ᠶᠡᠷᠦᠩᠬᠡᠢ ᠱᠦᠵᠢ ᠰᠢ ᠵᠢᠨ ᠫᠢᠩ ᠴᠢᠬᠤᠯᠠᠴᠢᠯᠠᠬᠤ᠎ᠳᠤ᠎ᠪᠠᠨ᠂ 《ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠨᠢ ᠬᠥᠩᠭᠡᠨ ᠬᠠᠭᠤᠳᠠᠮ᠎ᠢᠶᠠᠷ᠂ ᠣᠯᠠᠨ᠎ᠳᠤ ᠭᠠᠢᠬᠠᠭᠤᠯᠤᠭᠰᠠᠭᠠᠷ ᠯᠠ ᠪᠡᠶᠡᠯᠡᠭᠳᠡᠴᠢᠬᠡᠬᠦ ᠪᠢᠰᠢ ᠶᠤᠮ》 ᠭᠡᠵᠡᠢ᠃ ᠡᠭᠦᠷᠭᠡ ᠬᠠᠷᠢᠭᠤᠴᠠᠯᠭ᠎ᠠ ᠬᠡᠳᠦᠢ ᠬᠠᠲᠠᠭᠤ ᠪᠡᠷᠬᠡ ᠪᠣᠯᠬᠤ ᠲᠤᠳᠤᠮ᠎ᠢᠶᠠᠨ ᠠᠤᠭ᠎ᠠ ᠰᠠᠨᠠᠭ᠎ᠠ ᠠᠭᠤᠤ ᠵᠣᠷᠢᠭ᠋᠎ᠢ ᠲᠡᠳᠦᠢᠴᠢᠨᠡᠭᠡᠨ ᠬᠥᠭᠵᠢᠭᠡᠬᠦ ᠶᠤᠮ᠃ ᠶᠡᠬᠡ᠎ᠡᠴᠡ ᠨᠢᠭᠡ ᠤᠯᠤᠰ᠎ᠲᠤ᠂ ᠨᠢᠭᠡ ᠭᠠᠵᠠᠷ ᠣᠷᠣᠨ᠎ᠳᠤ᠂ ᠪᠠᠭ᠎ᠠ᠎ᠠᠴᠠ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠨᠢᠭᠡ ᠪᠦᠷᠢᠳᠦ᠂ ᠨᠠᠮ᠎ᠤᠨ ᠭᠡᠰᠢᠭᠦᠨ ᠺᠠᠳ᠋ᠷ ᠨᠢᠭᠡ ᠪᠦᠷᠢᠳᠦ᠂ ᠬᠥᠮᠥᠨ ᠪᠦᠬᠦᠨ ᠨᠢᠭ᠍ᠲᠠᠷᠠᠨ ᠪᠦᠯᠬᠦᠮᠳᠡᠵᠦ ᠡᠷᠡᠯᠬᠡᠭᠯᠡᠨ ᠤᠷᠤᠭᠰᠢᠯᠠᠵᠤ᠂ ᠠᠯᠬᠤᠮ ᠠᠯᠬᠤᠮ᠎ᠢᠶᠠᠷ ᠳᠡᠭᠡᠭᠰᠢᠯᠡᠨ ᠳᠡᠪᠰᠢᠪᠡᠯ ᠰᠠᠶᠢ ᠰᠢᠨ᠎ᠡ ᠠᠭᠤᠤ ᠦᠢᠯᠡᠰ᠎ᠢ ᠡᠭᠦᠳᠦᠨ ᠪᠦᠲᠦᠭᠡᠬᠦ ᠬᠦᠴᠦᠷᠬᠡᠭ ᠶᠡᠬᠡ ᠨᠡᠢᠯᠡᠯ ᠬᠦᠴᠦᠨ᠎ᠢ ᠨᠢᠭ᠍ᠲᠠᠷᠠᠭᠤᠯᠵᠤ ᠴᠢᠳᠠᠨ᠎ᠠ᠃
ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠦᠨ ᠨᠠᠮ᠎ᠤᠨ ᠭᠡᠰᠢᠭᠦᠨ᠂ ᠺᠠᠳ᠋ᠷᠴᠤᠳ 《ᠬᠤᠳᠳᠤᠭ᠎ᠲᠤ ᠰᠠᠭᠤᠭᠠᠳ ᠲᠡᠭᠷᠢ᠎ᠶᠢ ᠬᠠᠷᠠᠬᠤ》᠂ 《ᠪᠢ ᠪᠤᠰᠤᠳ᠎ᠢ ᠬᠦᠷᠬᠦ ᠦᠭᠡᠢ》᠂ 《ᠬᠥᠭᠵᠢᠯᠲᠡ᠎ᠳᠦ ᠳᠡᠩᠳᠡᠭᠦᠦ ᠶᠠᠭᠠᠷᠠᠬᠤ ᠬᠡᠷᠡᠭ ᠦᠭᠡᠢ》 ᠵᠡᠷᠭᠡ ᠦᠵᠡᠯᠲᠡ᠎ᠪᠡᠨ ᠡᠷᠡᠰ ᠲᠠᠶᠠᠭᠳᠠᠵᠤ᠂ 《ᠤᠷᠤᠭᠰᠢᠯᠠᠬᠤ ᠦᠭᠡᠢ ᠪᠣᠯ ᠤᠬᠤᠷᠢᠬᠤ᠂ ᠤᠳᠠᠭᠠᠨ ᠤᠷᠤᠭᠰᠢᠯᠠᠬᠤ ᠨᠢ ᠴᠤ᠌ ᠤᠬᠤᠷᠢᠬᠤ》 ᠭᠡᠬᠦ ᠲᠡᠷᠢᠭᠦᠯᠡᠬᠦ᠎ᠪᠡᠷ ᠴᠢᠷᠮᠠᠢᠬᠤ ᠤᠬᠠᠮᠰᠠᠷ᠎ᠢᠶᠠᠷ ᠴᠢᠩᠭ᠎ᠠ ᠪᠠᠢᠬᠤ ᠡᠰᠡᠬᠦ᠎ᠪᠡᠨ ᠦᠷᠭᠦᠯᠵᠢ ᠠᠰᠠᠭᠤᠵᠤ᠂ 《ᠥᠪᠡᠷ᠎ᠢ᠎ᠪᠡᠨ ᠰᠣᠭᠲᠤᠷᠠᠭᠤᠯᠬᠤ᠂ ᠲᠥᠷᠥᠭᠳᠡᠯ ᠰᠠᠢᠨ ᠪᠠᠢᠬᠤ》 ᠭᠡᠬᠦ ᠪᠣᠳᠠᠲᠠᠢ ᠪᠤᠰᠤ ᠰᠤᠷᠲᠠᠯ ᠲᠠᠢ ᠪᠠᠢᠬᠤ ᠡᠰᠡᠬᠦ᠎ᠪᠡᠨ ᠠᠰᠠᠭᠤᠵᠤ᠂ ᠰᠢᠨ᠎ᠡ ᠠᠶᠠᠨ ᠰᠢᠨ᠎ᠡ ᠬᠠᠷᠠᠯᠲᠠ ᠰᠢᠨ᠎ᠡ ᠱᠠᠭᠠᠷᠳᠠᠯᠭ᠎ᠠ᠎ᠶᠢ ᠲᠠᠭᠠᠵᠤ ᠳᠡᠢᠯᠵᠦ ᠪᠠᠢᠬᠤ ᠡᠰᠡᠬᠦ᠎ᠪᠡᠨ ᠠᠰᠠᠭᠤᠵᠤ᠂ ᠳᠡᠭᠡᠭᠰᠢᠯᠡᠭᠦᠯᠦᠨ ᠳᠡᠪᠰᠢᠭᠦᠯᠬᠦ ᠡᠷᠴᠢ ᠵᠣᠷᠢᠭ᠋᠎ᠢᠶᠠᠨ ᠭᠦᠢᠴᠡᠳ ᠬᠥᠪᠴᠢᠯᠡᠵᠦ᠂ 《ᠬᠥᠮᠥᠨ ᠨᠢᠭᠡ᠎ᠶᠢ ᠬᠢᠪᠡᠯ ᠪᠢ ᠠᠷᠪᠠ᠎ᠶᠢ ᠬᠢᠵᠦ᠂ ᠬᠥᠮᠥᠨ ᠠᠷᠪᠠ᠎ᠶᠢ ᠬᠢᠪᠡᠯ ᠪᠢ ᠵᠠᠭᠤ᠎ᠶᠢ ᠬᠢᠬᠦ》 ᠡᠷᠴᠢ ᠵᠣᠷᠢᠭ᠋᠎ᠢᠶᠠᠷ ᠬᠦᠴᠦᠯᠡᠨ ᠤᠷᠤᠭᠰᠢᠯᠠᠬᠤ ᠬᠡᠷᠡᠭᠲᠡᠢ᠃
ᠤᠳᠤᠷᠢᠳᠬᠤ ᠪᠠᠭ᠎ᠤᠨ ᠪᠦᠷᠢᠯᠳᠦᠭᠦᠨ ᠨᠢᠭᠡ ᠪᠦᠷᠢ ᠴᠥᠮ ᠠᠵᠢᠯ ᠲᠥᠷᠥᠯ᠎ᠦᠨ ᠬᠦᠷᠢᠶ᠎ᠡ᠂ ᠭᠠᠵᠠᠷ ᠲᠠᠰᠤᠭ᠎ᠢᠶᠠᠨ ᠵᠢᠯᠤᠭᠣᠳᠴᠤ ᠪᠠᠢᠭᠠᠳ ᠪᠠᠷᠢᠮᠵᠢᠶ᠎ᠠ ᠯᠤᠭ᠎ᠠ ᠬᠠᠷᠢᠴᠠᠭᠤᠯᠤᠨ ᠰᠤᠷᠤᠯᠴᠠᠬᠤ ᠪᠠᠢᠩᠭᠤ᠎ᠶᠢᠨ ᠲᠣᠭᠲᠠᠴᠠ᠎ᠶᠢ ᠲᠡᠭᠦᠯᠳᠡᠷᠵᠢᠭᠦᠯᠦᠨ᠂ ᠪᠦᠬᠦ ᠤᠯᠤᠰ᠎ᠲᠤ᠂ ᠪᠦᠬᠦ ᠣᠷᠣᠨ᠎ᠳᠤ ᠬᠥᠨᠳᠡᠯᠡᠨ ᠭᠤᠯᠳᠤ ᠴᠢᠭᠯᠡᠯ᠎ᠢᠶᠡᠷ 《ᠲᠥᠰᠥᠭᠡᠯᠡᠬᠦ ᠪᠠᠷᠢᠮᠵᠢᠶ᠎ᠠ》᠎ᠶᠢ ᠵᠣᠷᠢᠭᠲᠠᠢ᠎ᠪᠠᠷ ᠣᠨᠣᠪᠴᠢᠲᠠᠢ ᠡᠷᠢᠵᠦ᠂ ᠶᠠᠭᠤ᠎ᠶᠢ ᠰᠤᠷᠬᠤ᠂ ᠶᠠᠭᠤ᠎ᠶᠢ ᠠᠳᠠᠯᠢᠳᠬᠠᠬᠤ᠂ ᠶᠠᠭᠠᠬᠢᠵᠤ ᠰᠤᠷᠬᠤ᠎ᠳᠤ᠂ ᠵᠢᠯ ᠪᠦᠷᠢ ᠨᠡᠬᠡᠨ ᠳᠠᠪᠠᠵᠤ ᠭᠠᠷᠬᠤ ᠬᠠᠷᠠᠯᠲᠠ᠎ᠪᠠᠨ ᠲᠣᠭᠲᠠᠭᠠᠵᠤ᠂ ᠵᠢᠱ᠌ᠢᠭᠰᠡᠨ ᠦᠷ᠎ᠡ ᠪᠦᠲᠦᠭᠡᠯ᠎ᠢᠶᠡᠨ ᠣᠨᠣᠴᠠᠲᠠᠢ ᠲᠣᠭᠲᠠᠭᠠᠵᠤ᠂ ᠨᠢᠭᠡ ᠣᠷᠣᠨ ᠪᠠᠢᠷᠢ ᠳᠡᠭᠡᠭᠰᠢᠯᠡᠨ ᠳᠠᠪᠰᠢᠪᠠᠯ ᠳᠠᠬᠢᠨᠲᠠ ᠨᠢᠭᠡ ᠬᠠᠷᠠᠯᠲᠠ ᠲᠣᠭᠲᠠᠭᠠᠬᠤ ᠬᠡᠷᠡᠭᠲᠡᠢ᠃ ᠪᠠᠢᠭᠤᠯᠭ᠎ᠠ᠎ᠶᠢᠨ ᠨᠠᠮ᠎ᠤᠨ ᠬᠣᠷᠢᠶ᠎ᠠ᠂ ᠠᠵᠢᠯᠲᠠᠨ᠎ᠤ ᠶᠠᠪᠤᠳᠠᠯ᠎ᠤᠨ ᠭᠠᠵᠠᠷ᠎ᠤᠨ ᠬᠢᠨ ᠳᠡᠭᠡᠭᠰᠢᠯᠡᠭᠦᠯᠦᠨ ᠳᠡᠪᠰᠢᠭᠦᠯᠬᠦ ᠲᠣᠭᠲᠠᠴᠠ᠎ᠶᠢ ᠰᠢᠯᠭᠠᠨ ᠬᠢᠨᠠᠵᠤ ᠰᠢᠯᠭᠠᠨ ᠦᠨᠡᠯᠡᠬᠦ᠎ᠶᠢᠨ ᠵᠠᠩᠭᠢᠯᠠᠭ᠎ᠠ᠎ᠶᠢᠨ ᠭᠣᠭᠴᠣᠭ᠎ᠠ ᠪᠣᠯᠭᠠᠵᠤ᠂ ᠵᠣᠬᠢᠬᠤ ᠬᠠᠷᠠᠯᠲᠠ᠎ᠶᠢ ᠴᠢᠷᠮᠠᠢᠨ ᠪᠡᠶᠡᠯᠡᠭᠦᠯᠬᠦ᠎ᠶᠢ ᠪᠠᠢᠩᠭᠤᠰᠢᠭᠤᠯᠤᠨ ᠠᠬᠢᠭᠤᠯᠬᠤ ᠬᠡᠷᠡᠭᠲᠡᠢ᠃
ᠰᠢᠨ᠎ᠡ ᠴᠠᠭ ᠦᠶ᠎ᠡ ᠪᠣᠯ ᠵᠢᠳᠬᠦᠨ ᠲᠡᠮᠡᠴᠡᠭᠰᠡᠳ᠎ᠦᠨ ᠴᠠᠭ ᠦᠶ᠎ᠡ ᠮᠥᠨ᠃ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠦᠨ ᠳᠡᠭᠡᠳᠦ ᠳᠣᠣᠷᠠᠳᠤ ᠱᠠᠲᠤ᠎ᠪᠠᠷ᠎ᠢᠶᠠᠨ ᠲᠡᠷᠢᠭᠦᠯᠡᠬᠦ᠎ᠪᠡᠷ ᠬᠦᠴᠦᠯᠡᠨ ᠴᠢᠷᠮᠠᠢᠵᠤ᠂ ᠵᠢᠳᠬᠦᠨ ᠴᠢᠷᠮᠠᠢᠬᠤ ᠡᠷᠴᠢ ᠵᠣᠷᠢᠭ᠋᠎ᠢᠶᠠᠨ ᠳᠡᠭᠡᠭᠰᠢᠯᠡᠭᠦᠯᠦᠨ ᠳᠡᠪᠰᠢᠭᠦᠯᠬᠦ᠎ᠶᠢ ᠰᠤᠷᠲᠠᠯ᠎ᠢᠶᠠᠨ ᠪᠣᠯᠭᠠᠵᠤ᠂ 《ᠰᠢᠨ᠎ᠡ ᠵᠠᠮ᠎ᠢᠶᠠᠷ ᠵᠠᠮᠨᠠᠵᠤ᠂ ᠳᠤᠮᠳᠠ ᠲᠦᠪᠰᠢᠨ᠎ᠳᠦ ᠳᠠᠪᠰᠢᠬᠤ》᠎ᠳᠤ ᠥᠩᠭᠡ ᠬᠡᠷᠡᠯ ᠨᠡᠮᠡᠷᠢᠯᠡᠬᠦ ᠬᠡᠷᠡᠭᠲᠡᠢ᠃