ᠲᠡᠷᠢᠭᠦᠨ ᠬᠠᠭᠤᠳᠠᠰᠤ   -   ᠠᠶ᠋ᠢᠮᠠᠭ ᠬᠤᠲᠠ᠎ᠶᠢᠨ ᠰᠣᠨᠤᠰᠬᠠᠯ
ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠳᠤᠮᠳᠠ ᠱᠤᠭᠤᠮ᠎ᠢᠶᠠᠷ ᠠᠶᠠᠯᠠᠭᠰᠠᠨ ᠭᠠᠯᠳᠤ ᠲᠡᠷᠬᠡ 2 ᠲᠦᠮᠡᠨ ᠴᠤᠪᠤᠭ᠎ᠠ᠎ᠶ᠋ᠢ ᠳᠠᠪᠠᠪᠠ
ᠨᠡᠶ᠋ᠢᠲᠡᠯᠡᠭᠰᠡᠨ ᠴᠠᠭ᠄ 2025-08-07

 

ᠬᠦᠬᠡᠬᠤᠲᠠ᠎ᠶ᠋ᠢᠨ ᠲᠡᠮᠤᠷ ᠵᠠᠮ᠎ᠤᠨ ᠲᠤᠪᠴᠢᠶ᠎ᠠ᠎ᠡᠴᠡ ᠤᠢᠯᠠᠭᠠᠭᠰᠠᠨ᠎ᠢᠶᠠᠷ᠂ 8 ᠳ᠋ᠤᠭᠠᠷ ᠰᠠᠷ᠎ᠠ᠎ᠶ᠋ᠢᠨ 3᠎ᠦ ᠡᠳᠦᠷ 55 ᠴᠢᠩᠭᠡᠯᠢᠭ᠎ᠢ ᠠᠴᠢᠭᠰᠠᠨ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ ᠡᠷᠢᠶᠡᠨ ᠬᠣᠲᠠ᠎ᠶ᠋ᠢᠨ ᠲᠡᠮᠦᠷ ᠵᠠᠮ᠎ᠤᠨ ᠬᠢᠯᠢ᠎ᠶ᠋ᠢᠨ ᠪᠣᠭᠣᠮᠲᠠ᠎ᠪᠡᠷ ᠦᠡᠭᠭᠡᠷᠡᠨ ᠭᠠᠷᠪᠠ᠃ ᠡᠢᠨ ᠬᠦ᠌ 2013 ᠣᠨ᠎ᠳᠤ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠲᠤᠮᠳᠠ ᠱᠤᠭᠤᠮ᠎ᠤᠨ ᠠᠶᠠᠯᠠᠯ᠎ᠢ ᠡᠬᠢᠯᠡᠭᠦᠯᠦᠭᠰᠡᠨ᠎ᠡᠴᠡ ᠨᠠᠭᠠᠱᠢ ᠲᠤᠰ ᠱᠤᠭᠤᠮ᠎ᠢᠶᠠᠷ ᠠᠶᠠᠯᠠᠭᠰᠠᠨ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ 2 ᠲᠦᠮᠡᠨ ᠡᠭᠡᠯᠵᠢ᠎ᠶ᠋ᠢ ᠳᠠᠪᠠᠬᠰᠠᠨ ᠪᠠᠢᠨ᠎ᠠ᠃

ᠡᠷᠢᠶᠡᠨ ᠬᠣᠲᠠ᠎ᠶ᠋ᠢᠨ ᠲᠡᠮᠦᠷ ᠵᠠᠮ᠎ᠤᠨ ᠬᠢᠯᠢ᠎ᠶ᠋ᠢᠨ ᠪᠣᠭᠣᠮᠲᠠ ᠪᠣᠯ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠳᠤᠮᠳᠠ ᠱᠤᠭᠤᠮ᠎ᠤᠨ ᠵᠠᠩᠭᠢᠯᠠᠭ᠎ᠠ᠎ᠶ᠋ᠢᠨ ᠴᠡᠭ ᠪᠣᠯᠤᠨ᠎ᠠ᠃ ᠤᠢ᠍ᠢᠷ᠎ᠠ᠎ᠶ᠋ᠢᠨ ᠵᠢᠯ᠎ᠳᠤ ᠮᠠᠨ᠎ᠦ ᠤᠯᠤᠰ᠎ᠤᠨ ᠤᠯᠠᠨ ᠤᠯᠤᠰ᠎ᠤᠨ ᠠᠵᠤ ᠠᠬᠤᠢ ᠠᠷᠠᠯᠵᠢᠶᠠᠨ᠎ᠦ ᠬᠠᠮᠲᠤᠷᠠᠯᠴᠠᠭ᠎ᠠ᠎ᠶ᠋ᠢᠨ ᠭᠦᠨᠵᠡᠭᠡᠢᠷᠡᠬᠦ᠌᠎ᠶ᠋ᠢ ᠳᠠᠭᠠᠯᠳᠤᠨ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠠᠶᠠᠯᠠᠯ᠎ᠤᠨ ᠴᠢᠭ᠌ᠯᠡᠯ᠂ ᠲᠣᠭ᠎ᠠ ᠬᠡᠮᠵᠢᠶ᠎ᠠ ᠪᠠ ᠡᠭᠡᠯᠵᠢ ᠤᠳᠠᠭ᠎ᠠ ᠢᠯᠡᠳᠲᠡ ᠨᠡᠮᠡᠭ᠌ᠳᠡᠬᠦ᠌ ᠬᠠᠨᠳᠤᠰᠢ ᠢᠯᠡᠷᠡᠵᠤ᠂ ᠲᠡᠭᠡᠭᠡᠪᠦᠷᠢ᠎ᠶ᠋ᠢᠨ ᠡᠳ᠋ ᠪᠠᠷᠠᠭ᠎ᠠ ᠴᠤ᠌ ᠬᠠᠮᠤᠭ᠎ᠤᠨ ᠠᠩᠬᠠᠨ᠎ᠦ ᠲᠡᠮᠦᠷᠯᠢᠭ᠂ ᠬᠢᠮᠢ᠎ᠶ᠋ᠢᠨ ᠠᠵᠤ ᠦᠢᠯᠡᠳᠪᠦᠷᠢ᠎ᠶ᠋ᠢᠨ ᠦᠢᠯᠡᠳᠬᠦᠨ᠂ ᠬᠤᠪᠴᠠᠰᠤ ᠬᠤᠨᠠᠷ ᠱᠠᠬᠠᠢ ᠮᠠᠯᠠᠭᠠᠢ ᠵᠡᠷᠬᠡ᠎ᠡᠴᠡ᠎ᠪᠡᠨ ᠠᠯᠬᠤᠮ ᠠᠯᠬᠤᠮ᠎ᠢᠶᠠᠷ ᠱᠢᠨ᠎ᠡ ᠡᠨᠧᠷᠭᠢ᠎ᠶ᠋ᠢᠨ ᠮᠠᠱᠢᠨ ᠲᠡᠷᠭᠡ᠂ ᠡᠯᠧᠺᠲ᠋ᠷᠣᠨ ᠦᠢᠯᠡᠳᠬᠦᠨ᠂ ᠭᠡᠷ᠎ᠤᠨ ᠴᠠᠬᠢᠯᠭᠠᠨ ᠬᠡᠷᠡᠭ᠌ᠰᠡᠯ ᠵᠡᠷᠭᠡ ᠥᠨᠳᠥᠷ ᠨᠡᠮᠡᠯᠲᠡ ᠦᠷᠳᠡᠭᠲᠠᠢ ᠦᠢᠯᠡᠳᠬᠦᠨ ᠪᠤᠯᠤᠨ ᠬᠤᠪᠢᠷᠠᠪᠠ᠃ 2022 ᠣᠨ᠎ᠳᠤ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠳᠤᠮᠳᠠ ᠱᠤᠭᠤᠮ᠎ᠢᠶᠠᠷ ᠠᠶᠠᠯᠠᠭᠰᠠᠨ ᠭᠠᠯᠳᠤ ᠲᠡᠷᠬᠡ ᠠᠩᠬ᠎ᠠ ᠤᠳᠠᠭ᠎ᠠ ᠲᠦᠮᠡᠨ ᠴᠤᠪᠤᠭ᠎ᠠ᠎ᠶ᠋ᠢᠨ ᠶᠡᠬᠡ ᠪᠣᠭᠣᠮᠲᠠ᠎ᠶ᠋ᠢ ᠳᠠᠪᠠᠵᠤ᠂ ᠲᠡᠬᠦᠨ᠎ᠡᠴᠡ ᠨᠠᠭᠠᠰᠢ ᠬᠤᠶᠠᠳᠠᠬᠢ 《ᠲᠦᠮᠡᠨ ᠴᠤᠪᠤᠭ᠎ᠠ᠎ᠶ᠋ᠢᠨ ᠶᠡᠬᠡ ᠪᠣᠭᠣᠮᠲᠠ》ᠵᠢ ᠳᠠᠪᠠᠬᠣ᠎ᠳᠤ ᠵᠥᠪᠬᠡᠨ 3 ᠵᠢᠯ ᠯᠡ ᠬᠡᠷᠡᠭ᠌ᠰᠡᠵᠡᠢ᠃

ᠤᠢᠯᠠᠭᠠᠭᠰᠠᠨ᠎ᠢᠶᠠᠷ᠂ ᠤᠳᠤ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠦ ᠭᠠᠯᠲᠤ ᠲᠡᠷᠭᠡ᠎ᠶ᠋ᠢᠨ ᠳᠤᠮᠳᠠ ᠱᠤᠭᠤᠮ᠎ᠤᠨ ᠡᠵᠡᠡᠭᠨᠡᠯᠲᠡ᠎ᠶ᠋ᠢᠨ ᠱᠤᠭᠤᠮ 73 ᠪᠤᠯᠵᠤ ᠨᠡᠮᠡᠭᠳᠡᠨ ᠭᠸᠷᠮᠠᠨ᠂ ᠫᠤᠯᠠᠨᠳ᠋ ᠵᠡᠷᠭᠡ 10 ᠭᠠᠷᠤᠢ ᠤᠯᠤᠰ᠎ᠤᠨ 70 ᠭᠠᠷᠤᠢ ᠬᠦᠢᠰᠦ ᠦᠷᠲᠡᠭᠡ᠎ᠳᠤ ᠨᠡᠪᠳᠡᠷᠡᠵᠤ᠂ ᠤᠯᠤᠰ᠎ᠤᠨ ᠳᠣᠲᠣᠭᠠᠳᠤ᠎ᠶ᠋ᠢᠨ 24 ᠮᠤᠵᠢ᠂ ᠦᠪᠡᠷᠳᠡᠬᠡᠨ ᠵᠠᠰᠬᠠᠤ ᠣᠷᠣᠨ ᠪᠠ ᠰᠢᠭᠤᠳ ᠬᠠᠷᠢᠶ᠎ᠠ ᠬᠤᠳᠠ᠎ᠶ᠋ᠢᠨ 60 ᠭᠠᠷᠤᠢ ᠬᠤᠳᠠ᠎ᠶ᠋ᠢ ᠬᠠᠮᠤᠷᠤᠭ᠍ᠰᠠᠨ ᠪᠠᠢᠨ᠎ᠠ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ