ᠲᠡᠷᠢᠭᠦᠨ ᠬᠠᠭᠤᠳᠠᠰᠤ   -   ᠴᠢᠬᠤᠯᠠ ᠮᠡᠳᠡᠭᠡ
ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠢ 31 ᠎ᠦ ᠡᠳᠦᠷ᠎ᠦᠨ 23 ᠴᠠᠭ 44 ᠮᠢᠨᠦ᠋ᠲ᠎ᠳᠦ ᠬᠠᠷᠪᠤᠨ᠎ᠠ
ᠨᠡᠶ᠋ᠢᠲᠡᠯᠡᠭᠰᠡᠨ ᠴᠠᠭ᠄ 2025-10-31

ᠰᠠᠨᠰᠠᠷᠴᠢᠨ᠎ᠤ ᠳᠤᠭᠤᠢᠯᠠᠩ᠎ᠤᠨ ᠵᠠᠩ ᠯᠦ᠍  ᠡᠦ ᠹᠧᠢ  ᠵᠠᠩ ᠬᠣᠩ ᠵᠠᠩ ᠬᠠᠮᠲᠤ᠎ᠪᠠᠷ ᠸᠧᠨ ᠲᠢᠶᠠᠨ ᠭᠧ᠎ᠳᠦ ᠣᠯᠠᠨ ᠲᠠᠢ ᠵᠣᠯᠭᠠᠪᠠ

10 ᠰᠠᠷ᠎ᠠ᠎ᠶᠢᠨ 30 ᠎ᠤ ᠡᠳᠦᠷ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ ᠬᠥᠮᠥᠨ ᠰᠠᠭᠤᠯᠭᠠᠭᠰᠠᠨ ᠨᠢᠰᠦᠯᠲᠡ᠎ᠶᠢᠨ ᠡᠭᠦᠷᠭᠡ᠎ᠶᠢᠨ ᠰᠣᠨᠢᠨ ᠮᠡᠳᠡᠭᠡ ᠨᠡᠢᠲᠡᠯᠡᠬᠦ ᠬᠤᠷᠠᠯ ᠥᠪᠥᠷ ᠮᠣᠩᠭᠣᠯ᠎ᠤᠨ ᠠᠯᠠᠱᠠ ᠠᠢᠮᠠᠭ᠎ᠤᠨ ᠡᠵᠡᠨ᠎ᠡ ᠬᠣᠰᠢᠭᠤᠨ᠎ᠳᠤ ᠪᠠᠢᠭ᠎ᠠ ᠳ᠋ᠥᠩᠹᠧᠩ ᠰᠠᠨᠰᠠᠷ᠎ᠤᠨ ᠬᠣᠲᠠ ᠲᠤᠬᠠᠢᠯᠠᠪᠠᠯ ᠳᠤᠮᠳᠠᠳᠤ ᠤᠯᠤᠰ᠎ᠤᠨ ᠵᠢᠦᠴᠢᠤᠸᠠᠨ᠎ᠤ ᠳᠠᠭᠠᠭᠤᠯᠢ ᠣᠳᠣ᠌ ᠬᠠᠷᠪᠤᠬᠤ ᠲᠥᠪ᠎ᠦᠨ ᠳ᠋ᠥᠩᠹᠧᠩ ᠶᠣᠰᠣᠯᠠᠯ᠎ᠤᠨ ᠲᠠᠩᠬᠢᠮ᠎ᠳᠤ ᠶᠠᠪᠤᠭᠳᠠᠪᠠ᠃ ᠨᠡᠢᠲᠡᠯᠡᠭᠰᠡᠨ᠎ᠢᠶᠡᠷ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ ᠬᠥᠮᠥᠨ ᠰᠠᠭᠤᠯᠭᠠᠭᠰᠠᠨ ᠨᠢᠰᠬᠦ ᠣᠩᠭᠣᠴᠠ᠎ᠶᠢ ᠪᠡᠭᠡᠵᠢᠩ᠎ᠦᠨ ᠴᠠᠭ᠎ᠢᠶᠠᠷ 10 ᠰᠠᠷ᠎ᠠ᠎ᠶᠢᠨ 31 ᠎ᠦ ᠡᠳᠦᠷ᠎ᠦᠨ 23 ᠴᠠᠭ 44 ᠮᠢᠨᠦ᠋ᠲ᠎ᠳᠦ ᠬᠠᠷᠪᠤᠵᠤ᠂ ᠨᠢᠰᠦᠯᠲᠡ᠎ᠶᠢᠨ ᠳᠤᠭᠤᠢᠯᠠᠩ ᠨᠢ ᠵᠠᠩ ᠯᠦ᠍᠂ ᠡᠦ ᠹᠧᠢ᠂ ᠵᠠᠩ ᠬᠣᠩ ᠵᠠᠩ᠎ᠢᠶᠠᠷ ᠪᠦᠷᠢᠯᠳᠦᠵᠦ᠂ ᠵᠠᠩ ᠯᠦ᠍ ᠵᠠᠷᠯᠢᠭ᠋᠎ᠤᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠪᠡ᠃

3 ᠰᠠᠨᠰᠠᠷᠴᠢᠨ᠎ᠨᠢ ᠲᠣᠰ ᠲᠣᠰ ᠰᠠᠨᠰᠠᠷ᠎ᠤᠨ ᠠᠶᠠᠯᠠᠯ᠎ᠤᠨ ᠵᠢᠯᠣᠭᠣᠴᠢ᠂ ᠨᠢᠰᠦᠯᠲᠡ᠎ᠶ᠋ᠢᠨ ᠢᠨᠵᠧᠨᠧᠷ ᠪᠠ ᠠᠴᠢᠶ᠎ᠠ᠎ᠶ᠋ᠢᠨ ᠲᠤᠰᠭᠠᠶ ᠮᠡᠷᠭᠡᠵᠢᠯᠲᠡᠨ ᠪᠠᠢᠵᠤ᠂ ᠮᠠᠨ᠎ᠤ ᠤᠯᠤᠰ᠎ᠤᠨ ᠠᠯᠪᠠ ᠬᠠᠭᠠᠵᠤ ᠪᠠᠢᠭ᠎ᠠ ᠰᠠᠨᠰᠠᠷᠴᠢᠨ᠎ᠤ 3 ᠲᠥᠷᠥᠯ᠎ᠢ ᠬᠠᠮᠤᠷᠴᠠᠶ᠃ ᠰᠠᠨᠰᠠᠷᠴᠢᠨ ᠵᠠᠩ ᠯᠦ᠍ ᠬᠤᠪᠢᠯᠭᠠᠨ ᠣᠩᠭᠣᠴᠠ ᠠᠷᠪᠠᠨ ᠲᠠᠪᠤᠳᠤᠭᠠᠷ ᠬᠥᠮᠦᠨ ᠰᠠᠭᠤᠯᠭᠠᠭ᠍ᠰᠠᠨ ᠨᠢᠰᠦᠯᠲᠡ᠎ᠶ᠋ᠢᠨ ᠡᠭᠦᠷᠭᠡ᠎ᠶ᠋ᠢ ᠭᠦᠢᠴᠡᠳᠭᠡᠵᠦ᠍ ᠥᠩᠭᠡᠷᠡᠵᠡᠢ᠂ ᠡᠦ ᠹᠸᠢ ᠪᠣᠯᠤᠨ ᠵᠠᠩ ᠬᠣᠩ ᠵᠠᠩ ᠪᠣᠯ ᠴᠥᠮ ᠮᠠᠨ᠎ᠤ ᠤᠯᠤᠰ᠎ᠤᠨ ᠭᠤᠷᠪᠠᠳᠤᠭᠠᠷ ᠪᠦᠯᠦᠭ᠎ᠦᠨ ᠰᠠᠨᠰᠠᠷᠴᠢᠨ ᠮᠥᠨ᠂ ᠠᠩᠬ᠎ᠠ ᠤᠳᠠᠭ᠎ᠠ ᠨᠢᠰᠦᠯᠲᠡ᠎ᠶ᠋ᠢᠨ ᠡᠭᠦᠷᠭᠡ᠎ᠶ᠋ᠢ ᠭᠦᠢᠴᠡᠳᠭᠡᠵᠦ᠍ ᠪᠠᠢᠨ᠎ᠠ᠃ ᠡᠭᠦᠨ᠎ᠳᠦ᠂ ᠦ᠋ ᠹᠸᠢ ᠰᠤᠩᠭᠤᠭᠳᠠᠬᠤ᠎ᠠᠴᠠ᠎ᠪᠠᠨ ᠡᠮᠦᠨ᠎ᠡ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠪᠦᠯᠦᠭ᠌ᠯᠡᠯ ᠬᠢᠵᠠᠭᠠᠷᠲᠤ ᠺᠣᠮᠫᠠᠨᠢ᠎ᠶ᠋ᠢᠨ ᠣᠭ᠍ᠲᠠᠷᠭᠤᠶ᠎ᠶ᠋ᠢᠨ ᠮᠡᠷᠭᠡᠵᠢᠯ᠎ᠦᠨ ᠰᠤᠳᠤᠯᠭᠠᠨ᠎ᠤ ᠬᠦᠷᠢᠶᠡᠯᠡᠩ᠎ᠦᠨ ᠢᠨᠵᠧᠨᠧᠷ᠎ᠪᠠᠢᠪᠠ᠂ ᠵᠠᠩ ᠬᠣᠩ ᠵᠠᠩ ᠰᠤᠩᠭᠤᠭᠳᠠᠬᠤ᠎ᠠᠴᠠ᠎ᠪᠠᠨ ᠡᠮᠦᠨ᠎ᠡ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠳ᠋ᠠᠯᠢᠶᠠᠨ᠎ᠤ ᠬᠢᠮᠢ ᠹᠢᠽᠢᠺ ᠰᠤᠳᠤᠯᠬᠤ ᠭᠠᠵᠠᠷ᠎ᠤᠨ ᠰᠤᠳᠤᠯᠤᠭ᠍ᠴᠢ᠎ᠪᠠᠢᠪᠠ᠃

ᠲᠣᠰ ᠤᠳᠠᠭ᠎ᠠ᠎ᠶᠢᠨ ᠡᠭᠦᠷᠭᠡ ᠪᠣᠯ ᠣᠭ᠍ᠲᠠᠷᠭᠤᠶ᠎ᠶ᠋ᠢᠨ ᠥᠷᠲᠡᠭᠡ᠎ᠶ᠋ᠢᠨ ᠬᠡᠷᠡᠭᠯᠡᠭᠡᠨ ᠪᠠ ᠬᠥᠭ᠌ᠵᠢᠯᠲᠡ᠎ᠶ᠋ᠢᠨ ᠱᠠᠲᠤᠨ᠎ᠤ 6 ᠳ᠋ᠤᠭᠠᠷ ᠤᠳᠠᠭ᠎ᠠ᠎ᠶᠢᠨ ᠬᠥᠮᠦᠨ ᠰᠠᠭᠤᠯᠭᠠᠭ᠍ᠰᠠᠨ ᠨᠢᠰᠦᠯᠲᠡ᠎ᠶ᠋ᠢᠨ ᠡᠭᠦᠷᠭᠡ ᠪᠣᠯᠤᠨ᠎ᠠ᠂ ᠮᠥᠨ ᠴᠦ᠍ ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠢᠨᠵᠧᠨᠧᠷᠢᠩ᠎ᠦᠨ 37 ᠳ᠋ᠤᠭᠠᠷ ᠤᠳᠠᠭ᠎ᠠ᠎ᠶᠢᠨ ᠨᠢᠰᠦᠯᠲᠡ᠎ᠶ᠋ᠢᠨ ᠡᠭᠦᠷᠭᠡ ᠪᠣᠯᠤᠨ᠎ᠠ᠃ ᠡᠭᠦᠷᠭᠡ᠎ᠶ᠋ᠢᠨ ᠭᠤᠤᠯ ᠵᠣᠷᠢᠯᠭ᠎ᠠ ᠨᠢ᠄ ᠬᠤᠪᠢᠯᠭᠠᠨ ᠣᠩᠭᠣᠴᠠ ᠬᠣᠷᠢᠳᠤᠭᠠᠷ ᠲᠠᠶ ᠲᠣᠭᠣᠷᠢᠯᠲᠠ᠎ᠶ᠋ᠢᠨ ᠵᠠᠮ ᠳᠡᠭᠡᠷ᠎ᠡ ᠡᠭᠡᠯᠵᠢ ᠰᠣᠯᠢᠬᠤ᠎ᠶ᠋ᠢ ᠪᠡᠶᠡᠯᠡᠭᠦᠯᠵᠦ᠍᠂ ᠰᠠᠨᠰᠠᠷ᠎ᠤᠨ ᠥᠷᠲᠡᠭᠡ᠎ᠳᠦ 6 ᠰᠠᠷ᠎ᠠ ᠰᠢᠬᠠᠮ ᠰᠠᠭᠤᠵᠤ᠂ ᠣᠭ᠍ᠲᠠᠷᠭᠤᠶ᠎ᠶ᠋ᠢᠨ ᠱᠢᠨᠵᠢᠯᠡᠬᠦ᠌ ᠤᠬᠠᠭᠠᠨ ᠬᠢᠭᠡᠳ ᠬᠡᠷᠡᠭ᠌ᠯᠡᠭᠡᠨ᠎ᠦ ᠠᠵᠢᠯ᠎ᠢ ᠥᠷᠨᠢᠭᠦᠯᠵᠦ᠍᠂ ᠰᠠᠨᠰᠠᠷᠴᠢᠨ᠎ᠤ ᠥᠷᠥᠭᠡ᠎ᠡᠴᠡ ᠭᠠᠷᠬᠤ ᠠᠵᠢᠯᠯᠠᠭ᠎ᠠ ᠵᠢᠴᠢ ᠪᠠᠷᠠᠭ᠎ᠠ᠎ᠶᠢ ᠥᠷᠥᠭᠡ᠎ᠳᠦ ᠤᠷᠤᠭᠤᠯᠵᠤ ᠦᠷᠦᠭᠡ᠎ᠠᠴᠠ ᠭᠠᠷᠭᠠᠬᠤ᠂ ᠰᠠᠨᠰᠠᠷ᠎ᠤᠨ ᠬᠡᠮᠬᠡᠳᠡᠭ᠎ᠢ ᠰᠡᠷᠭᠡᠢᠯᠡᠨ ᠬᠠᠮᠠᠭᠠᠯᠠᠬᠤ ᠲᠣᠨᠣᠭ᠍ᠯᠠᠯ ᠤᠭ᠍ᠰᠠᠷᠠᠬᠤ᠂ ᠥᠷᠥᠭᠡ᠎ᠶ᠋ᠢᠨ ᠭᠠᠳᠠᠨ᠎ᠠ ᠠᠴᠢᠶᠠᠯᠠᠬᠤ ᠪᠠ ᠥᠷᠥᠭᠡ᠎ᠶ᠋ᠢᠨ ᠭᠠᠳᠠᠨᠠᠬᠢ ᠲᠥᠬᠥᠭᠡᠷᠦᠮᠵᠢ᠎ᠶ᠋ᠢ ᠤᠭ᠍ᠰᠠᠷᠠᠬᠤ ᠬᠢᠭᠡᠳ ᠡᠭᠡᠭᠦᠯᠦᠨ ᠬᠤᠷᠢᠶᠠᠬᠤ ᠵᠡᠷᠭᠡ ᠡᠭᠦᠷᠭᠡ᠎ᠶ᠋ᠢ ᠪᠡᠶᠡᠯᠡᠬᠦᠯᠵᠦ᠂ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠬᠥᠮᠦᠵᠢᠯ ᠪᠠ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ ᠵᠢᠴᠢ ᠰᠠᠨᠰᠠᠷ᠎ᠤᠨ ᠤᠷᠤᠨ ᠵᠠᠢ᠎ᠶᠢᠨ ᠠᠴᠢᠶᠠᠯᠠᠬᠤ ᠲᠤᠷᠱᠢᠯᠲᠠ᠎ᠶ᠋ᠢ ᠥᠷᠨᠢᠭᠦᠯᠵᠦ᠍᠂ ᠰᠠᠨᠰᠠᠷ᠎ᠤᠨ ᠥᠷᠲᠡᠭᠡ᠎ᠶ᠋ᠢᠨ ᠶᠡᠷᠦᠩᠬᠡᠢᠯᠡᠭ᠌ᠰᠡᠨ ᠬᠡᠷᠡᠭ᠌ᠯᠡᠭᠡᠨ᠎ᠦ ᠦᠷ᠎ᠡ ᠠᠱᠢᠭ᠎ᠢ ᠦᠷᠭᠦᠯᠵᠢᠯᠡᠨ ᠪᠠᠳᠠᠷᠠᠭᠤᠯᠬᠤ ᠪᠤᠯᠤᠨ᠎ᠠ᠃

ᠲᠥᠯᠥᠪᠯᠡᠭᠡ ᠶᠣᠰᠣᠭᠠᠷ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ ᠬᠥᠮᠦᠨ ᠰᠠᠭᠤᠯᠭᠠᠭ᠍ᠰᠠᠨ ᠨᠢᠰᠭᠦ ᠣᠩᠭᠣᠴᠠ ᠲᠣᠭᠣᠷᠢᠯᠲᠠ᠎ᠶ᠋ᠢᠨ ᠵᠠᠮ᠎ᠳᠤ ᠤᠷᠤᠭ᠍ᠰᠠᠨ᠎ᠤ ᠳᠠᠷᠠᠭ᠎ᠠ᠂ ᠪᠡᠶ᠎ᠡ᠎ᠪᠡᠨ ᠳᠠᠭᠠᠭᠠᠭ᠍ᠰᠠᠨ ᠲᠦᠷᠭᠡᠨ ᠬᠤᠷᠳᠤᠴᠠ᠎ᠪᠠᠷ ᠵᠤᠯᠭᠠᠭᠤᠯᠤᠨ ᠵᠠᠯᠭᠠᠬᠤ ᠵᠠᠭ᠍ᠪᠤᠷ᠎ᠢ ᠬᠡᠷᠡᠭ᠌ᠯᠡᠵᠦ᠍᠂ ᠪᠠᠷᠤᠭ 3.5 ᠴᠠᠭ᠎ᠤᠨ ᠳᠠᠷᠠᠭ᠎ᠠ ᠲᠢᠶᠠᠨ ᠾᠸ ᠭᠣᠣᠯ ᠦᠷᠦᠬᠡ᠎ᠶ᠋ᠢᠨ ᠡᠮᠦᠨ᠎ᠡ ᠦᠵᠦᠭᠦᠷ᠎ᠲᠡᠶ ᠵᠠᠯᠭᠠᠵᠤ᠂ ᠭᠤᠷᠪᠠᠨ ᠣᠩᠭᠣᠴᠠ ᠭᠤᠷᠪᠠᠨ ᠦᠷᠦᠬᠡ᠎ᠶ᠋ᠢᠨ ᠨᠡᠢᠯᠡᠮᠡᠯ ᠴᠣᠭ᠍ᠴᠠ᠎ᠶ᠋ᠢ ᠪᠦᠷᠢᠯᠳᠦᠭᠦᠯᠦᠨ᠎ᠡ᠃ ᠲᠣᠭᠣᠷᠢᠯᠲᠠ᠎ᠶ᠋ᠢᠨ ᠵᠠᠮ᠎ᠳᠤ ᠪᠠᠢᠬᠤ ᠬᠤᠭᠤᠴᠠᠭᠠᠨ᠎ᠳᠤ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠤᠨ ᠰᠠᠨᠰᠠᠷᠴᠢᠨ᠎ᠤ ᠳᠤᠭᠤᠢᠯᠠᠩ ᠳᠡᠭᠷᠢ᠎ᠶᠢᠨ ᠵᠠᠪᠢ ᠠᠷᠪᠠᠳᠤᠭᠠᠷ ᠠᠴᠢᠶᠠᠨ᠎ᠤ ᠨᠢᠰᠭᠦ ᠣᠩᠭᠣᠴᠠ ᠪᠣᠯᠤᠨ ᠬᠤᠪᠢᠯᠭᠠᠨ ᠣᠩᠭᠣᠴᠠ ᠬᠣᠷᠢᠨ ᠬᠣᠶᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠣᠴᠠ᠎ᠶ᠋ᠢ ᠤᠭ᠍ᠲᠤᠬᠤ ᠪᠣᠯᠤᠨ᠎ᠠ᠃

ᠣᠳᠣᠬᠠᠨ᠎ᠳᠤ᠂ ᠣᠩᠭᠣᠴᠠ ᠲᠡᠢᠷᠦᠯᠲᠦ ᠰᠤᠮᠤ᠎ᠶ᠋ᠢᠨ ᠨᠢᠰᠦᠯᠲᠡ᠎ᠶ᠋ᠢᠨ ᠦᠶ᠋ᠯᠡᠳᠬᠦᠨ᠎ᠦ ᠶᠠᠰᠤ ᠴᠢᠨᠠᠷ ᠨᠢ ᠬᠡᠪ᠎ᠤᠨ ᠪᠠᠢᠵᠤ᠂ ᠰᠠᠨᠰᠠᠷᠴᠢᠳ᠎ᠤᠨ ᠪᠠᠢᠳᠠᠯ ᠨᠢ ᠰᠠᠢᠨ᠂ ᠭᠠᠵᠠᠷ ᠳᠡᠭᠡᠷᠡᠬᠢ ᠱᠢᠰᠲ᠋ᠧᠮ᠎ᠦᠨ ᠲᠥᠬᠥᠭᠡᠷᠦᠮᠵᠢ᠎ᠶᠢᠨ ᠠᠵᠢᠯᠯᠠᠭᠠᠨ ᠨᠢ ᠲᠣᠭ᠍ᠲᠠᠪᠤᠷᠢᠲᠠᠶ᠂ ᠰᠠᠨᠰᠠᠷ᠎ᠤᠨ ᠥᠷᠲᠡᠭᠡ᠎ᠶ᠋ᠢᠨ ᠨᠡᠢᠯᠡᠮᠡᠯ ᠴᠣᠭ᠍ᠴᠠ᠎ᠶ᠋ᠢᠨ ᠪᠠᠢᠳᠠᠯ ᠨᠢ ᠬᠡᠪ᠎ᠦᠨ ᠪᠠᠢᠵᠤ᠂ ᠬᠠᠷᠪᠤᠬᠤ ᠡᠭᠦᠷᠭᠡ᠎ᠶ᠋ᠢ ᠭᠦᠶ᠋ᠴᠡᠳᠭᠡᠬᠦ᠌ ᠡᠯ᠎ᠡ ᠵᠦᠶ᠋ᠯ᠎ᠦᠨ ᠨᠥᠬᠥᠴᠡᠯ᠎ᠢ ᠪᠦᠷᠢᠯᠳᠦᠭᠦᠯᠦᠭ᠌ᠰᠡᠨ ᠪᠠᠢᠨ᠎ᠠ᠃

ᠰᠣᠨᠢᠨ ᠮᠡᠳᠡᠭᠡ ᠨᠡᠢᠲᠡᠯᠡᠬᠦ ᠬᠤᠷᠠᠯ ᠳᠡᠭᠡᠷ᠎ᠡ ᠪᠠᠰᠠ ᠬᠤᠪᠢᠯᠭᠠᠨ ᠣᠩᠭᠣᠴᠠ ᠬᠣᠷᠢᠳᠤᠭᠠᠷ᠎ᠤᠨ ᠰᠠᠨᠰᠠᠷᠴᠢᠨ᠎ᠤ ᠳᠤᠭᠤᠢᠯᠠᠩ᠎ᠤᠨ ᠲᠣᠭᠣᠷᠢᠯᠲᠠ᠎ᠶᠢᠨ ᠵᠠᠮ᠎ᠳᠤ ᠠᠵᠢᠯᠯᠠᠵᠤ ᠪᠠᠢᠭ᠎ᠠ ᠪᠠᠢᠳᠠᠯ᠎ᠢ ᠲᠠᠨᠢᠯᠴᠠᠭᠤᠯᠪᠠ᠃ ᠲᠠᠨᠢᠯᠴᠠᠭᠤᠯᠤᠭᠰᠠᠨ᠎ᠢᠶᠠᠷ᠂ ᠬᠤᠪᠢᠯᠭᠠᠨ ᠣᠩᠭᠣᠴᠠ ᠬᠣᠷᠢᠳᠤᠭᠠᠷ᠎ᠤᠨ ᠰᠠᠨᠰᠠᠷᠴᠢᠨ᠎ᠤ ᠳᠤᠭᠤᠢᠯᠠᠩ᠎ᠤᠨ ᠬᠢᠨ ᠲᠣᠭᠣᠷᠢᠯᠲᠠ᠎ᠶᠢᠨ ᠵᠠᠮ᠎ᠳᠤ ᠨᠢᠭᠡᠨᠲᠡ 188 ᠡᠳᠦᠷ ᠰᠠᠭᠠᠲᠠᠵᠤ᠂ ᠳᠤᠮᠳᠠᠳᠤ ᠤᠯᠤᠰ᠎ᠤᠨ ᠰᠠᠨᠰᠠᠷᠴᠢᠨ᠎ᠤ ᠳᠤᠭᠤᠢᠯᠠᠩ᠎ᠤᠨ ᠲᠣᠭᠣᠷᠢᠯᠲᠠ᠎ᠶᠢᠨ ᠵᠠᠮ᠎ᠳᠤ ᠰᠠᠭᠤᠭᠰᠠᠨ ᠬᠠᠮᠤᠭ᠎ᠤᠨ ᠣᠷᠳᠣ᠌ ᠲᠡᠮᠳᠡᠭᠯᠡᠯ᠎ᠢ ᠰᠢᠨᠡᠳᠬᠡᠵᠦ᠂ ᠣᠳᠣᠬᠠᠨ᠎ᠳᠤ ᠡᠯ᠎ᠡ ᠵᠦᠢᠯ᠎ᠦᠨ ᠠᠵᠢᠯ ᠤᠷᠤᠭᠰᠢᠲᠠᠢ ᠶᠠᠪᠤᠭᠳᠠᠵᠤ᠂ 3 ᠰᠠᠨᠰᠠᠷᠴᠢᠨ᠎ᠤ ᠪᠠᠢᠳᠠᠯ ᠰᠠᠢᠨ ᠪᠠᠢᠨ᠎ᠠ᠃ ᠵᠠᠷᠯᠢᠭ᠋᠎ᠤᠨ ᠳᠠᠷᠤᠭ᠎ᠠ ᠴᠧᠨ ᠳ᠋ᠦᠩ ᠲᠣᠭᠣᠷᠢᠯᠲᠠ᠎ᠶᠢᠨ ᠵᠠᠮ᠎ᠳᠤ 400 ᠭᠠᠷᠤᠢ ᠡᠳᠦᠷ ᠰᠠᠭᠤᠭᠰᠠᠨ ᠠᠩᠬᠠᠳᠠᠭ᠍ᠴᠢ ᠳᠤᠮᠳᠠᠳᠤ ᠤᠯᠤᠰ᠎ᠤᠨ ᠰᠠᠨᠰᠠᠷᠴᠢᠨ ᠪᠣᠯᠵᠤ᠂ ᠨᠡᠶ᠋ᠢᠲᠡ 6 ᠤᠳᠠᠭ᠎ᠠ ᠥᠷᠥᠭᠡ᠎ᠡᠴᠡ ᠭᠠᠷᠴᠤ᠂ ᠣᠳᠣᠬᠠᠨ᠎ᠤ ᠥᠷᠥᠭᠡ᠎ᠶᠢᠨ ᠭᠠᠳᠠᠨ᠎ᠠ ᠡᠭᠦᠷᠭᠡ ᠭᠦᠢᠴᠡᠳᠬᠡᠭᠰᠡᠨ ᠤᠳᠠᠭ᠎ᠠ᠎ᠪᠠᠷ ᠬᠠᠮᠤᠭ᠎ᠤᠨ ᠣᠯᠠᠨ ᠳᠤᠮᠳᠠᠳᠤ ᠤᠯᠤᠰ᠎ᠤᠨ ᠰᠠᠨᠰᠠᠷᠴᠢᠨ ᠪᠣᠯᠪᠠ; ᠴᠧᠨ ᠵᠦᠩ ᠷᠦᠢ ᠪᠣᠯᠣᠨ ᠸᠠᠩ ᠵᠢᠶᠸ ᠠᠩᠬ᠎ᠠ ᠤᠳᠠᠭ᠎ᠠ ᠨᠢᠰᠦᠯᠲᠡ᠎ᠶᠢᠨ ᠡᠭᠦᠷᠭᠡ᠎ᠪᠡᠨ ᠭᠦᠢᠴᠡᠳᠬᠡᠵᠦ᠂ ᠡᠯ᠎ᠡ ᠵᠦᠢᠯ᠎ᠦᠨ ᠡᠭᠦᠷᠭᠡ᠎ᠪᠡᠨ ᠤᠷᠤᠭᠰᠢᠲᠠᠢ ᠪᠡᠶᠡᠯᠡᠭᠦᠯᠪᠡ᠃ ᠲᠣᠰ ᠤᠳᠠᠭᠠᠨ᠎ᠤ ᠡᠭᠦᠷᠭᠡ᠎ᠶᠢᠨ ᠬᠤᠭᠤᠴᠠᠭᠠᠨ᠎ᠳᠤ᠂ ᠰᠠᠨᠰᠠᠷᠴᠢᠨ᠎ᠤ ᠳᠤᠭᠤᠢᠯᠠᠩ᠎ᠤᠨ ᠬᠢᠨ ᠨᠡᠶ᠋ᠢᠲᠡ 4 ᠤᠳᠠᠭ᠎ᠠ ᠥᠷᠥᠭᠡᠨ᠎ᠡᠴᠡ ᠭᠠᠷᠬᠤ ᠠᠵᠢᠯᠯᠠᠭ᠎ᠠ ᠪᠠ 7 ᠤᠳᠠᠭ᠎ᠠ ᠳᠠᠭᠠᠭᠠᠴᠠ ᠲᠠᠢ᠎ᠪᠠᠷ ᠥᠷᠥᠭᠡᠨ᠎ᠡᠴᠡ ᠣᠷᠣᠵᠤ ᠭᠠᠷᠬᠤ ᠡᠭᠦᠷᠭᠡ᠎ᠶᠢ ᠬᠢᠵᠦ᠂ ᠣᠭᠲᠠᠷᠭᠤᠢ᠎ᠶᠢᠨ ᠬᠡᠮᠬᠡᠳᠡᠭ᠎ᠢ ᠬᠠᠮᠠᠭᠠᠯᠠᠬᠤ ᠲᠣᠨᠣᠭᠯᠠᠯ ᠤᠭᠰᠠᠷᠠᠬᠤ᠂ ᠥᠷᠥᠭᠡᠨ ᠭᠠᠳᠠᠨᠠᠬᠢ ᠲᠤᠰᠠᠯᠠᠬᠤ ᠲᠣᠨᠣᠭᠯᠠᠯ ᠤᠭᠰᠠᠷᠠᠬᠤ᠂ ᠥᠷᠥᠭᠡᠨ ᠭᠠᠳᠠᠨᠠᠬᠢ ᠲᠣᠨᠣᠭ ᠲᠥᠬᠦᠭᠡᠷᠦᠮᠵᠢ᠎ᠶᠢ ᠲᠣᠭᠣᠷᠢᠨ ᠪᠠᠢᠴᠠᠭᠠᠬᠤ ᠵᠡᠷᠭᠡ ᠡᠭᠦᠷᠭᠡ᠎ᠶᠢ ᠪᠡᠶᠡᠯᠡᠭᠦᠯᠪᠡ᠃ ᠣᠭᠲᠠᠷᠭᠤᠢ᠎ᠶᠢᠨ ᠰᠢᠨᠵᠢᠯᠡᠬᠦ ᠤᠬᠠᠭᠠᠨ ᠪᠠ ᠬᠡᠷᠡᠭᠯᠡᠭᠡᠨ᠎ᠦ ᠲᠠᠯ᠎ᠠ᠎ᠪᠠᠷ᠂ ᠳᠤᠭᠤᠢᠯᠠᠩ ᠨᠢ ᠭᠠᠵᠠᠷ ᠳᠡᠭᠡᠷᠡᠬᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠳ ᠲᠠᠢ ᠨᠢᠭ᠍ᠲᠠ ᠬᠠᠮᠵᠢᠯᠴᠠᠵᠤ᠂ ᠣᠭᠲᠠᠷᠭᠤᠢ᠎ᠶᠢᠨ ᠠᠮᠢ ᠨᠠᠰᠤᠨ᠎ᠤ ᠰᠢᠨᠵᠢᠯᠡᠬᠦ ᠤᠬᠠᠭᠠᠨ᠂ ᠪᠢᠴᠢᠯ ᠬᠦᠨᠳᠦ᠎ᠶᠢᠨ ᠬᠦᠴᠦᠨ᠎ᠦ ᠰᠠᠭᠤᠷᠢ ᠹᠢᠽᠢᠺ᠂ ᠣᠭᠲᠠᠷᠭᠤᠢ᠎ᠶᠢᠨ ᠮᠠᠲᠧᠷᠢᠶᠠᠯ᠎ᠤᠨ ᠰᠢᠨᠵᠢᠯᠡᠬᠦ ᠤᠬᠠᠭᠠᠨ᠂ ᠰᠠᠨᠰᠠᠷ᠎ᠤᠨ ᠠᠶᠠᠯᠠᠯ᠎ᠤᠨ ᠠᠨᠠᠭᠠᠬᠤ ᠤᠬᠠᠭᠠᠨ᠂ ᠰᠠᠨᠰᠠᠷ᠎ᠤᠨ ᠠᠶᠠᠯᠠᠯ᠎ᠤᠨ ᠰᠢᠨ᠎ᠡ ᠮᠡᠷᠭᠡᠵᠢᠯ ᠵᠡᠷᠭᠡ ᠬᠦᠷᠢᠶ᠎ᠡ᠎ᠶᠢ ᠬᠠᠮᠤᠷᠴᠤ᠂ ᠱᠠᠲᠤᠴᠢ ᠴᠢᠨᠠᠷᠲᠠᠢ ᠦᠷ᠎ᠡ ᠪᠦᠲᠦᠭᠡᠯ ᠣᠯᠵᠠᠢ᠃ ᠨᠡᠢᠲᠡᠯᠢᠭ ᠦᠷ᠎ᠡ ᠪᠦᠲᠦᠭᠡᠯ᠎ᠳᠦ᠄ ᠣᠷᠣᠨ ᠵᠠᠢ᠎ᠶᠢᠨ ᠣᠷᠴᠢᠨ ᠲᠣᠭᠣᠷᠢᠨ᠎ᠳᠤ ᠴᠢᠨᠠᠷ ᠰᠠᠢᠲᠠᠢ ᠤᠭᠤᠷᠠᠭ᠎ᠤᠨ ᠲᠠᠯᠠᠰᠲᠤ ᠣᠯᠵᠤ᠂ ᠬᠠᠪᠤᠳᠠᠷ᠎ᠢ ᠡᠮᠨᠡᠨ ᠵᠠᠰᠠᠬᠤ᠎ᠳᠤ ᠨᠢᠭᠤᠭᠳᠠᠮᠠᠯ ᠰᠠᠴᠤᠷᠠᠭ᠎ᠤᠨ ᠳᠤᠰᠤᠯᠲᠠ ᠬᠠᠩᠭᠠᠬᠤ ᠪᠣᠯᠣᠮᠵᠢ ᠲᠠᠢ; ᠸᠣᠯᠹᠷᠠᠮ᠎ᠤᠨ ᠬᠠᠢᠯᠤᠰᠢ᠎ᠶᠢ ᠠᠮᠵᠢᠯᠲᠠ ᠲᠠᠢ᠎ᠪᠠᠷ 3100 ᠭᠷᠡᠳᠦ᠋ᠰ ᠪᠣᠯᠲᠠᠯ᠎ᠠ ᠬᠠᠯᠠᠭᠠᠵᠤ᠂ ᠣᠯᠠᠨ ᠤᠯᠤᠰ᠎ᠤᠨ ᠣᠭᠲᠠᠷᠭᠤᠢ᠎ᠶᠢᠨ ᠮᠠᠲᠧᠷᠢᠶᠠᠯ᠎ᠤᠨ ᠰᠢᠨᠵᠢᠯᠡᠬᠦ ᠤᠬᠠᠭᠠᠨ᠎ᠤ ᠲᠤᠷᠰᠢᠯᠲᠠ᠎ᠶᠢᠨ ᠬᠠᠮᠤᠭ᠎ᠤᠨ ᠥᠨᠳᠥᠷ ᠬᠠᠯᠠᠭᠠᠯᠲᠠ᠎ᠶᠢᠨ ᠳᠤᠯᠠᠭᠠᠨ᠎ᠤ ᠲᠡᠮᠳᠡᠭᠯᠡᠯ᠎ᠢ ᠰᠢᠨᠡᠳᠬᠡᠪᠡ; ᠴᠠᠬᠢᠯᠭᠠᠨ ᠲᠠᠢ ᠴᠠᠪᠠᠤᠯᠢᠭ᠋ ᠪᠡᠶ᠎ᠡ ᠨᠢ ᠪᠢᠴᠢᠯ ᠬᠦᠨᠳᠦ᠎ᠶᠢᠨ ᠬᠦᠴᠦᠨ ᠳᠣᠣᠷ᠎ᠠ ᠲᠠᠯᠠᠰᠵᠢᠵᠤ ᠣᠷᠳᠣ᠌ ᠨᠠᠰᠤᠲᠤ ᠳᠡᠳ᠋ ᠲᠣᠭᠲᠠᠪᠤᠷᠢᠲᠤ ᠪᠦᠲᠦᠴᠡ᠎ᠵᠢ ᠪᠦᠷᠢᠯᠳᠦᠭᠦᠯᠬᠦ ᠵᠡᠷᠭᠡ᠎ᠶᠢ ᠠᠩᠬ᠎ᠠ ᠤᠳᠠᠭ᠎ᠠ ᠢᠯᠡᠷᠡᠭᠦᠯᠪᠡ᠃ ᠬᠤᠪᠢᠯᠭᠠᠨ ᠣᠩᠭᠣᠴᠠ ᠬᠣᠷᠢᠳᠤᠭᠠᠷ᠎ᠤᠨ ᠰᠠᠨᠰᠠᠷᠴᠢᠨ᠎ᠤ ᠳᠤᠭᠤᠢᠯᠠᠩ᠎ᠤᠨ ᠬᠢᠨ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠦᠨ ᠰᠠᠨᠰᠠᠷᠴᠢᠨ᠎ᠤ ᠳᠤᠭᠤᠢᠯᠠᠩ᠎ᠤᠨ ᠬᠢᠨ ᠲᠠᠢ ᠲᠣᠭᠣᠷᠢᠯᠲᠠ᠎ᠶᠢᠨ ᠵᠠᠮ ᠳᠡᠭᠡᠷ᠎ᠡ ᠡᠭᠡᠯᠵᠢ ᠰᠣᠯᠢᠭ᠍ᠰᠠᠨ᠎ᠤ ᠳᠠᠷᠠᠭ᠎ᠠ ᠳ᠋ᠦᠨᠭ ᠹᠸᠨᠭ ᠪᠠᠭᠤᠯᠲᠠ᠎ᠵᠢᠨ ᠲᠠᠯᠠᠪᠠᠢ ᠳ᠋ᠤ ᠪᠤᠴᠠᠵᠤ ᠢᠷᠡᠬᠦ ᠪᠣᠯᠣᠨ᠎ᠠ᠃

ᠣᠢᠯᠠᠭᠠᠭᠰᠠᠨ᠎ᠢᠶᠠᠷ᠂ ᠣᠳᠣᠬᠠᠨ᠎ᠳᠤ ᠮᠠᠨ᠎ᠤ ᠤᠯᠤᠰ ᠶᠠᠭ 2030 ᠣᠨ᠎ᠡᠴᠡ ᠡᠮᠦᠨ᠎ᠡ ᠰᠠᠷᠠᠨ ᠪᠥᠮᠪᠥᠷᠴᠡᠭ᠎ᠲᠦ ᠭᠠᠷᠬᠤ ᠬᠠᠷᠠᠯᠲᠠ᠎ᠪᠠᠨ ᠪᠡᠶᠡᠯᠡᠭᠦᠯᠬᠦ᠎ᠪᠡᠷ ᠪᠠᠲᠦ ᠡᠵᠡᠮᠳᠡᠵᠦ᠂ ᠬᠥᠮᠥᠨ ᠰᠠᠭᠤᠯᠭᠠᠵᠤ ᠰᠠᠷᠠᠨ ᠪᠥᠮᠪᠥᠷᠴᠡᠭ᠎ᠲᠦ ᠭᠠᠷᠬᠤ ᠡᠭᠦᠷᠭᠡ᠎ᠶᠢᠨ ᠪᠡᠯᠡᠳᠬᠡᠯ ᠠᠵᠢᠯ᠎ᠢ ᠥᠷᠨᠢᠭᠦᠯᠵᠦ ᠪᠠᠢᠨ᠎ᠠ᠃ ᠣᠳᠣᠬᠠᠨ᠎ᠳᠤ ᠬᠥᠮᠥᠨ ᠰᠠᠭᠤᠯᠭᠠᠵᠤ ᠰᠠᠷᠠᠨ ᠪᠥᠮᠪᠥᠷᠴᠡᠭ᠎ᠲᠦ ᠭᠠᠷᠬᠤ ᠡᠭᠦᠷᠭᠡ᠎ᠶᠢᠨ ᠡᠯ᠎ᠡ ᠵᠦᠢᠯ᠎ᠦᠨ ᠰᠤᠳᠤᠯᠤᠨ ᠦᠢᠯᠡᠳᠬᠦ ᠪᠦᠲᠦᠭᠡᠨ ᠪᠠᠢᠭᠤᠯᠤᠯᠲᠠ᠎ᠶᠢᠨ ᠠᠵᠢᠯ ᠶᠡᠷᠦᠩᠬᠡᠢ᠎ᠳᠡᠭᠡᠨ ᠤᠷᠤᠭᠰᠢᠲᠠᠢ ᠶᠠᠪᠤᠭᠳᠠᠵᠤ᠂ ᠴᠠᠩ ᠵᠧᠩ ᠠᠷᠪᠠᠳᠤᠭᠠᠷ ᠬᠥᠯᠭᠡ ᠲᠡᠢᠷᠦᠯᠲᠦ ᠰᠤᠮᠤ᠂ ᠮᠸᠩ ᠵᠸᠦ ᠬᠥᠮᠥᠨ ᠰᠠᠭᠤᠯᠭᠠᠭᠰᠠᠨ ᠨᠢᠰᠬᠦ ᠣᠩᠭᠣᠴᠠ᠂ ᠯᠠᠨ ᠶᠤᠸᠠᠢ ᠰᠠᠷᠠᠨ ᠳᠡᠭᠡᠷᠡᠬᠢ ᠪᠠᠭᠤᠯᠲᠠ᠎ᠶᠢᠨ ᠪᠠᠭᠠᠵᠢ᠂ ᠸᠠᠩ ᠢᠦᠢ ᠰᠠᠷᠠᠨ᠎ᠳᠦ ᠭᠠᠷᠬᠤ ᠬᠤᠪᠴᠠᠰᠤ᠂ ᠬᠥᠮᠥᠨ ᠰᠠᠭᠤᠯᠭᠠᠭᠰᠠᠨ ᠰᠠᠷᠠᠨ ᠪᠥᠮᠪᠥᠷᠴᠡᠭ᠎ᠲᠦ ᠭᠠᠷᠬᠤ ᠲᠡᠷᠭᠡ᠎ᠶᠢ ᠬᠠᠢᠨ ᠰᠦᠪᠡᠭᠴᠢᠯᠡᠬᠦ ᠵᠡᠷᠭᠡ ᠨᠢᠰᠦᠯᠲᠡ᠎ᠶᠢᠨ ᠦᠢᠯᠡᠳᠬᠦᠨ᠎ᠦ ᠠᠩᠬᠠᠨ᠎ᠤ ᠱᠠᠲᠤᠨ᠎ᠤ ᠭᠣᠣᠯ ᠠᠵᠢᠯ᠎ᠢ ᠨᠢᠭᠡᠨᠲᠡ ᠪᠡᠶᠡᠯᠡᠭᠦᠯᠵᠦ᠂ ᠰᠢᠨᠵᠢᠯᠡᠬᠦ ᠤᠬᠠᠭᠠᠨ᠎ᠤ ᠰᠤᠳᠤᠯᠭᠠᠨ ᠪᠣᠯᠣᠨ ᠬᠡᠷᠡᠭᠯᠡᠯᠲᠡ᠎ᠶᠢᠨ ᠰᠢᠰᠲᠧᠮ᠎ᠦᠨ ᠬᠢᠨ ᠡᠯ᠎ᠡ ᠤᠳᠠᠭ᠎ᠠ᠎ᠶᠢᠨ ᠨᠢᠰᠦᠯᠲᠡ᠎ᠶᠢᠨ ᠡᠭᠦᠷᠭᠡ᠎ᠶᠢᠨ ᠠᠴᠢᠶᠠᠯᠠᠪᠤᠷᠢ᠎ᠶᠢᠨ ᠲᠥᠰᠥᠯ᠎ᠢ ᠵᠢᠷᠤᠵᠤ ᠲᠥᠯᠥᠪᠯᠡᠬᠦ ᠠᠵᠢᠯ᠎ᠢ ᠨᠢᠭᠡᠨᠲᠡ ᠪᠡᠶᠡᠯᠡᠭᠦᠯᠵᠦ᠂ ᠬᠠᠷᠪᠤᠯᠲᠠ᠎ᠶᠢᠨ ᠲᠠᠯᠠᠪᠤᠷ᠂ ᠬᠡᠮᠵᠢᠨ ᠡᠵᠡᠮᠳᠡᠬᠦ ᠴᠢᠮᠡᠭᠡ ᠬᠣᠯᠪᠣᠭ᠎ᠠ᠂ ᠪᠠᠭᠤᠯᠲᠠ᠎ᠶᠢᠨ ᠲᠠᠯᠠᠪᠤᠷ ᠵᠡᠷᠭᠡ ᠭᠠᠵᠠᠷ᠎ᠳᠡᠭᠡᠷᠡᠬᠢ ᠰᠢᠰᠲᠧᠮ᠎ᠢ ᠰᠤᠳᠤᠯᠤᠨ ᠦᠢᠯᠡᠳᠬᠦ ᠪᠠ ᠪᠦᠲᠦᠭᠡᠨ ᠪᠠᠶ᠋ᠢᠭᠤᠯᠬᠤ ᠠᠵᠢᠯ᠎ᠢ ᠶᠠᠭ ᠲᠦᠷᠭᠡᠳᠬᠡᠨ ᠠᠬᠢᠭᠤᠯᠵᠤ ᠪᠤᠢ᠃ ᠡᠨᠡ ᠵᠢᠯ᠂ ᠴᠠᠩ ᠵᠧᠩ ᠠᠷᠪᠠᠳᠤᠭᠠᠷ ᠬᠥᠯᠭᠡ ᠲᠡᠢᠷᠦᠯᠲᠦ ᠰᠤᠮᠤ᠎ᠶᠢᠨ ᠬᠣᠶᠠᠳᠤᠭᠠᠷ ᠳᠡᠰ᠎ᠤᠨ ᠬᠥᠳᠡᠯᠭᠡᠬᠦ ᠬᠦᠴᠦᠨ᠎ᠦ ᠰᠢᠰᠲ᠋ᠸᠮ᠎ᠤᠨ ᠲᠡᠷᠭᠡ ᠲᠤᠷᠰᠢᠬᠤ᠂ ᠤᠶᠠᠵᠤ ᠠᠰᠠᠭᠠᠬᠤ ᠲᠤᠷᠰᠢᠯᠲᠠ᠂ ᠮᠸᠩ ᠵᠸᠦ ᠬᠥᠮᠥᠨ ᠰᠠᠭᠤᠯᠭᠠᠭᠰᠠᠨ ᠨᠢᠰᠬᠦ ᠣᠩᠭᠣᠴᠠ᠎ᠶᠢᠨ ᠲᠡᠭ ᠥᠨᠳᠥᠷ᠎ᠡᠴᠡ ᠵᠢᠭᠤᠲᠠᠬᠤ ᠲᠤᠷᠰᠢᠯᠲᠠ᠂ ᠯᠠᠨ ᠶᠤᠸᠠᠢ ᠰᠠᠷᠠᠨ ᠳᠡᠭᠡᠷᠡᠬᠢ ᠪᠠᠭᠤᠯᠲᠠ᠎ᠶᠢᠨ ᠪᠠᠭᠠᠵᠢ᠎ᠶᠢᠨ ᠪᠠᠭᠤᠵᠤ ᠨᠢᠰᠬᠦ᠎ᠶᠢ ᠶᠡᠷᠦᠩᠬᠡᠢᠯᠡᠨ ᠰᠢᠯᠭᠠᠨ ᠪᠠᠲᠤᠯᠠᠬᠤ ᠲᠤᠷᠰᠢᠯᠲᠠ ᠵᠡᠷᠭᠡ᠎ᠶᠢ ᠨᠢᠭᠡᠨᠲᠡ ᠵᠣᠬᠢᠶᠠᠨ ᠪᠠᠢᠭᠤᠯᠵᠤ ᠪᠡᠶᠡᠯᠡᠭᠦᠯᠪᠡ᠃ ᠳᠠᠷᠠᠭᠠᠴᠢ᠎ᠪᠠᠷ ᠪᠠᠰᠠ ᠯᠠᠨ ᠶᠤᠸᠠᠢ ᠰᠠᠷᠠᠨ ᠳᠡᠭᠡᠷᠡᠬᠢ ᠪᠠᠭᠤᠯᠲᠠ᠎ᠶᠢᠨ ᠪᠠᠭᠠᠵᠢ᠎ᠶᠢᠨ ᠬᠤᠷᠠᠮᠠᠯ ᠰᠢᠯᠭᠠᠨ ᠭᠡᠮᠵᠢᠯᠲᠡ᠂ ᠮᠸᠩ ᠵᠸᠦ ᠬᠥᠮᠥᠨ ᠰᠠᠭᠤᠯᠭᠠᠭᠰᠠᠨ ᠨᠢᠰᠬᠦ ᠣᠩᠭᠣᠴᠠ᠎ᠶᠢᠨ ᠢᠯᠴᠢ᠎ᠶᠢᠨ ᠲᠤᠷᠰᠢᠯᠲᠠ ᠪᠠ ᠬᠠᠮᠤᠭ᠎ᠤᠨ ᠶᠡᠬᠡ ᠬᠥᠳᠡᠯᠦᠩᠭᠦᠢ ᠳᠠᠷᠤᠯᠲᠠ᠎ᠪᠠᠷ ᠵᠢᠭᠤᠲᠠᠬᠤ ᠲᠤᠷᠰᠢᠯᠲᠠ᠂ ᠴᠠᠩ ᠵᠧᠩ ᠠᠷᠪᠠᠳᠤᠭᠠᠷ ᠬᠥᠯᠭᠡ ᠲᠡᠢᠷᠦᠯᠲᠦ ᠰᠤᠮᠤ᠎ᠶᠢᠨ ᠤᠢᠷ᠎ᠠ ᠤᠭᠲᠠᠷᠭᠤᠢ᠎ᠶᠢᠨ ᠨᠢᠰᠦᠯᠲᠡ ᠵᠢᠴᠢ ᠮᠡᠷᠭᠡᠵᠢᠯ᠎ᠦᠨ ᠰᠢᠯᠭᠠᠨ ᠪᠠᠲᠤᠯᠠᠬᠤ ᠨᠢᠰᠦᠯᠲᠡ ᠵᠡᠷᠭᠡ ᠲᠤᠷᠰᠢᠯᠲᠠ᠎ᠶᠢ ᠵᠣᠬᠢᠶᠠᠨ ᠪᠠᠢᠭᠤᠯᠵᠤ ᠪᠡᠶᠡᠯᠡᠭᠦᠯᠦᠨ᠎ᠡ᠃

ᠰᠣᠨᠢᠨ ᠮᠡᠳᠡᠭᠡ ᠨᠡᠢᠲᠡᠯᠡᠬᠦ ᠬᠤᠷᠠᠯ᠎ᠤᠨ ᠲᠠᠷᠠᠭ᠎ᠠ᠂ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠤᠨ ᠳᠤᠭᠤᠢᠯᠠᠩ᠎ᠤᠨ 3 ᠰᠠᠨᠰᠠᠷᠴᠢᠨ ᠳ᠋ᠦᠩᠹᠸᠩ ᠰᠠᠨᠰᠠᠷ᠎ᠤᠨ ᠬᠤᠳᠠ᠎ᠶᠢᠨ ᠸᠸᠨ ᠲᠢᠶᠠᠨ ᠭᠸ᠎ᠳᠦ ᠳᠤᠮᠳᠠᠳᠤ ᠭᠠᠳᠠᠭᠠᠳᠤ᠎ᠶᠢᠨ ᠵᠠᠭᠤᠴᠢᠯᠠᠭᠤᠷ᠎ᠤᠨ ᠰᠤᠷᠪᠤᠯᠵᠢᠯᠠᠭ᠍ᠴᠢ ᠲᠠᠢ ᠠᠭᠤᠯᠵᠠᠭᠰᠠᠨ ᠪᠥᠭᠡᠳ ᠰᠤᠷᠪᠤᠯᠵᠢᠯᠠᠭ᠍ᠴᠢ᠎ᠶᠢᠨ ᠠᠰᠠᠭᠤᠯᠲᠠ᠎ᠶᠢ ᠬᠠᠷᠢᠭᠤᠯᠵᠠᠢ᠃

ᠢᠷᠡᠯᠲᠡ᠄    