10 ᠳ᠋ᠤᠭᠠᠷ ᠰᠠᠷ᠎ᠠ᠎ᠶᠢᠨ 22᠎ᠤᠨ ᠣᠷᠣᠢ᠂ ᠪᠤᠭᠤᠲᠤ ᠬᠤᠳᠠ᠎ᠶᠢᠨ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠨᠠᠮ᠎ᠤᠨ ᠬᠣᠷᠢᠶ᠎ᠠ᠎ᠶᠢᠨ ᠨᠢᠭᠡᠳᠦᠮᠡᠯ ᠹᠷᠣᠨᠲ᠎ᠤᠨ ᠬᠡᠯᠲᠡᠰ᠎ᠡᠴᠡ ᠲᠦᠷᠦᠭᠦᠯᠡᠨ ᠵᠣᠬᠢᠶᠠᠭᠰᠠᠨ ᠲᠣᠮᠣ᠌ ᠬᠡᠯᠪᠡᠷᠢ᠎ᠶᠢᠨ ᠳᠠᠭᠤᠤ ᠪᠥᠵᠢᠭ ᠰᠢᠯᠦᠭᠯᠡᠯᠲᠦ ᠵᠦᠴᠦᠭᠡ 《ᠤᠭᠰᠠᠭ᠎ᠠ ᠨᠢᠭᠡᠲᠡᠨ》᠎ᠢ ᠪᠤᠭᠤᠲᠤ ᠬᠣᠲᠠ᠎ᠶᠢᠨ ᠵᠦᠴᠦᠭᠡ᠎ᠶᠢᠨ ᠲᠢᠶᠠᠲᠷ᠎ᠲᠤ ᠠᠩᠬ᠎ᠠ ᠲᠣᠭᠯᠠᠪᠠ᠃ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠲᠡᠦᠬᠡ ᠰᠣᠶᠣᠯ ᠪᠠ ᠦᠨᠳᠦᠰᠦᠲᠡᠨ᠎ᠦ ᠪᠦᠯᠬᠦᠮᠳᠡᠯ᠎ᠦᠨ ᠦᠯᠢᠭᠡᠷ᠎ᠢᠶᠡᠷ ᠰᠡᠳᠦᠪᠯᠡᠭᠰᠡᠨ ᠲᠣᠰ ᠪᠦᠲᠦᠭᠡᠯ ᠨᠢ ᠤᠶᠤᠨ ᠰᠠᠨᠠᠭᠠᠨ᠎ᠤ ᠤᠯᠠᠮᠵᠢᠯᠠᠯ᠎ᠢ ᠨᠠᠷᠢᠯᠢᠭ᠋ ᠢᠯᠡᠷᠡᠭᠦᠯᠬᠦ᠎ᠪᠡᠷ ᠳᠠᠮᠵᠢᠭᠤᠯᠵᠤ᠂ ᠦᠵᠡᠭᠴᠢᠳ᠎ᠢ ᠴᠠᠭ ᠣᠷᠣᠨ ᠵᠠᠢ ᠳᠠᠪᠠᠭᠤᠯᠤᠨ ᠰᠣᠶᠣᠯ᠎ᠤᠨ ᠤᠭ ᠦᠨᠳᠦᠰᠦ᠎ᠪᠠᠨ ᠬᠠᠢᠨ ᠮᠥᠷᠳᠡᠬᠦ ᠠᠶᠠᠨ᠎ᠳᠤ ᠮᠣᠷᠳᠠᠭᠤᠯᠪᠠ᠃
ᠵᠦᠴᠦᠭᠡ 《ᠤᠭᠰᠠᠭ᠎ᠠ ᠨᠢᠭᠡᠲᠡᠨ》᠎ᠳᠦ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠣᠨᠴᠠᠯᠢᠭ᠎ᠢ ᠠᠭᠤᠰᠬᠠᠭᠰᠠᠨ ᠳᠤᠮᠳᠠᠳᠤ᠎ᠶᠢᠨ ᠰᠣᠶᠣᠯ᠎ᠤᠨ ᠲᠡᠮᠳᠡᠭ ᠪᠠ ᠳᠦᠷᠢ ᠲᠥᠷᠬᠦ᠎ᠶᠢ ᠠᠮᠵᠢᠯᠲᠠ᠎ᠲᠠᠢ ᠪᠦᠲᠦᠭᠡᠪᠡ᠃ ᠡᠷᠲᠡᠨ᠎ᠦ ᠣᠷᠳᠣ᠌ ᠴᠠᠭᠠᠨ ᠬᠡᠷᠡᠮ ᠨᠢ ᠳᠤᠮᠳᠠᠳᠤ᠎ᠶᠢᠨ ᠦᠨᠳᠦᠰᠦᠲᠡᠨ᠎ᠦ ᠰᠣᠯᠢᠯᠴᠠᠭ᠎ᠠ ᠠᠭᠤᠰᠤᠯᠴᠠᠯ᠎ᠤᠨ ᠭᠡᠷᠡᠴᠢᠯᠡᠯ᠂ ᠣᠯᠠᠨ ᠰᠦᠮ᠎ᠡ ᠡᠷᠲᠡᠨ᠎ᠦ ᠬᠣᠲᠠ ᠨᠢ ᠣᠯᠠᠨ ᠡᠰᠢᠲᠦ ᠰᠣᠶᠣᠯ ᠰᠣᠯᠪᠢᠴᠠᠯ᠎ᠤᠨ ᠪᠡᠯᠭᠡ ᠲᠡᠮᠳᠡᠭ ᠪᠣᠯᠣᠨ᠎ᠠ᠂ 《 ᠤᠯᠤᠰ᠎ᠤᠨ ᠬᠡᠦᠬᠡᠳ 》 ᠨᠢ ᠬᠠᠷᠢᠨ ᠲᠡᠦᠬᠡ᠎ᠶᠢ ᠪᠡᠶ᠎ᠡ᠎ᠪᠡᠷ᠎ᠢᠶᠡᠨ ᠥᠩᠭᠡᠷᠡᠭᠦᠯᠦᠭᠴᠢ ᠪᠣᠯᠬᠤ ᠮᠥᠷᠲᠡᠭᠡᠨ ᠥᠨᠥᠳᠥᠷᠲᠠᠬᠢ ᠵᠠᠯᠭᠠᠮᠵᠢᠯᠠᠭ᠍ᠴᠢ ᠪᠣᠯᠬᠤ ᠶᠤᠮ᠃ ᠲᠡᠳᠡᠨ᠎ᠦ ᠦᠯᠢᠬᠡᠷ ᠨᠢ 《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ》᠎ᠶ᠋ᠢ ᠤᠬᠠᠭᠳᠠᠬᠤᠨ᠎ᠠᠴᠠ ᠪᠣᠳᠠᠲᠠᠢ ᠬᠠᠢᠷ᠎ᠠ ᠰᠡᠳᠬᠢᠯᠭᠡ ᠪᠣᠯᠭᠠᠨ ᠤᠯᠠᠷᠢᠭᠤᠯᠵᠤ᠂ 《ᠤᠭᠰᠠᠭ᠎ᠠ ᠨᠢᠭᠡᠲᠡᠨ》᠎ᠢ ᠰᠢᠯᠦᠭᠯᠢᠭ ᠵᠦᠢᠷᠯᠡᠯ᠎ᠡᠴᠡ ᠪᠣᠳᠠᠲᠤ ᠵᠢᠷᠤᠭᠯᠠᠯ ᠪᠣᠯᠭᠠᠭᠰᠠᠨ ᠪᠠᠢᠨ᠎ᠠ᠃
ᠣᠢᠯᠠᠭᠠᠭᠰᠠᠨ᠎ᠢᠶᠠᠷ᠂ 《ᠤᠭᠰᠠᠭ᠎ᠠ ᠨᠢᠭᠡᠲᠡᠨ》 ᠵᠦᠴᠦᠭᠡ᠎ᠶᠢᠨ ᠲᠣᠭᠯᠠᠭ᠍ᠴᠢᠳ ᠠᠵᠢᠯᠴᠢᠳ ᠨᠢ ᠴᠥᠮ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠳᠤ ᠨᠤᠲᠤᠭ ᠲᠠᠢ ᠬᠥᠮᠥᠰ ᠪᠣᠯᠣᠨ᠎ᠠ᠂ 70 ᠭᠠᠷᠤᠢ ᠲᠣᠭᠯᠠᠭ᠍ᠴᠢᠳ᠎ᠤᠨ ᠳᠣᠲᠣᠷ᠎ᠠ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠤᠯᠠᠭᠠᠨᠮᠥ᠋ᠴᠢᠷ᠎ᠤᠨ ᠲᠣᠭᠯᠠᠭ᠍ᠴᠢ᠂ ᠳᠠᠶᠠᠩ ᠨᠠᠢᠷᠠᠯ ᠳᠠᠭᠤᠤ᠎ᠶᠢᠨ ᠪᠦᠯᠬᠦᠮ᠎ᠦᠨ ᠲᠣᠭᠯᠠᠭ᠍ᠴᠢ ᠪᠠᠢᠬᠤ᠎ᠪᠠᠷ ᠪᠠᠷᠠᠬᠤ ᠦᠭᠡᠢ ᠪᠠᠰᠠ ᠠᠵᠢᠯ᠎ᠠᠴᠠ᠎ᠪᠠᠨ ᠪᠠᠭᠤᠵᠤ ᠠᠮᠠᠷᠠᠭᠰᠠᠨ ᠨᠠᠮ᠎ᠤᠨ ᠭᠡᠰᠢᠭᠦᠨ ᠺᠠᠳ᠋ᠷ ᠵᠢᠴᠢ ᠦᠨᠳᠦᠰᠦᠨ ᠱᠠᠲᠤᠨ᠎ᠤ ᠣᠯᠠᠨ ᠲᠦᠮᠡᠨ ᠪᠠᠢᠵᠤ᠂ ᠬᠣᠷᠢᠭᠠᠳ ᠨᠠᠰᠤᠨ᠎ᠤ ᠵᠠᠯᠠᠭᠤᠴᠤᠳ᠎ᠠᠴᠠ ᠳᠠᠯ᠎ᠠ ᠭᠠᠷᠤᠭᠰᠠᠨ ᠨᠠᠰᠤᠲᠠᠢᠴᠤᠳ ᠴᠤ᠌ ᠪᠣᠢ᠃ ᠠᠳᠠᠯᠢ ᠪᠤᠰᠤ ᠬᠦᠷᠢᠶᠡᠨ᠎ᠡᠴᠡ ᠢᠷᠡᠭᠰᠡᠨ ᠡᠳᠡᠭᠡᠷ ᠲᠣᠭᠯᠠᠭ᠍ᠴᠢᠳ ᠨᠠᠮ᠎ᠤᠨ ᠪᠠᠢᠭᠤᠯᠤᠯᠲᠠ᠎ᠶᠢᠨ ᠳᠠᠭᠠᠭᠤᠯᠭ᠎ᠠ᠎ᠪᠠᠷ ᠪᠦᠲᠦᠭᠡᠯᠴᠢ ᠴᠢᠳᠠᠪᠤᠷᠢ᠎ᠲᠠᠢ ᠤᠷᠠᠯᠢᠭ᠋᠎ᠤᠨ ᠬᠠᠮᠲᠤ ᠨᠡᠢ᠍ᠢᠳᠡ ᠪᠣᠯᠣᠨ ᠨᠢᠭ᠍ᠲᠠᠷᠠᠪᠠ᠃