ᠤᠯᠤᠰ᠎ᠤᠨ ᠪᠠᠶᠠᠷ᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ ᠣᠢᠷᠠᠳᠬᠤ᠎ᠪᠠᠷ᠂ ᠵᠢᠭᠤᠯᠴᠢᠯᠠᠯ ᠨᠢ ᠴᠥᠭᠡᠨ ᠪᠤᠰᠤ ᠬᠥᠮᠥᠰ᠎ᠦᠨ ᠰᠣᠩᠭᠣᠯᠲᠠ ᠪᠣᠯᠪᠠ᠃ ᠭᠠᠳᠠᠭᠰᠢ᠎ᠪᠠᠨ ᠭᠠᠷᠴᠤ ᠵᠢᠭᠤᠯᠴᠢᠯᠠᠬᠤ᠎ᠳᠤ ᠬᠥᠮᠥᠰ ᠣᠴᠢᠭᠰᠠᠨ ᠭᠠᠵᠠᠷ᠎ᠤᠨ ᠠᠮᠲᠠᠲᠤ ᠢᠳᠡᠭᠡᠨ᠂ ᠭᠠᠷ ᠤᠷᠠᠯᠠᠯ᠎ᠤᠨ ᠪᠦᠲᠦᠭᠡᠭᠳᠡᠬᠦᠨ᠂ ᠳᠤᠷᠠᠰᠬᠠᠯ᠎ᠤᠨ ᠡᠳ᠋ ᠵᠡᠷᠭᠡ ᠣᠨᠴᠠ ᠭᠠᠷᠤᠯᠲᠠ᠎ᠶᠢ ᠬᠤᠳᠠᠯᠳᠤᠨ ᠠᠪᠲᠠᠭ᠃ ᠡᠳᠡᠭᠡᠷ ᠶᠠᠭᠤᠮ᠎ᠠ᠎ᠶᠢ ᠨᠢᠰᠬᠡᠯ᠎ᠳᠦ ᠠᠪᠴᠤ ᠭᠠᠷᠬᠤ᠎ᠳᠤ ᠶᠠᠭᠤ ᠶᠠᠭᠤ᠎ᠶᠢ ᠠᠩᠬᠠᠷᠬᠤ ᠬᠡᠷᠡᠭᠲᠡᠢ ᠪᠣᠢ? ᠨᠠᠨ ᠹᠠᠩ ᠠᠭᠠᠷ ᠠᠶᠠᠯᠠᠯ᠎ᠤᠨ ᠺᠣᠮᠫᠠᠨᠢ᠎ᠶᠢᠨ ᠨᠢᠰᠬᠡᠯ᠎ᠦᠨ ᠪᠠᠭᠤᠳᠠᠯ᠎ᠤᠨ ᠦᠢᠯᠡᠴᠢᠯᠡᠭᠡᠨ᠎ᠦ ᠬᠡᠯᠲᠡᠰ᠎ᠦᠨ ᠣᠯᠠᠨ ᠤᠯᠤᠰ᠎ᠤᠨ ᠨᠢᠰᠬᠡᠯ᠎ᠦᠨ ᠵᠢᠵᠢᠭᠦᠷ᠎ᠦᠨ ᠡᠷᠬᠢᠯᠡᠭᠴᠢ ᠵᠣᠣ ᠴᠧᠨ ᠡᠭᠦᠨ᠎ᠦ ᠲᠤᠬᠠᠢ ᠲᠠᠢᠯᠪᠤᠷᠢᠯᠠᠪᠠ᠃
ᠢᠳᠡᠭᠡᠨ᠎ᠦ ᠵᠦᠢᠯ᠎ᠢᠶᠡᠷ ᠠᠪᠴᠤ ᠬᠡᠯᠡᠪᠡᠯ᠂ ᠨᠠᠷᠭᠢᠯ ᠵᠡᠷᠭᠡ ᠰᠢᠩᠭᠡᠨ ᠠᠭᠤᠯᠤᠮᠠᠯ ᠶᠡᠬᠡᠲᠡᠢ ᠵᠢᠮᠢᠰ᠎ᠢ ᠪᠣᠭᠣᠳᠠᠯᠯᠠᠭᠠᠳ ᠠᠴᠢᠭᠤᠯᠪᠠᠯ ᠬᠠᠮᠤᠭ᠎ᠤᠨ ᠰᠠᠢᠨ᠃ ᠤᠴᠢᠷ ᠨᠢ ᠨᠢᠰᠬᠡᠯ᠎ᠤᠨ ᠳᠣᠲᠣᠷᠠᠬᠢ ᠵᠠᠢ ᠨᠢ ᠢᠪᠴᠤᠤ᠂ ᠦᠨᠦᠷ ᠶᠡᠬᠡᠲᠡᠢ ᠶᠠᠭᠤᠮ᠎ᠠ᠎ᠶᠢ ᠨᠢᠰᠬᠡᠯ᠎ᠳᠦ ᠠᠪᠴᠤ ᠭᠠᠷᠬᠤ ᠨᠢ ᠵᠣᠬᠢᠰ ᠦᠭᠡᠢ᠂ ᠳ᠋ᠦᠷᠢᠦ᠎ᠪᠠᠷ ᠵᠢᠱ᠌ᠢᠶᠡᠯᠡᠬᠦ᠎ᠳᠦ᠂ ᠲᠡᠭᠦᠨ᠎ᠢ ᠨᠢᠰᠬᠡᠯ᠎ᠳᠦ ᠠᠪᠴᠤ ᠭᠠᠷᠴᠤ ᠪᠣᠯᠬᠤ ᠦᠭᠡᠢ ᠮᠥᠷᠲᠡᠭᠡᠨ ᠠᠴᠢᠭᠤᠯᠵᠤ ᠴᠦ᠍ ᠪᠣᠯᠬᠤ ᠦᠭᠡᠢ᠃ ᠡᠭᠦᠨ᠎ᠡᠴᠡ ᠭᠠᠳᠠᠨ᠎ᠠ᠂ ᠰᠣᠷᠭᠣᠭ ᠪᠠ ᠠᠮᠠᠷᠬᠠᠨ ᠢᠯᠵᠢᠷᠡᠬᠦ ᠢᠳᠡᠭᠡᠨ᠂ ᠵᠢᠱ᠌ᠢᠶᠡᠯᠡᠪᠡᠯ ᠲᠡᠯᠡᠶ᠎ᠶᠢᠨ ᠢᠳᠡᠭᠡᠨ᠂ ᠮᠢᠬ᠎ᠠ᠂ ᠨᠠᠢ᠍ᠮᠠᠯᠵᠢ ᠵᠡᠷᠭᠡ᠎ᠶᠢ ᠠᠶᠠᠨᠴᠢᠳ ᠰᠢᠭᠤᠳ ᠠᠪᠴᠤ ᠨᠢᠰᠬᠡᠯ᠎ᠳᠦ ᠭᠠᠷᠴᠤ ᠪᠣᠯᠬᠤ ᠦᠭᠡᠢ᠂ ᠠᠴᠢᠭᠤᠯᠬᠤᠳᠤᠪᠠᠨ ᠪᠣᠭᠣᠳᠠᠯ᠎ᠤᠨ ᠪᠦᠷᠢᠨ ᠪᠦᠲᠦᠨ ᠪᠠᠢᠯᠭᠠᠬᠤ᠎ᠶᠢ ᠪᠠᠲᠤᠯᠠᠬᠤ ᠬᠡᠷᠡᠭᠲᠡᠢ᠃ ᠡᠩ᠎ᠦᠨ ᠪᠠᠢᠳᠠᠯ ᠳᠣᠣᠷ᠎ᠠ᠂ ᠨᠢᠰᠬᠡᠯ᠎ᠦᠨ ᠪᠠᠭᠤᠳᠠᠯ ᠲᠥᠯᠥᠪᠦᠷᠢ ᠲᠡᠢ᠎ᠪᠡᠷ ᠪᠣᠭᠣᠳᠠᠯᠯᠠᠬᠤ ᠦᠢᠯᠡᠴᠢᠯᠡᠭᠡ ᠬᠠᠩᠭᠠᠵᠤ ᠪᠠᠢᠳᠠᠭ᠂ ᠭᠡᠪᠡᠴᠦ ᠳᠤᠯᠠᠭᠠᠨ᠎ᠢ ᠪᠠᠲᠤᠯᠠᠬᠤ ᠦᠢᠯᠡᠴᠢᠯᠡᠭᠡ ᠬᠠᠩᠭᠠᠵᠤ ᠳᠡᠶ᠋ᠢᠯᠬᠦ ᠦᠭᠡᠢ ᠪᠣᠯᠬᠣᠷ ᠳᠤᠯᠠᠭᠠᠨ᠎ᠢ ᠪᠠᠲᠤᠯᠠᠬᠤ᠎ᠳᠤ ᠬᠡᠷᠡᠭᠯᠡᠬᠦ ᠬᠠᠭᠤᠷᠠᠢ ᠮᠥᠰᠥ ᠬᠠᠪᠴᠢᠭᠤᠯᠬᠤ ᠴᠢᠬᠤᠯᠠᠲᠠᠢ ᠪᠣᠯ ᠠᠶᠠᠨᠴᠢᠨ᠎ᠤ ᠠᠪᠴᠤ ᠭᠠᠷᠬᠤ ᠬᠠᠭᠤᠷᠠᠢ ᠮᠥᠰᠥᠨ᠎ᠦ ᠬᠦᠨᠳᠦ ᠨᠢ 2.5 ᠺᠢᠯᠣᠭ᠌ᠷᠠᠮ᠎ᠠᠴᠠ ᠬᠡᠲᠦᠷᠡᠵᠦ ᠪᠣᠯᠬᠤ ᠦᠭᠡᠢ ᠮᠥᠷᠲᠡᠭᠡᠨ ᠪᠣᠭᠣᠳᠠᠯᠳᠤᠪᠠᠨ ᠡᠷᠬᠡᠪᠰᠢ ᠠᠭᠤᠷ ᠳᠡᠭᠳᠡᠭᠡᠬᠦ ᠵᠠᠪᠰᠠᠷ ᠭᠠᠷᠭᠠᠬᠤ ᠬᠡᠷᠡᠭᠲᠡᠢ ᠭᠡᠵᠦ ᠰᠠᠨᠠᠭᠤᠯᠵᠤ ᠪᠠᠢᠨ᠎ᠠ᠃ ᠠᠶᠠᠨᠴᠢᠳ ᠣᠯᠠᠨ ᠤᠯᠤᠰ᠎ᠤᠨ ᠨᠢᠰᠬᠡᠯ᠎ᠳᠦ ᠰᠠᠭᠤᠬᠤ᠎ᠳᠤ᠎ᠪᠠᠨ ᠬᠠᠮᠤᠭ᠎ᠤᠨ ᠰᠠᠢᠨ ᠨᠢ ᠵᠣᠷᠢᠭ᠍ᠰᠠᠨ ᠤᠯᠤᠰ᠎ᠤᠨ ᠬᠢᠵᠢᠭ᠎ᠦᠨ ᠰᠢᠯᠭᠠᠨ ᠪᠠᠢᠴᠠᠭᠠᠯᠲᠠ ᠵᠢᠴᠢ ᠪᠣᠭᠣᠮᠲᠠ᠎ᠶᠢᠨ ᠳᠦᠷᠢᠮ ᠲᠣᠭᠲᠠᠭᠠᠯ᠎ᠢ ᠬᠠᠢᠵᠤ ᠦᠵᠡᠭᠡᠷᠡᠢ᠂ ᠣᠯᠠᠩᠬᠢ ᠤᠯᠤᠰ ᠨᠢ ᠰᠣᠷᠭᠣᠭ ᠵᠦᠢᠯ᠎ᠢ ᠤᠯᠤᠰ᠎ᠤᠨ ᠬᠢᠯᠢ᠎ᠳᠦ᠎ᠪᠡᠨ ᠣᠷᠣᠭᠤᠯᠬᠤ᠎ᠶᠢ ᠴᠠᠭᠠᠵᠠᠯᠠᠳᠠᠭ᠃
ᠰᠤᠪᠤᠳ ᠡᠷᠳᠡᠨᠢ᠂ ᠡᠷᠲᠡᠨ᠎ᠦ ᠡᠳ᠋ᠯᠡᠯ ᠵᠡᠷᠭᠡ ᠥᠨᠳᠥᠷ ᠦᠨᠡᠲᠦ ᠣᠨᠴᠠ ᠭᠠᠷᠤᠯᠲᠠ᠎ᠶᠢᠨ ᠵᠦᠢᠯᠡᠰ᠎ᠦᠨ ᠲᠡᠭᠡᠭᠡᠪᠦᠷᠢ᠎ᠳᠦ ᠶᠠᠮᠠᠷ ᠠᠩᠬᠠᠷᠬᠤ ᠵᠦᠢᠯ ᠪᠠᠢᠬᠤ ᠪᠣᠶ? ᠵᠣᠣ ᠴᠧᠨ ᠲᠠᠢᠯᠪᠤᠷᠢᠯᠠᠬᠤᠳᠤᠪᠠᠨ᠂ ᠡᠢᠮᠦᠷᠬᠦᠦ ᠥᠨᠳᠥᠷ ᠦᠨᠡᠲᠦ ᠣᠨᠴᠠ ᠭᠠᠷᠤᠯᠲᠠ᠎ᠶᠢᠨ ᠵᠦᠢᠯᠡᠰ᠎ᠢ ᠠᠴᠢᠭᠤᠯᠬᠤᠳᠤ ᠲᠣᠬᠢᠷᠠᠬᠤ ᠦᠭᠡᠢ᠂ ᠠᠶᠠᠨᠴᠢᠳ ᠨᠢᠰᠬᠡᠯ᠎ᠳᠦ ᠠᠪᠴᠤ ᠭᠠᠷᠤᠭᠠᠳ ᠥᠪᠡᠷ᠎ᠢᠶᠡᠨ ᠲᠣᠬᠢᠲᠠᠢ ᠬᠠᠮᠢᠶᠠᠷᠪᠠᠯ ᠵᠣᠬᠢᠨ᠎ᠠ ᠭᠡᠵᠦ ᠰᠠᠨᠠᠭᠤᠯᠵᠤ ᠪᠠᠢᠨ᠎ᠠ᠃ ᠣᠯᠠᠨ ᠤᠯᠤᠰ᠎ᠤᠨ ᠨᠢᠰᠬᠡᠯ᠎ᠢᠶᠡᠷ ᠠᠶᠠᠯᠠᠬᠤ ᠦᠶ᠎ᠡ᠎ᠳᠦ᠂ ᠠᠶᠠᠨᠴᠢᠳ ᠮᠣᠷᠳᠠᠵᠤ ᠭᠠᠷᠬᠤ ᠤᠯᠤᠰ ᠵᠢᠴᠢ ᠵᠣᠷᠢᠭ᠍ᠰᠠᠨ ᠤᠯᠤᠰ᠎ᠤᠨ ᠪᠣᠭᠣᠮᠲᠠ᠎ᠳᠤ ᠡᠢᠮᠦᠷᠬᠦᠦ ᠡᠳ᠋ ᠪᠣᠳᠠᠰ᠎ᠢ ᠮᠡᠳᠡᠭᠦᠯᠬᠦ ᠴᠢᠬᠤᠯᠠᠲᠠᠢ ᠡᠰᠡᠬᠦ᠎ᠶᠢ ᠠᠩᠬᠠᠷᠴᠤ᠂ ᠪᠣᠭᠣᠮᠲᠠ᠎ᠪᠠᠷ ᠣᠷᠣᠵᠤ ᠭᠠᠷᠬᠤ ᠲᠥᠷᠥ᠎ᠶᠢᠨ ᠪᠣᠳᠣᠯᠭ᠎ᠠ᠎ᠶᠢ ᠤᠷᠢᠳᠴᠢᠯᠠᠨ ᠯᠠᠪᠯᠠᠵᠤ ᠪᠣᠯᠣᠨ᠎ᠠ ᠭᠡᠪᠡ᠃
ᠠᠷᠢᠬᠢ᠂ ᠬᠢᠲᠤᠭᠠᠨ᠎ᠤ ᠲᠥᠷᠥᠯ ᠵᠡᠷᠭᠡ ᠣᠨᠴᠠ ᠭᠠᠷᠤᠯᠲᠠ᠎ᠶᠢᠨ ᠲᠡᠭᠡᠭᠡᠪᠦᠷᠢ᠎ᠶᠢᠨ ᠲᠤᠬᠠᠢ ᠱᠠᠭᠠᠷᠳᠠᠯᠭ᠎ᠠ᠎ᠶᠢ ᠲᠠᠨᠢᠯᠴᠠᠭᠤᠯᠬᠤ᠎ᠳᠤ᠎ᠪᠠᠨ᠂ ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠲᠡᠭᠡᠭᠡᠪᠦᠷᠢ᠎ᠶᠢᠨ ᠲᠣᠪᠴᠢᠶ᠎ᠠ᠎ᠶᠢᠨ ᠬᠣᠯᠪᠣᠭᠳᠠᠯ ᠪᠦᠬᠦᠢ ᠲᠣᠭᠲᠠᠭᠠᠯ ᠶᠣᠰᠣᠭᠠᠷ ᠪᠣᠯ᠂ ᠮᠠᠨ᠎ᠤ ᠤᠯᠤᠰ᠎ᠤᠨ ᠳᠣᠲᠣᠷᠠᠬᠢ ᠠᠷᠠᠳ᠎ᠤᠨ ᠠᠭᠠᠷ᠎ᠤᠨ ᠲᠡᠭᠡᠭᠡᠪᠦᠷᠢ᠎ᠶᠢᠨ ᠨᠢᠰᠬᠡᠯ᠎ᠳᠦ ᠰᠠᠭᠤᠪᠠᠯ᠂ ᠠᠷᠢᠬᠢᠨ᠎ᠤ ᠵᠦᠢᠯ᠎ᠢ ᠠᠪᠴᠤ ᠨᠢᠰᠬᠡᠯ᠎ᠳᠦ ᠭᠠᠷᠴᠤ ᠪᠣᠯᠬᠤ ᠦᠭᠡᠢ (ᠡᠭᠦᠨ᠎ᠳᠦ ᠨᠢᠰᠬᠡᠯ ᠬᠦᠯᠢᠶᠡᠬᠦ ᠠᠰᠠᠷ᠎ᠤᠨ ᠲᠤᠰᠠᠭᠠᠷᠯᠠᠬᠤ ᠲᠣᠭᠣᠷᠢᠭ᠋᠎ᠠᠴᠠ ᠬᠤᠳᠠᠯᠳᠤᠨ ᠠᠪᠤᠭᠰᠠᠨ ᠰᠫᠢᠷᠲ ᠲᠡᠢ ᠤᠮᠳᠠᠭᠠᠨ ᠪᠠᠭᠲᠠᠬᠤ ᠦᠭᠡᠢ)᠂ ᠭᠡᠪᠡᠴᠦ ᠠᠴᠢᠭᠤᠯᠵᠤ ᠪᠣᠯᠣᠨ᠎ᠠ᠃ ᠰᠫᠢᠷᠲ᠎ᠦᠨ ᠥᠳᠬᠡᠴᠡ 24% ᠡᠴᠡ ᠦᠯᠦ ᠬᠡᠲᠦᠷᠡᠭᠰᠡᠨ ᠰᠫᠢᠷᠲ ᠲᠡᠢ ᠤᠮᠳᠠᠭᠠᠨ᠎ᠢ ᠬᠢᠵᠠᠭᠠᠷᠯᠠᠬᠤ ᠦᠭᠡᠢ᠃ ᠵᠢᠵᠢᠭ ᠰᠠᠵᠢᠭ᠋ ᠵᠦᠢᠯᠡᠰ᠎ᠦᠨ ᠪᠠᠭᠯᠠᠭ᠎ᠠ᠎ᠳᠤ᠂ ᠰᠫᠢᠷᠲ᠎ᠦᠨ ᠥᠳᠬᠡᠴᠡ ᠨᠢ 24% ᠡᠴᠡ ᠳᠡᠭᠡᠭᠰᠢ ᠪᠣᠯᠪᠠᠴᠤ 70% ᠡᠴᠡ ᠬᠡᠲᠦᠷᠡᠬᠦ ᠦᠭᠡᠢ᠂ ᠳᠦᠭᠦᠷᠡᠩ ᠰᠠᠪᠠᠯᠠᠬᠤ ᠲᠣᠮᠣᠬᠠᠨ ᠰᠠᠪᠠ ᠪᠣᠯ 5 ᠯᠢᠲᠷ᠎ᠡᠴᠡ ᠦᠯᠦ ᠬᠡᠲᠦᠷᠡᠭᠦᠯᠦᠨ᠎ᠡ᠂ ᠬᠥᠮᠥᠨ ᠪᠦᠷᠢ᠎ᠶᠢᠨ ᠠᠴᠢᠭᠤᠯᠵᠤ ᠪᠣᠯᠬᠤ ᠶᠡᠷᠦᠩᠬᠡᠢ ᠬᠡᠮᠵᠢᠶ᠎ᠡ ᠨᠢ 5 ᠯᠢᠲᠷ᠎ᠡᠴᠡ ᠬᠡᠲᠦᠷᠡᠵᠦ ᠪᠣᠯᠬᠤ ᠦᠭᠡᠢ᠃ ᠰᠫᠢᠷᠲ᠎ᠦᠨ ᠥᠳᠬᠡᠴᠡ ᠨᠢ 70%᠎ᠡᠴᠡ ᠬᠡᠲᠦᠷᠡᠭᠰᠡᠨ ᠠᠷᠢᠬᠢ᠎ᠶᠢ ᠠᠴᠢᠭᠤᠯᠬᠤᠶᠢ ᠴᠢᠩᠭ᠎ᠠ ᠴᠠᠭᠠᠵᠠᠯᠠᠵᠤ᠂ ᠬᠤᠪᠢ᠎ᠶᠢᠨ ᠨᠡᠷᠡᠮᠡᠯ ᠠᠷᠢᠬᠢ᠎ᠶᠢ ᠠᠪᠴᠤ ᠨᠢᠰᠬᠡᠯ᠎ᠳᠦ ᠭᠠᠷᠬᠤ᠎ᠶᠢ ᠴᠠᠭᠠᠵᠠᠯᠠᠨ᠎ᠠ᠃ ᠡᠭᠦᠨ᠎ᠡᠴᠡ ᠭᠠᠳᠠᠨ᠎ᠠ᠂ ᠵᠢᠭᠤᠯᠴᠢᠯᠠᠯ᠎ᠤᠨ ᠳᠤᠷᠠᠰᠬᠠᠯ᠎ᠤᠨ ᠡᠳ᠋ ᠪᠣᠯᠬᠤ ᠰᠡᠯᠡᠮ᠎ᠡ᠂ ᠬᠢᠲᠤᠭᠠᠨ᠎ᠤ ᠲᠥᠷᠥᠯ᠎ᠦᠨ ᠭᠠᠷ ᠤᠷᠠᠯᠠᠯ᠎ᠤᠨ ᠪᠦᠲᠦᠭᠡᠭᠳᠡᠬᠦᠨ ᠵᠢᠴᠢ ᠭᠡᠷ᠎ᠦᠨ ᠬᠡᠷᠡᠭᠯᠡᠭᠡᠨ᠎ᠦ ᠵᠢᠮᠢᠰ᠎ᠦᠨ ᠬᠢᠲᠤᠭ᠎ᠠ᠂ ᠪᠣᠣᠳᠤᠤ᠂ ᠬᠣᠭᠣᠯᠠᠨ ᠬᠢᠲᠤᠭ᠎ᠠ ᠵᠡᠷᠭᠡ᠎ᠶᠢ ᠠᠶᠠᠨᠴᠢᠳ ᠪᠡᠶ᠎ᠡ᠎ᠳᠦ᠎ᠪᠡᠨ ᠠᠪᠴᠤ ᠨᠢᠰᠬᠡᠯ᠎ᠳᠦ ᠭᠠᠷᠴᠤ ᠪᠣᠯᠬᠤ ᠦᠭᠡᠢ᠂ ᠰᠠᠢᠲᠤᠷ ᠪᠠᠭᠯᠠᠵᠤ ᠪᠣᠭᠣᠳᠠᠯᠯᠠᠬᠤ ᠬᠡᠷᠡᠭᠲᠡᠢ ᠮᠥᠷᠲᠡᠭᠡᠨ ᠠᠴᠢᠭᠤᠯᠬᠤᠳᠤ ᠴᠤ᠌ ᠬᠢᠵᠠᠭᠠᠷᠯᠠᠯ ᠲᠠᠢ ᠪᠠᠢᠳᠠᠭ ᠭᠡᠪᠡ᠃