠠᠢ ᠮᠡᠷᠭᠡᠵᠢᠯᠲᠡᠨ᠎ᠢᠶᠡᠷ ᠪᠦᠷᠢᠯᠳᠦᠵᠦ᠂ 《 ᠲᠠᠰᠢᠷᠠᠮ᠎ᠢᠶᠠᠷ ᠥᠯᠢᠭᠡᠷ ᠠᠪᠬᠤ᠂ ᠲᠠᠰ ᠬᠤᠪᠢᠶᠠᠨ ᠰᠤᠭᠤᠴᠢᠨ ᠬᠡᠮᠵᠢᠬᠦ᠂ ᠲᠤᠬᠠᠢ᠎ᠶᠢᠨ ᠲᠠᠯᠠᠪᠤᠷ᠎ᠲᠤ ᠠᠯᠳᠠᠯᠠᠵᠤ ᠬᠡᠮᠵᠢᠬᠦ᠂ ᠠᠬᠤᠢ ᠲᠠᠯᠠᠪᠠᠢ᠎ᠳᠤ ᠬᠦᠨᠳᠦ᠎ᠶᠢ ᠨᠢ ᠵᠢᠩᠯᠡᠬᠦ᠂ ᠳ᠋ᠠᠢᠲ᠋ᠠ᠎ᠶᠢ ᠳᠠᠬᠢᠨ ᠬᠠᠷᠭᠤᠭᠤᠯᠬᠤ 》 ᠠᠷᠭ᠎ᠠ᠎ᠪᠠᠷ᠂ ᠪᠥᠬᠥ ᠬᠣᠲᠠ᠎ᠶᠢᠨ 121.65 ᠲᠦᠮᠡᠨ ᠮᠦ᠍ ᠡᠷᠳᠡᠨᠢ ᠰᠢᠰᠢ᠎ᠶᠢᠨ ᠤᠨᠠᠯᠲᠠ᠎ᠶᠢ ᠣᠨᠣᠪᠴᠢᠲᠠᠶ ᠬᠡᠮᠵᠢᠬᠦ ᠠᠵᠢᠯ ᠥᠷᠨᠢᠭᠦᠯᠦᠭᠰᠡᠨ ᠪᠠᠢᠨ᠎ᠠ᠃ ᠣᠲᠣ᠌ ᠪᠣᠯᠲᠠᠯ᠎ᠠ᠂ ᠨᠢᠭᠡᠨᠲᠡ ᠥᠯᠢᠭᠡᠷ ᠠᠪᠬᠤ 4674 ᠴᠡᠭ᠎ᠦᠨ ᠳ᠋ᠠᠢᠲ᠋ᠠ᠎ᠶᠢ ᠭᠠᠷᠭᠠᠨ ᠠᠪᠴᠤ᠂ 184 ᠬᠡᠰᠡᠭ ᠲᠠᠷᠢᠶᠠᠨ ᠭᠠᠵᠠᠷ᠎ᠤᠨ ᠪᠣᠳᠠᠲᠠᠢ ᠬᠤᠷᠢᠶᠠᠯᠲᠠ᠎ᠶᠢ ᠬᠡᠮᠵᠢᠪᠡ᠃ 

ᠡᠨᠡ ᠵᠢᠯ᠂ ᠪᠠᠶᠠᠨᠨᠠᠭᠤᠷ ᠬᠣᠲᠠ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢ ᠳᠡᠭᠡᠭᠰᠢᠯᠡᠭᠦᠯᠦᠨ ᠪᠦᠬᠦᠯᠢ ᠪᠠᠢᠭᠤᠯᠤᠮᠵᠢ᠎ᠪᠠᠷ ᠨᠢ ᠲᠦᠯᠬᠢᠨ ᠠᠬᠢᠭᠤᠯᠬᠤ ᠰᠢᠶᠠᠨ᠎ᠢ ᠪᠦᠲᠦᠭᠡᠨ ᠪᠠᠢᠭᠤᠯᠬᠤ ᠤᠯᠤᠰ᠎ᠤᠨ ᠲᠠᠰ᠎ᠤᠨ 5 ᠡᠭᠦᠷᠭᠡ ᠪᠠ ᠥᠪᠡᠷᠲᠡᠭᠡᠨ ᠵᠠᠰᠠᠬᠤ ᠣᠷᠣᠨ᠎ᠤ ᠲᠠᠰ᠎ᠤᠨ 2 ᠡᠭᠦᠷᠭᠡ᠎ᠶᠢ ᠳᠠᠭᠠᠭᠠᠨ ᠠᠪᠴᠤ᠂ ᠶᠡᠬᠡ ᠲᠠᠯᠠᠪᠠᠢ ᠲᠠᠢ ᠲᠠᠷᠢᠶᠠᠨ ᠭᠠᠵᠠᠷ᠎ᠤᠨ ᠲᠠᠯᠠᠪᠠᠶ ᠨᠢᠭᠡᠴᠢ᠎ᠶᠢᠨ ᠤᠨᠠᠯᠲᠠ᠎ᠶᠢ ᠳᠡᠭᠡᠭᠰᠢᠯᠡᠭᠦᠯᠬᠦ ᠠᠵᠢᠯᠯᠠᠭᠠᠨ᠎ᠳᠤ ᠲᠦᠰᠢᠭᠯᠡᠨ᠂ ᠡᠷᠳᠡᠨᠢ ᠰᠢᠰᠢ᠎ᠶᠢᠨ ᠲᠣᠨ᠎ᠤ ᠤᠨᠠᠯᠲᠠ ᠲᠠᠢ ᠵᠠᠭᠤᠨ ᠲᠦᠮᠡᠨ ᠮᠦ᠍ ᠲᠠᠷᠢᠶ᠎ᠠ᠎ᠶᠢᠨ ᠵᠢᠱ᠌ᠢᠶ᠎ᠡ ᠦᠵᠡᠭᠦᠯᠬᠦ ᠲᠣᠭᠣᠷᠢᠭ᠋᠎ᠤᠨ ᠪᠦᠲᠦᠭᠡᠨ ᠪᠠᠢᠭᠤᠯᠤᠯᠲᠠ᠎ᠶᠢ ᠦᠷᠭᠦᠯᠵᠢᠯᠡᠨ ᠠᠬᠢᠭᠤᠯᠵᠤ᠂ ᠤᠯᠤᠰ᠎ᠤᠨ ᠠᠮᠤ ᠪᠤᠳᠠᠭᠠᠨ᠎ᠤ ᠠᠮᠤᠷ ᠲᠦᠪᠰᠢᠨ᠎ᠢ ᠪᠠᠲᠤᠯᠠᠬᠤ᠎ᠳᠤ ᠬᠤᠪᠢ ᠨᠡᠮᠡᠷᠢ ᠣᠷᠣᠭᠤᠯᠵᠤ ᠪᠠᠢᠨ᠎ᠠ᠃ 

 

 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ