2025 ᠣᠨ᠎ᠤ 9 ᠳ᠋ᠦ᠍ᠭᠡᠷ ᠰᠠᠷ᠎ᠠ᠎ᠶᠢᠨ 15 ᠤ ᠡᠳᠦᠷ ᠮᠠᠨ᠎ᠤ ᠤᠯᠤᠰ ᠣᠷᠣᠰ᠎ᠤᠨ ᠡᠩ᠎ᠦᠨ ᠫᠠᠰᠫᠣᠷᠲ᠎ᠲᠠᠢ ᠬᠥᠮᠥᠰ᠎ᠲᠦ ᠸᠢᠰᠠ ᠦᠯᠦ ᠲᠠᠮᠠᠭᠠᠯᠠᠬᠤ ᠲᠥᠷᠥ᠎ᠶᠢᠨ ᠪᠣᠳᠣᠯᠭ᠎ᠠ᠎ᠶᠢ ᠲᠤᠷᠰᠢᠨ ᠬᠡᠷᠡᠭᠵᠢᠭᠦᠯᠦᠭᠰᠡᠨ᠎ᠡᠴᠡ ᠨᠠᠭᠠᠰᠢ᠂ ᠮᠠᠨᠵᠤᠤᠷ᠎ᠤᠨ ᠵᠠᠰᠠᠮᠠᠯ ᠵᠠᠮ᠎ᠤᠨ ᠬᠢᠯᠢ᠎ᠶᠢᠨ ᠪᠣᠭᠣᠮᠲᠠ᠎ᠳᠠᠬᠢ ᠬᠢᠯᠢ ᠠᠯᠤᠰᠯᠠᠭᠰᠠᠨ ᠠᠶᠠᠯᠠᠯ᠎ᠤᠨ ᠬᠠᠯᠠᠮᠰᠢᠯ ᠦᠷᠭᠦᠯᠵᠢᠯᠡᠨ ᠳᠡᠭᠡᠭᠰᠢᠯᠡᠪᠡ᠃ 11 ᠳ᠋ᠦ᠍ᠭᠡᠷ ᠰᠠᠷ᠎ᠠ᠎ᠶᠢᠨ 15 ᠤ ᠡᠳᠦᠷ ᠪᠣᠯᠬᠤ᠎ᠳᠤ ᠲᠣᠰ ᠲᠥᠷᠥ᠎ᠶᠢᠨ ᠪᠣᠳᠣᠯᠭ᠎ᠠ᠎ᠶᠢ ᠬᠡᠷᠡᠭᠵᠢᠭᠦᠯᠦᠭᠡᠳ ᠪᠦᠬᠦᠯᠢ ᠬᠣᠶᠠᠷ ᠰᠠᠷ᠎ᠠ ᠪᠣᠯᠣᠯ᠎ᠠ᠂ ᠮᠠᠨᠵᠤᠤᠷ ᠪᠣᠭᠣᠮᠲᠠ᠎ᠶᠢᠨ ᠬᠢᠨᠠᠨ ᠬᠠᠮᠢᠶᠠᠷᠤᠯᠲᠠ᠎ᠪᠠᠷ ᠬᠢᠯᠢ ᠣᠷᠣᠵᠤ ᠢᠷᠡᠭᠰᠡᠨ ᠣᠷᠣᠰ᠎ᠤᠨ ᠬᠠᠷᠢᠶᠠᠲᠤ ᠠᠶᠠᠨᠴᠢᠳ ᠨᠡᠶ᠋ᠢᠲᠡ 4 ᠲᠦᠮᠡᠨ ᠬᠥᠮᠥᠨ ᠤᠳᠠᠭ᠎ᠠ᠎ᠶᠢ ᠳᠠᠪᠠᠵᠤ᠂ ᠠᠳᠠᠯᠢ ᠬᠤᠭᠤᠴᠠᠭᠠᠨ᠎ᠤ ᠬᠢ᠎ᠡᠴᠡ 60% ᠪᠡᠷ ᠨᠡᠮᠡᠭᠳᠡᠨ᠂ 《ᠬᠡᠯᠡᠭᠰᠡᠭᠡᠷ ᠶᠠᠪᠤᠴᠢᠬᠠᠳᠠᠭ ᠳᠤᠮᠳᠠᠳᠤ ᠣᠷᠣᠰ᠎ᠤᠨ ᠬᠢᠯᠢ ᠠᠯᠤᠰᠯᠠᠭᠰᠠᠨ ᠠᠶᠠᠯᠠᠯ》 ᠨᠢ ᠦᠨᠡᠨ ᠶᠠᠪᠤᠳᠠᠯ ᠪᠣᠯᠪᠠ᠃
ᠣᠢᠯᠠᠭᠠᠭᠰᠠᠨ᠎ᠢᠶᠠᠷ᠂ ᠲᠣᠰ ᠤᠳᠠᠭᠠᠨ᠎ᠤ ᠣᠷᠣᠰ᠎ᠲᠤ ᠸᠢᠰᠠ ᠦᠯᠦ ᠲᠠᠮᠠᠭᠠᠯᠠᠬᠤ ᠲᠥᠷᠥ᠎ᠶᠢᠨ ᠪᠣᠳᠣᠯᠭ᠎ᠠ᠎ᠶᠢ ᠲᠤᠷᠰᠢᠨ ᠬᠡᠷᠡᠭᠵᠢᠭᠦᠯᠬᠦ ᠬᠤᠭᠤᠴᠠᠭ᠎ᠠ ᠨᠢ 2025 ᠣᠨ᠎ᠤ 9 ᠳ᠋ᠦ᠍ᠭᠡᠷ ᠰᠠᠷ᠎ᠠ᠎ᠶᠢᠨ 15 ᠤ ᠡᠳᠦᠷ᠎ᠡᠴᠡ 2026 ᠣᠨ᠎ᠤ 9 ᠳ᠋ᠦ᠍ᠭᠡᠷ ᠰᠠᠷ᠎ᠠ᠎ᠶᠢᠨ 14 ᠦ ᠡᠳᠦᠷ ᠪᠣᠯᠣᠨ᠎ᠠ᠂ ᠣᠷᠣᠰ᠎ᠤᠨ ᠡᠩ᠎ᠦᠨ ᠫᠠᠰᠫᠣᠷᠲ᠎ᠲᠠᠢ ᠬᠥᠮᠥᠰ ᠳᠤᠮᠳᠠᠳᠤ ᠤᠯᠤᠰ᠎ᠲᠤ ᠢᠷᠡᠵᠦ ᠬᠤᠳᠠᠯᠳᠤᠭ᠎ᠠ ᠡᠷᠭᠢᠯᠡᠬᠦ᠂ ᠵᠢᠭᠤᠯᠴᠢᠯᠠᠬᠤ᠂ ᠲᠥᠷᠥᠯ ᠰᠠᠳᠤᠨ᠎ᠢᠶᠠᠨ ᠡᠷᠭᠢᠨ ᠦᠵᠡᠵᠦ ᠪᠣᠯᠣᠨ᠎ᠠ᠂ 30 ᠡᠳᠦᠷ᠎ᠡᠴᠡ ᠬᠡᠲᠦᠷᠡᠬᠦ ᠦᠭᠡᠢ ᠪᠣᠯ ᠸᠢᠰᠠ ᠦᠯᠦ ᠲᠠᠮᠠᠭᠠᠯᠠᠬᠤ ᠪᠣᠯᠣᠭᠰᠠᠨ᠎ᠢᠶᠠᠷ᠂ ᠳᠤᠮᠳᠠᠳᠤ ᠣᠷᠣᠰ᠎ᠤᠨ ᠬᠥᠮᠥᠰ᠎ᠦᠨ ᠶᠠᠪᠤᠯᠴᠠᠭ᠎ᠠ᠎ᠳᠤ ᠤᠯᠠᠮ ᠨᠢᠭᠡ ᠠᠯᠬᠤᠮ ᠳᠥᠭᠥᠮᠯᠡᠪᠡ᠃