ᠲᠤᠭ᠎ᠠ ᠪᠦᠷᠢᠳᠬᠡᠯ   -   ᠲᠤᠭ᠎ᠠ ᠪᠦᠷᠢᠳᠬᠡᠯ
5.1% ᠵᠢᠨ ᠨᠡᠮᠡᠭᠳᠡᠯ ᠶᠠᠭᠤ ᠵᠢ ᠬᠠᠷᠠᠭᠤᠯᠵᠤ ᠪᠠᠢ᠌ᠬᠤ ᠪᠤᠶ? — ᠥᠪᠥᠷ ᠮᠣᠩᠭᠣᠯ᠎ᠤᠨ ᠠᠵᠤ ᠠᠬᠤᠢ ᠵᠢᠨ 《ᠬᠠᠭ᠋ᠠᠰ ᠵᠢᠯ᠎ᠤᠨ ᠮᠡᠳᠡᠭᠦᠯᠦᠯᠲᠡ》 ᠵᠢ ᠲᠣᠭ᠎ᠠ᠎ᠪᠠᠷ ᠥᠭᠦᠯᠡᠬᠦᠢ
ᠨᠡᠶ᠋ᠢᠲᠡᠯᠡᠭᠰᠡᠨ ᠴᠠᠭ᠄ 2024-07-30

 

       ᠥᠪᠥᠷ ᠮᠣᠩᠭᠣᠯ᠎ᠤᠨ  ᠨᠢᠭᠡᠳᠦᠭᠡᠷ ᠠᠵᠤ ᠦᠢ᠍ᠯᠡᠰ᠎ᠤᠨ 《ᠬᠠᠭ᠋ᠠᠰ ᠵᠢᠯ᠎ᠤᠨ  ᠮᠡᠳᠡᠭᠦᠯᠦᠯᠲᠡ》  ᠲᠣᠭᠲᠠᠭᠤᠨ ᠪᠠᠲᠤᠲᠠᠢ ᠬᠠᠷᠢᠭᠤᠯᠲᠠ ᠵᠢᠨ  ᠬᠠᠭᠤᠳᠠᠰᠤ ᠲᠤᠰᠢᠶᠠᠪᠠ᠃

       ᠳᠡᠭᠡᠷ᠎ᠡ ᠬᠠᠭ᠋ᠠᠰ ᠵᠢᠯ᠎ᠳᠤ᠂ ᠥᠪᠥᠷ ᠮᠣᠩᠭᠣᠯ᠎ᠤᠨ  ᠨᠢᠭᠡᠳᠦᠭᠡᠷ ᠠᠵᠤ ᠦᠢ᠍ᠯᠡᠰ᠎ᠤᠨ ᠨᠡᠮᠡᠭᠳᠡᠯ ᠥᠷᠲᠡᠭ 387 ᠳ᠋ᠦᠩᠰᠢᠭᠤᠷ ᠲᠥᠭᠥᠷᠢᠭ᠎ᠲᠤ  ᠬᠦᠷᠴᠦ᠂ ᠠᠳᠠᠯᠢ ᠬᠤᠭᠤᠴᠠᠭ᠋ᠠᠨ᠎ᠤ ᠎ᠬᠢ᠎ᠠᠴᠠ 5.1%᠎ᠪᠠᠷ  ᠨᠡᠮᠡᠭᠳᠡᠵᠦ᠂ ᠪᠦᠭᠦ ᠤᠯᠤᠰ᠎ᠤᠨ  ᠳᠤᠮᠳᠠᠴᠢ ᠨᠡᠮᠡᠭᠳᠡᠯ᠎ᠤᠨ  ᠬᠤᠷᠳᠤᠴᠠ᠎ᠠᠴᠠ ᠵᠠᠭᠤᠨ᠎ᠤ  ᠬᠠᠷᠢᠴᠠᠯ ᠵᠶ᠋ᠠᠷ 1.6 ᠬᠤᠪᠢ ᠥᠨᠳᠥᠷ ᠪᠣᠯᠵᠤ᠂ GDP᠎ᠳᠤ  ᠡᠵᠡᠯᠡᠬᠦ ᠬᠤᠪᠢ ᠵᠢᠨ  ᠵᠢᠩ᠎ᠨᠢ 3.3%᠎ᠳᠤ  ᠬᠦᠷᠴᠦ᠂ ᠠᠵᠤ ᠠᠬᠤᠢ ᠵᠢᠨ  ᠨᠡᠮᠡᠭᠳᠡᠯ᠎ᠢ  ᠵᠠᠭᠤᠨ᠎ᠤ  ᠬᠠᠷᠢᠴᠠᠯ ᠵᠶ᠋ᠠᠷ 0.2 ᠬᠤᠪᠢ ᠳᠠᠢ᠌ᠴᠢᠯᠠᠵᠤ᠂ ᠠᠵᠤ ᠠᠬᠤᠢ ᠵᠢᠨ  ᠨᠡᠮᠡᠭᠳᠡᠯ᠎ᠳᠤ  ᠦᠵᠡᠭᠦᠯᠦᠭᠰᠡᠨ ᠬᠤᠪᠢ ᠨᠡᠮᠡᠷᠢ ᠵᠢᠨ  ᠨᠣᠷᠮ᠎ᠠ᠎ᠨᠢ 3.7%᠎ᠳᠤ  ᠭᠦᠷᠪᠡ᠃

      《ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ》᠎ᠤ  ᠠᠵᠤ ᠠᠬᠤᠢ ᠵᠢᠨ  ᠴᠢᠨᠠᠷ ᠰᠠᠢ᠌ᠲᠠᠢ ᠬᠥᠭᠵᠢᠯᠲᠡ᠎ᠳᠠᠬᠢ ᠦᠷᠭᠦᠯᠵᠢᠯᠡᠨ ᠴᠢᠩᠭ᠋ᠠᠷᠠᠭᠰᠠᠨ ᠲᠣᠭᠲᠠᠯ ᠬᠦᠴᠦᠨ᠂ ᠬᠥᠳᠡᠯᠭᠡᠬᠦ ᠬᠦᠴᠦᠨ᠂ ᠠᠮᠢᠵᠢᠷᠠᠯ᠎ᠤᠨ  ᠬᠦᠴᠦᠨ᠎ᠢ  ᠲᠣᠭ᠎ᠠ ᠪᠠᠷᠢᠮᠲᠠ ᠭᠦᠢ᠍ᠴᠡᠳ ᠢᠯᠡᠷᠡᠭᠦᠯᠪᠡ᠃

       ᠠᠳᠠᠯᠢ ᠬᠤᠭᠤᠴᠠᠭ᠋ᠠᠨ᠎ᠤ ᠎ᠬᠢ᠎ᠠᠴᠠ 5.1%᠎ᠪᠠᠷ  ᠨᠡᠮᠡᠭᠳᠡᠭᠰᠡᠨ᠎ᠨᠢ ᠶᠠᠭᠤ ᠵᠢ  ᠬᠠᠷᠠᠭᠤᠯᠵᠤ ᠪᠠᠢ᠌ᠬᠤ ᠪᠤᠶ?

       ᠡᠨᠡ ᠬᠦ᠌ 5.1% ᠵᠢᠨ  ᠨᠡᠮᠡᠭᠳᠡᠯ᠎ᠨᠢ ᠠᠮᠤ ᠪᠤᠳᠠᠭ᠋ᠠᠨ᠎ᠤ  ᠤᠨᠠᠯᠲᠠ ᠵᠢ  ᠨᠡᠮᠡᠭᠳᠡᠭᠦᠯᠬᠦ᠎ᠳᠤ  ᠪᠠᠲᠤ ᠪᠡᠬᠢ ᠰᠠᠭᠤᠷᠢ ᠲᠠᠯᠪᠢᠵᠤ ᠥᠭᠭᠦᠭᠰᠡᠨ᠎ᠢ  ᠬᠠᠷᠠᠭᠤᠯᠵᠤ ᠪᠠᠢ᠌ᠨ᠎ᠠ᠃ ᠣᠷᠣᠨ ᠳᠠᠶᠠᠭ᠋ᠠᠷ ᠵᠶ᠋ᠠᠨ  ᠲᠠᠷᠢᠮᠠᠯ᠎ᠤᠨ  ᠲᠠᠯᠠᠪᠠᠶ᠎ᠪᠠᠨ ᠲᠣᠭᠲᠠᠪᠤᠷᠢᠵᠢᠭᠤᠯᠬᠤ᠂ ᠮᠦ᠍ ᠨᠢᠭᠡᠴᠢ ᠵᠢᠨ  ᠤᠨᠠᠯᠲᠠ ᠵᠢ  ᠨᠡᠮᠡᠭᠳᠡᠭᠦᠯᠬᠦ᠂ ᠦᠢ᠍ᠯᠡᠴᠢᠯᠡᠭᠡ᠎ᠪᠠᠨ ᠰᠢᠯᠢᠳᠡᠭᠵᠢᠭᠦᠯᠬᠦ᠂ ᠲᠥᠷᠥ ᠵᠢᠨ  ᠪᠣᠳᠣᠯᠭ᠎ᠠ᠎ᠪᠠᠨ ᠴᠢᠩᠭ᠋ᠠᠳᠬᠠᠬᠤ ᠵᠡᠷᠭᠡ ᠲᠠᠯ᠎ᠠ᠎ᠪᠠᠷ  ᠬᠦᠴᠦᠯᠡᠵᠦ᠂ ᠠᠮᠤ ᠪᠤᠳᠠᠭ᠋ᠠᠨ᠎ᠤ  ᠦᠢ᠍ᠯᠡᠳᠪᠦᠷᠢᠯᠡᠯ᠎ᠤᠨ  ᠬᠠᠷᠢᠭᠤᠴᠠᠯᠭ᠎ᠠ ᠵᠢ  ᠪᠣᠳᠠᠲᠠᠢ᠌ᠵᠢᠭᠤᠯᠤᠨ᠂ 《ᠰᠠᠢ᠌ᠨ ᠦᠷ᠎ᠡ᠂ ᠰᠠᠢ᠌ᠨ ᠮᠡᠷᠭᠡᠵᠢᠯ᠂ ᠰᠠᠢ᠌ᠨ ᠲᠠᠷᠢᠶ᠎ᠠ᠂ ᠰᠠᠢ᠌ᠨ ᠮᠠᠰᠢᠨ᠂ ᠰᠠᠢ᠌ᠨ ᠳᠦᠷᠢᠮ》᠎ᠢ  ᠭᠦᠨᠵᠡᠭᠡᠢ ᠠᠭᠤᠰᠤᠯᠴᠠᠭᠤᠯᠤᠨ ᠬᠦᠴᠦᠯᠡᠵᠦ᠂ ᠲᠠᠷᠢᠶᠠᠯᠠᠩ᠎ᠤᠨ  ᠦᠢ᠍ᠯᠡᠳᠪᠦᠷᠢᠯᠡᠯ᠎ᠤᠨ  ᠬᠤᠪᠢᠰᠤᠯᠲᠠ᠎ᠳᠤ ᠬᠠᠳᠠᠭ᠋ᠠᠯᠠᠭᠳᠠᠵᠤ ᠪᠠᠢ᠌ᠭ᠎ᠠ ᠰᠢᠨ᠎ᠡ ᠴᠢᠨᠠᠷ᠎ᠤᠨ  ᠦᠢ᠍ᠯᠡᠳᠪᠦᠷᠢᠯᠡᠯ᠎ᠤᠨ  ᠬᠦᠴᠦᠨ᠎ᠢ  ᠬᠥᠭᠵᠢᠭᠡᠪᠡ᠃

       ᠡᠨᠡ ᠬᠦ᠌ 5.1% ᠵᠢᠨ  ᠨᠡᠮᠡᠭᠳᠡᠯ᠎ᠨᠢ ᠮᠠᠯ ᠠᠵᠤ ᠠᠬᠤᠢ ᠵᠢᠨ  ᠦᠢ᠍ᠯᠡᠳᠪᠦᠷᠢᠯᠡᠯ᠎ᠤᠨ  ᠲᠣᠭᠲᠠᠭᠤᠨ᠎ᠤ  ᠳᠤᠮᠳᠠ ᠰᠠᠢ᠌ᠵᠢᠷᠠᠬᠤ ᠬᠠᠨᠳᠤᠰᠢ᠎ᠲᠠᠢ  ᠪᠣᠯᠤᠭᠰᠠᠨ᠎ᠢ ᠬᠠᠷᠠᠭᠤᠯᠵᠤ ᠪᠠᠢ᠌ᠨ᠎ᠠ᠃ ᠡᠨᠡ ᠵᠢᠯ᠎ᠠᠴᠠ ᠨᠠᠭ᠋ᠠᠰᠢ᠂ ᠥᠪᠥᠷ ᠮᠣᠩᠭᠣᠯ ᠡᠪᠡᠰᠦ ᠪᠣᠷᠳᠣᠭ᠎ᠠ ᠵᠢ  ᠲᠣᠬᠢᠷᠠᠭᠤᠯᠤᠨ ᠲᠡᠭᠡᠭᠡᠪᠦᠷᠢᠯᠡᠬᠦ ᠠᠵᠢᠯ᠎ᠢ  ᠪᠦᠭᠦ ᠬᠦᠴᠦᠨ ᠵᠶ᠋ᠠᠷ ᠵᠶ᠋ᠠᠨ  ᠰᠠᠢ᠌ᠲᠤᠷ ᠬᠢᠵᠦ᠂ ᠠᠮᠢᠲᠠᠨ᠎ᠤ  ᠬᠢᠵᠢᠭ ᠡᠪᠡᠳᠴᠢᠨ᠎ᠢ  ᠰᠡᠷᠭᠡᠢ᠌ᠯᠡᠨ ᠬᠢᠵᠠᠭ᠋ᠠᠷᠯᠠᠬᠤ ᠠᠵᠢᠯ᠎ᠢ  ᠴᠢᠩᠭ᠋ᠠᠳᠬᠠᠨ᠂ ᠰᠠᠭᠤᠷᠢ ᠡᠬᠡ ᠮᠠᠯ ᠪᠠ ᠦᠷ᠎ᠡ ᠵᠢᠨ  ᠮᠠᠯ᠎ᠢ  ᠰᠠᠢ᠌ᠲᠤᠷ ᠬᠠᠮᠠᠭ᠋ᠠᠯᠠᠪᠠ᠃ ᠪᠦᠭᠦ ᠣᠷᠣᠨ᠎ᠳᠤ ᠪᠡᠯᠴᠢᠭᠡᠷ᠎ᠤᠨ  ᠳᠠᠭ᠋ᠠᠭ᠋ᠠᠴᠠ᠎ᠠᠴᠠ  ᠬᠡᠲᠦᠷᠡᠲᠡᠯ᠎ᠡ ᠪᠡᠯᠴᠢᠭᠡᠷᠯᠡᠭᠦᠯᠬᠦ ᠠᠰᠠᠭᠤᠳᠠᠯ᠎ᠢ  ᠰᠢᠢ᠍ᠳᠪᠦᠷᠢᠯᠡᠬᠦ 17 ᠲᠤᠷᠰᠢᠯᠲᠠ ᠵᠢᠨ  ᠴᠡᠭ᠎ᠤᠨ  ᠠᠵᠢᠯ᠎ᠢ  ᠡᠬᠢᠯᠡᠭᠦᠯᠵᠦ᠂ ᠨᠤᠲᠤᠭ ᠪᠡᠯᠴᠢᠭᠡᠷ᠎ᠤᠨ  ᠮᠠᠯ ᠠᠵᠤ ᠠᠬᠤᠢ ᠵᠢᠨ  ᠭᠡᠯᠪᠡᠷᠢ᠎ᠪᠠᠨ ᠬᠤᠪᠢᠷᠠᠭᠤᠯᠤᠨ ᠲᠠᠰ ᠳᠡᠪᠰᠢᠭᠦᠯᠬᠦ ᠲᠤᠷᠰᠢᠯᠲᠠ ᠵᠢᠨ  ᠴᠡᠭ᠎ᠤᠨ  ᠶᠡᠷᠦᠩᠬᠡᠢ ᠲᠣᠭ᠎ᠠ ᠵᠢ 5 ᠪᠤᠯᠭ᠋ᠠᠵᠤ᠂ ᠲᠥᠬᠥᠭᠡᠷᠦᠮᠵᠢᠲᠦ ᠮᠠᠯ ᠠᠵᠤ ᠠᠬᠤᠢ᠂ ᠬᠠᠰᠢᠶᠠᠯᠠᠨ ᠲᠡᠵᠢᠭᠡᠵᠦ ᠠᠷᠠᠴᠢᠯᠠᠬᠤ ᠬᠢᠷᠢ ᠬᠡᠮᠵᠢᠶ᠎ᠡ ᠵᠢ  ᠤᠯᠠᠮ ᠨᠢᠭᠡ ᠠᠯᠬᠤᠮ ᠳᠡᠭᠡᠭᠰᠢᠯᠡᠭᠦᠯᠪᠡ᠃

       ᠡᠨᠡ ᠬᠦ᠌ 5.1% ᠵᠢᠨ  ᠨᠡᠮᠡᠭᠳᠡᠯ᠎ᠨᠢ ᠭᠡᠯᠪᠡᠷᠢ᠎ᠪᠠᠨ ᠬᠤᠪᠢᠷᠠᠭᠤᠯᠤᠨ ᠳᠡᠰ ᠳᠡᠪᠰᠢᠭᠦᠯᠬᠦ ᠡᠷᠡᠰ ᠵᠣᠷᠢᠭ᠎ᠢ  ᠬᠠᠷᠠᠭᠤᠯᠵᠤ ᠪᠠᠢ᠌ᠨ᠎ᠠ᠃ ᠮᠠᠯ᠎ᠤᠨ  ᠠᠰᠢᠭ ᠰᠢᠮ᠎ᠡ ᠲᠠᠷᠢᠶᠠᠯᠠᠩ᠎ᠤᠨ  ᠪᠦᠲᠦᠭᠡᠭᠳᠡᠬᠦᠨ ᠪᠤᠯᠪᠠᠰᠤᠷᠠᠭᠤᠯᠬᠤ ᠦᠢ᠍ᠯᠡᠰ᠎ᠤᠨ  ᠲᠥᠷᠥ ᠵᠢᠨ  ᠪᠣᠳᠣᠯᠭ᠎ᠠ ᠵᠢᠨ  ᠠᠷᠭ᠎ᠠ ᠬᠡᠮᠵᠢᠶ᠎ᠡ ᠵᠢ  ᠨᠡᠢ᠌ᠲᠡᠯᠡᠵᠦ᠂ 167 ᠠᠵᠤ ᠦᠢ᠍ᠯᠡᠰ᠎ᠤᠨ  ᠵᠢᠱ᠌ᠢᠶ᠎ᠡ ᠦᠵᠡᠭᠦᠯᠭᠦ ᠬᠦᠷᠢᠶᠡᠯᠡᠩ ᠲᠣᠭᠣᠷᠢᠭ᠎ᠤᠨ  ᠪᠦᠲᠦᠭᠡᠨ ᠪᠠᠢ᠌ᠭᠤᠯᠤᠯᠲᠠ ᠵᠢ  ᠠᠬᠢᠭᠤᠯᠵᠤ᠂ 7 ᠵᠦᠢ᠍ᠯ᠎ᠤᠨ  ᠭᠣᠣᠯᠳᠠᠯᠭ᠎ᠠ᠎ᠲᠠᠢ ᠠᠵᠤ ᠦᠢ᠍ᠯᠡᠰ᠎ᠤᠨ  ᠬᠡᠯᠬᠢᠶ᠎ᠡ ᠵᠢᠨ  ᠲᠠᠰᠤᠷᠬᠠᠢ ᠴᠡᠭ ᠪᠠ ᠲᠦᠭᠵᠢᠷᠡᠯ ᠠᠰᠠᠭᠤᠳᠠᠯ᠎ᠢ  ᠲᠦᠷᠭᠡᠳᠬᠡᠨ ᠨᠥᠬᠥᠪᠦᠷᠢᠯᠡᠪᠡ᠃ ᠥᠪᠥᠷ ᠮᠣᠩᠭᠣᠯ᠎ᠤᠨ  ᠴᠢᠨᠠᠷ ᠰᠠᠢ᠌ᠲᠠᠢ ᠮᠠᠯ᠎ᠤᠨ  ᠠᠰᠢᠭ ᠰᠢᠮ᠎ᠡ ᠲᠠᠷᠢᠶᠠᠯᠠᠩ᠎ᠤᠨ  ᠪᠦᠲᠦᠭᠡᠭᠳᠡᠬᠦᠨ ᠡᠵᠡᠩᠨᠡᠨ ᠪᠣᠷᠣᠯᠠᠭᠤᠯᠬᠤ ᠲᠥᠪ᠎ᠢ 11 ᠪᠦᠲᠦᠭᠡᠨ ᠪᠠᠢ᠌ᠭᠤᠯᠬᠤ ᠵᠢ  ᠠᠬᠢᠭᠤᠯᠵᠤ᠂ 18 ᠲᠥᠪᠯᠡᠷᠡᠩᠭᠦᠢ ᠬᠥᠮᠥᠷᠭᠡ᠂ ᠪᠡᠯᠡᠳᠬᠡᠯ ᠬᠥᠮᠥᠷᠭᠡ ᠵᠢ  ᠪᠠᠢ᠌ᠷᠢᠯᠠᠭᠤᠯᠤᠨ ᠡᠵᠡᠩᠨᠡᠵᠦ᠂ 《ᠥᠪᠥᠷ ᠮᠣᠩᠭᠣᠯ᠎ᠤᠨ  ᠦᠨᠦᠷ ᠠᠮᠲᠠ》 ᠵᠢ  ᠪᠦᠭᠦ ᠤᠯᠤᠰ᠎ᠲᠤ  ᠬᠠᠩᠬᠤᠯᠤᠭᠤᠯᠤᠭᠰᠠᠨ ᠪᠠᠢ᠌ᠨ᠎ᠠ᠃

       ᠠᠵᠤ ᠠᠬᠤᠢ ᠵᠢᠨ  ᠬᠥᠭᠵᠢᠯᠲᠡ ᠵᠢ  ᠠᠵᠢᠭᠯᠠᠬᠤ᠎ᠳᠤ 《ᠲᠣᠭ᠎ᠠ》 ᠵᠢ  ᠦᠵᠡᠬᠦ ᠪᠥᠭᠡᠳ ᠪᠠᠰᠠ 《ᠢᠷᠡᠭᠡᠳᠦᠢ》 ᠵᠢ  ᠦᠵᠡᠬᠦ ᠬᠡᠷᠡᠭᠲᠡᠢ᠃ ᠠᠮᠢᠵᠢᠷᠠᠯ᠎ᠤᠨ  ᠬᠦᠴᠦᠨ᠎ᠢ  ᠬᠥᠭᠵᠢᠭᠡᠬᠦ ᠭᠦᠢ᠍ᠴᠡᠳᠬᠡᠯ ᠲᠣᠭ᠎ᠠ᠂ ᠬᠥᠬᠡᠷᠡᠨ ᠨᠣᠭᠣᠭ᠋ᠠᠷᠠᠭᠰᠠᠨ ᠲᠠᠷᠢᠶᠠᠨ ᠭᠠᠵᠠᠷ᠂ ᠠᠮᠢᠵᠢᠷᠠᠯ᠎ᠤᠨ  ᠬᠦᠴᠦᠨ ᠵᠶ᠋ᠠᠷ  ᠪᠢᠯᠬᠠᠭᠰᠠᠨ ᠮᠠᠯᠵᠢᠯ᠎ᠤᠨ  ᠲᠠᠯᠠᠪᠠᠢ᠎ᠨᠢ ᠥᠪᠥᠷ ᠮᠣᠩᠭᠣᠯ᠎ᠤᠨ  ᠮᠠᠯ ᠠᠵᠤ ᠠᠬᠤᠢ ᠲᠠᠷᠢᠶᠠᠯᠠᠩ᠎ᠤᠨ  ᠲᠣᠭᠲᠠᠭᠤᠨ᠎ᠤ  ᠳᠤᠮᠳᠠ ᠰᠠᠢ᠌ᠵᠢᠷᠠᠬᠤ ᠠᠮᠢᠳᠤᠯᠢᠭ ᠵᠢᠷᠤᠭ ᠳᠦᠷᠰᠦ ᠵᠢ  ᠪᠦᠷᠢᠯᠳᠦᠭᠦᠯᠵᠡᠢ᠃

       ᠵᠤᠨ᠎ᠤ  ᠤᠯᠠᠷᠢᠯ᠎ᠤᠨ  ᠬᠠᠮᠢᠶᠠᠷᠤᠯᠲᠠ ᠵᠢᠨ  ᠠᠵᠢᠯ ᠢᠳᠡ ᠭᠦᠭ᠎ᠲᠠᠢ  ᠶᠠᠪᠤᠭᠳᠠᠵᠤ᠂ ᠲᠦᠩᠯᠢᠶᠣᠣ ᠬᠤᠳᠠ ᠵᠢᠨ  ᠨᠠᠢ᠍ᠮᠠᠨ ᠬᠣᠰᠢᠭᠤᠨ᠎ᠤ  ᠮᠢᠩ ᠷᠧᠨ ᠰᠤᠮᠤ ᠵᠢᠨ  ᠲᠠᠷᠢᠶᠠᠨ ᠭᠠᠵᠠᠷ᠎ᠲᠤ ᠲᠣᠮᠣ ᠭᠡᠯᠪᠡᠷᠢ ᠵᠢᠨ  ᠲᠠᠷᠢᠶᠠᠯᠠᠩ᠎ᠤᠨ  ᠮᠠᠰᠢᠨ ᠲᠠᠷᠢᠶᠠᠨ ᠳᠤᠮᠳᠠᠭᠤᠷ ᠨᠠᠭ᠋ᠠᠰᠢ ᠴᠠᠭ᠋ᠠᠰᠢ ᠰᠦᠯᠵᠢᠯᠳᠦᠨ ᠡᠪᠡᠰᠦ ᠠᠷᠢᠯᠭ᠋ᠠᠵᠤ ᠶᠠᠭ᠋ᠠᠷᠠᠨ᠎ᠠ᠃ ᠣᠳᠣᠬᠠᠨ᠎ᠳᠤ᠂ ᠨᠠᠢ᠍ᠮᠠᠨ ᠬᠣᠰᠢᠭᠤᠨ᠎ᠤ  ᠲᠠᠷᠢᠶᠠᠯᠠᠩ᠎ᠤᠨ  ᠮᠠᠰᠢᠨ᠎ᠤ  ᠶᠡᠷᠦᠩᠬᠡᠢ᠌ᠯᠡᠭᠰᠡᠨ ᠮᠠᠰᠢᠨᠴᠢᠯᠠᠯᠲᠠ ᠵᠢᠨ  ᠨᠣᠷᠮ᠎ᠠ 90.7%᠎ᠳᠤ  ᠬᠦᠷᠴᠦ᠂ ᠲᠠᠷᠢᠶᠠᠯᠠᠩ᠎ᠤᠨ  ᠮᠠᠰᠢᠨ᠎ᠤ  ᠲᠤᠰᠬᠠᠢ ᠬᠣᠷᠰᠢᠶ᠎ᠠ 110᠎ᠳᠤ ᠬᠦᠷᠴᠦ᠂ ᠲᠠᠷᠢᠶᠠᠯᠠᠩ᠎ᠤᠨ  ᠦᠢ᠍ᠯᠡᠳᠪᠦᠷᠢᠯᠡᠯ᠎ᠤᠨ 《ᠠᠰᠠᠷᠠᠭᠴᠢ ᠮᠠᠶᠢᠭ》᠎ᠤᠨ  ᠪᠦᠭᠦ ᠶᠠᠪᠤᠴᠠ ᠵᠢᠨ  ᠨᠠᠢ᠌ᠳᠠᠨ ᠬᠠᠮᠢᠶᠠᠷᠤᠭᠤᠯᠬᠤ᠂ 《ᠲᠣᠪᠶᠣᠭ ᠮᠠᠶᠢᠭ》᠎ᠤᠨ  ᠣᠯᠠᠨ ᠭᠣᠭᠴᠣᠭ᠎ᠠ ᠵᠢᠨ  ᠨᠠᠢ᠌ᠳᠠᠨ ᠬᠠᠮᠢᠶᠠᠷᠤᠭᠤᠯᠬᠤ ᠪᠠ 《ᠵᠠᠬᠢᠶᠠᠯᠠᠭ᠎ᠠ ᠵᠢᠨ ᠮᠠᠶᠢᠭ》᠎ᠤᠨ  ᠳ᠋ᠠᠩ ᠭᠣᠭᠴᠣᠭ᠎ᠠ ᠵᠢᠨ  ᠨᠠᠢ᠌ᠳᠠᠨ ᠬᠠᠮᠢᠶᠠᠷᠤᠭᠤᠯᠬᠤ ᠵᠡᠷᠭᠡ ᠣᠯᠠᠨ ᠡᠰᠢᠵᠢᠭᠰᠡᠨ ᠦᠢ᠍ᠯᠡᠴᠢᠯᠡᠭᠡ᠎ᠨᠢ ᠲᠠᠷᠢᠶᠠᠯᠠᠩ᠎ᠤᠨ  ᠦᠢ᠍ᠯᠡᠳᠪᠦᠷᠢᠯᠡᠯ᠎ᠤᠨ  ᠭᠡᠪᠴᠢᠶᠡᠵᠢᠯᠲᠡ ᠪᠠ ᠣᠳᠣᠬᠢᠴᠢᠯᠠᠯᠲᠠ ᠵᠢ  ᠲᠠᠰᠤᠷᠠᠯᠲᠠ ᠦᠭᠡᠢ ᠠᠬᠢᠭᠤᠯᠵᠤ ᠪᠠᠢ᠌ᠨ᠎ᠠ᠃

       ᠬᠢᠩᠭ᠋ᠠᠨ ᠠᠢ᠌ᠮᠠᠭ᠎ᠤᠨ  ᠵᠠᠯᠠᠢ᠌ᠳ ᠬᠣᠰᠢᠭᠤᠨ᠎ᠤ  ᠬᠣᠩ ᠾᠧ ᠮᠠᠯ ᠠᠵᠤ ᠠᠬᠤᠢ ᠲᠠᠷᠢᠶᠠᠯᠠᠩ᠎ᠤᠨ  ᠲᠤᠰᠬᠠᠢ ᠬᠤᠷᠰᠢᠶ᠎ᠡ᠎ᠳᠤ᠂ ᠦᠬᠡᠷ ᠲᠡᠵᠢᠭᠡᠬᠦ ᠣᠳᠣᠬᠢᠴᠢᠯᠠᠭᠰᠠᠨ ᠫᠧᠩ ᠰᠠᠷᠠᠪᠴᠢ᠎ᠨᠤᠭᠤᠳ ᠲᠡᠷᠢ ᠲᠡᠭᠰᠢ ᠵᠢᠭᠰᠠᠵᠤ᠂ ᠪᠣᠷᠳᠣᠭ᠎ᠠ ᠢᠳᠡᠵᠦ ᠪᠠᠢ᠌ᠭ᠎ᠠ ᠰᠢᠮᠧᠨ᠋ᠳᠡᠷ ᠮᠢᠬᠠᠨ᠎ᠤ  ᠦᠬᠡᠷ ᠲᠠᠷᠭᠤ ᠬᠦᠴᠦ ᠰᠠᠢ᠌ᠲᠠᠢ ᠬᠠᠷᠠᠭᠳᠠᠨ᠂ ᠲᠡᠵᠢᠭᠡᠨ ᠦᠷᠡᠵᠢᠭᠦᠯᠬᠦ ᠠᠵᠢᠯᠲᠠᠳ᠎ᠤᠨ  ᠨᠢᠮᠪᠠᠢ ᠲᠣᠬᠢᠷᠠᠭᠤᠯᠤᠭᠰᠠᠨ 《ᠲᠡᠵᠢᠭᠡᠯ ᠰᠠᠢ᠌ᠲᠠᠢ ᠪᠣᠷᠳᠣᠭ᠎ᠠ 》 ᠎ᠨᠢ ᠮᠢᠬᠠᠨ᠎ᠤ  ᠦᠬᠡᠷ᠎ᠤᠨ  ᠰᠢᠮ᠎ᠡ ᠲᠡᠵᠢᠭᠡᠯ᠎ᠤᠨ  ᠬᠡᠷᠡᠭᠴᠡᠭᠡ ᠵᠢ  ᠬᠠᠩᠭ᠋ᠠᠬᠤ᠎ᠪᠠᠷ ᠪᠠᠷᠠᠬᠤ ᠦᠭᠡᠢ ᠪᠠᠰᠠ ᠥᠰᠦᠯᠲᠡ ᠵᠢᠨ  ᠬᠤᠷᠳᠤᠴᠠ ᠵᠢ ᠎ᠨᠢ ᠳᠡᠭᠡᠭᠰᠢᠯᠡᠭᠦᠯᠵᠦ ᠴᠢᠳᠠᠨ᠎ᠠ᠃ ᠮᠢᠬᠠᠨ᠎ᠤ ᠦᠬᠡᠷ ᠲᠡᠵᠢᠭᠡᠨ ᠦᠷᠡᠵᠢᠭᠦᠯᠬᠦ᠎ᠳᠤ  ᠬᠠᠰᠢᠶᠠᠯᠠᠨ ᠲᠡᠵᠢᠭᠡᠬᠦ ᠵᠢ  ᠬᠡᠷᠡᠭᠵᠢᠭᠦᠯᠦᠭᠰᠡᠨ᠎ᠤ ᠳᠠᠷᠠᠭ᠎ᠠ᠂ ᠨᠤᠲᠤᠭ ᠪᠡᠯᠴᠢᠭᠡᠷ᠎ᠢ  ᠬᠠᠮᠠᠭ᠋ᠠᠯᠠᠵᠤ᠂ ᠠᠮᠢ ᠠᠬᠤᠢ ᠣᠷᠴᠢᠨ ᠲᠣᠭᠣᠷᠢᠨ᠎ᠢ  ᠰᠠᠢ᠌ᠵᠢᠷᠠᠭᠤᠯᠬᠤ᠎ᠳᠤ ᠠᠰᠢᠭᠲᠠᠢ ᠪᠥᠭᠡᠳ ᠮᠢᠬᠠᠨ᠎ᠤ ᠦᠬᠡᠷ᠎ᠤᠨ  ᠦᠷᠡᠵᠢᠯᠲᠡ ᠵᠢᠨ  ᠨᠣᠷᠮ᠎ᠠ᠂ ᠪᠣᠷᠣᠯᠠᠭᠤᠯᠤᠯᠲᠠ ᠵᠢᠨ  ᠨᠣᠷᠮ᠎ᠠ ᠵᠢ  ᠳᠡᠭᠡᠭᠰᠢᠯᠡᠭᠦᠯᠭᠦ᠎ᠳᠤ  ᠠᠰᠢᠭᠲᠠᠢ ᠪᠠᠢ᠌ᠵᠤ᠂ ᠣᠯᠠᠨ ᠲᠠᠯ᠎ᠠ᠎ᠪᠠᠷ ᠬᠠᠮᠲᠤ᠎ᠪᠠᠷ ᠠᠰᠢᠭ ᠭᠦᠷᠳᠡᠭᠦ ᠪᠣᠯᠪᠠ᠃

       ᠣᠢ᠌ᠷ᠎ᠠ᠎ᠳᠤ᠂ ᠤᠯᠤᠰ᠎ᠤᠨ  ᠳᠣᠲᠣᠭ᠋ᠠᠳᠤ᠎ᠳᠤ ᠠᠩᠬ᠎ᠠ ᠡᠭᠦᠳᠦᠭᠰᠡᠨ ᠲᠥᠮᠥᠰᠥ ᠵᠢᠨ  ᠲᠦᠭᠦᠬᠡᠢ ᠡᠭᠡᠳᠡᠩ᠎ᠤᠨ  ᠮᠠᠨᠲᠠᠤ ᠵᠢ  ᠤᠯᠠᠭ᠋ᠠᠨᠴᠠᠪ ᠬᠣᠲᠠ᠎ᠳᠤ ᠪᠠᠢ᠌ᠭ᠎ᠠ ᠥᠪᠥᠷ ᠮᠣᠩᠭᠣᠯ᠎ᠤᠨ  ᠰᠢ ᠰᠧᠨ ᠢᠳᠡᠭᠡᠨ᠎ᠤ ᠬᠢᠵᠠᠭ᠋ᠠᠷᠲᠤ ᠺᠤᠮᠫᠠᠨᠢ᠎ᠳᠤ ᠠᠮᠵᠢᠯᠲᠠ᠎ᠲᠠᠢ ᠲᠤᠷᠰᠢᠨ ᠦᠢ᠍ᠯᠡᠳᠪᠦᠷᠢᠯᠡᠪᠡ᠃ ᠣᠳᠣᠬᠠᠨ᠎ᠳᠤ᠂ ᠤᠯᠠᠭ᠋ᠠᠨᠴᠠᠪ ᠬᠣᠲᠠ ᠵᠢᠨ  ᠲᠥᠮᠥᠰᠥ ᠵᠢᠨ  ᠠᠵᠤ ᠦᠢ᠍ᠯᠡᠰ᠎ᠢ  ᠪᠣᠢ᠌ᠵᠢᠭᠤᠯᠬᠤ ᠰᠢᠰᠲ᠋ᠧᠮ ᠡᠳᠦᠷ ᠢᠷᠡᠬᠦᠶ᠎ᠡ ᠲᠡᠭᠦᠯᠳᠡᠷᠵᠢᠵᠦ᠂ ᠦᠢ᠍ᠯᠡᠳᠪᠦᠷᠢᠯᠡᠯ ᠲᠠᠷᠢᠮᠠᠯ ᠡᠷᠴᠢᠮᠯᠢᠭ ᠥᠨᠳᠥᠷ ᠪᠦᠲᠦᠮᠵᠢᠲᠡᠶ ᠪᠣᠯᠵᠤ᠂ ᠡᠳ᠋ᠰᠢᠭᠦᠯᠵᠦ ᠪᠣᠷᠣᠯᠠᠭᠤᠯᠬᠤ ᠠᠵᠢᠯ ᠳᠡᠭᠡᠳᠦ ᠲᠠᠰ ᠵᠦᠭ ᠬᠥᠭᠵᠢᠵᠦ᠂ ᠨᠢᠭᠡᠨᠲᠡ ᠪᠣᠢ᠌ᠵᠢᠭᠤᠯᠬᠤ᠂ ᠦᠷᠡᠵᠢᠭᠦᠯᠬᠦ᠂ ᠳᠠᠷᠢᠬᠤ᠂ ᠪᠤᠯᠪᠠᠰᠤᠷᠠᠭᠤᠯᠬᠤ᠂ ᠪᠣᠷᠣᠯᠠᠭᠤᠯᠬᠤ ᠵᠢ  ᠨᠢᠭᠡ ᠴᠣᠭᠴᠠᠵᠢᠭᠤᠯᠤᠭᠰᠠᠨ ᠲᠥᠮᠥᠰᠥ ᠵᠢᠨ  ᠪᠦᠭᠦ ᠠᠵᠤ ᠦᠢ᠍ᠯᠡᠰ᠎ᠤᠨ  ᠬᠡᠯᠬᠢᠶ᠎ᠡ ᠵᠢ  ᠠᠩᠬ᠎ᠠ ᠠᠯᠬᠤᠮ ᠪᠦᠷᠢᠯᠳᠦᠭᠦᠯᠪᠡ᠃

       ᠲᠣᠭ᠎ᠠ ᠪᠠᠷᠢᠮᠲᠠ ᠪᠣᠯ ᠬᠥᠭᠵᠢᠯᠲᠡ ᠵᠢᠨ  ᠦᠷ᠎ᠡ ᠪᠦᠲᠦᠮᠵᠢ ᠵᠢᠨ ᠬᠡᠮᠵᠢᠭᠦᠷ ᠮᠥᠨ᠂ ᠪᠠᠰᠠ ᠴᠤ᠌ ᠬᠥᠭᠵᠢᠯᠲᠡ ᠵᠢᠨ  ᠰᠡᠳᠬᠢᠴᠡ ᠵᠢ  ᠲᠠᠢ᠌ᠯᠪᠤᠷᠢᠯᠠᠬᠤ ᠲᠦᠯᠬᠢᠭᠦᠷ ᠮᠥᠨ᠃ ᠳᠡᠭᠡᠷ᠎ᠡ ᠬᠠᠭ᠋ᠠᠰ ᠵᠢᠯ᠎ᠳᠤ᠂ ᠥᠪᠥᠷ ᠮᠣᠩᠭᠣᠯ᠎ᠤᠨ  ᠭᠠᠬᠠᠢ ᠦᠬᠡᠷ ᠬᠣᠨᠢ ᠵᠢᠭᠦᠷᠲᠡᠨ᠎ᠤ ᠮᠢᠬᠠᠨ᠎ᠤ  ᠭᠠᠷᠤᠯᠲᠠ 102.2 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ ᠎ᠬᠢ᠎ᠠᠴᠠ 4.3%᠎ᠪᠠᠷ ᠨᠡᠮᠡᠭᠳᠡᠪᠡ ;  ᠦᠨᠢᠶᠡᠨ ᠰᠦ ᠵᠢᠨ  ᠭᠠᠷᠤᠯᠲᠠ 2.6%᠎ᠪᠠᠷ  ᠨᠡᠮᠡᠭᠳᠡᠪᠡ᠃ ᠬᠣᠶᠠᠳᠤᠭ᠋ᠠᠷ ᠤᠯᠠᠷᠢᠯ᠎ᠤᠨ  ᠰᠡᠭᠦᠯᠴᠢ᠎ᠪᠠᠷ᠂ ᠪᠦᠭᠦ ᠣᠷᠣᠨ᠎ᠤ  ᠭᠠᠬᠠᠢ ᠵᠢᠨ  ᠲᠣᠭ᠎ᠠ 641.3 ᠲᠦᠮᠡ᠎ᠳᠤ  ᠬᠦᠷᠴᠦ᠂ 1.5%᠎ᠪᠠᠷ  ᠨᠡᠮᠡᠭᠳᠡᠪᠡ;  ᠦᠬᠡᠷ᠎ᠤᠨ  ᠲᠣᠭ᠎ᠠ 971.2 ᠲᠦᠮᠡ ᠎ᠳᠤ  ᠬᠦᠷᠴᠦ᠂ 6.3% ᠨᠡᠮᠡᠭᠳᠡᠪᠡ;  ᠬᠣᠨᠢ ᠵᠢᠨ  ᠲᠣᠭ᠎ᠠ 6793.6 ᠲᠦᠮᠡ᠎ᠳᠤ  ᠬᠦᠷᠴᠦ᠂ 1.0% ᠨᠡᠮᠡᠭᠳᠡᠪᠡ᠃

       ᠬᠠᠭ᠋ᠠᠰ ᠵᠢᠯ᠎ᠤᠨ  ᠠᠮᠵᠢᠯᠲᠠ ᠪᠦᠲᠦᠮᠵᠢ ᠭᠢᠯᠪᠠᠷ ᠪᠤᠰᠤ᠎ᠪᠠᠷ ᠢᠷᠡᠭᠰᠡᠨ ᠶᠤᠮ᠃ ᠥᠪᠥᠷ ᠮᠣᠩᠭᠣᠯ ᠢᠮᠠᠭᠲᠠ ᠤᠯᠤᠰ᠎ᠤᠨ  ᠠᠮᠤ ᠪᠤᠳᠠᠭ᠋ᠠᠨ᠎ᠤ  ᠠᠮᠤᠷ ᠲᠦᠪᠰᠢᠨ᠎ᠢ  ᠪᠠᠲᠤᠯᠠᠬᠤ ᠵᠢ  ᠥᠪᠥᠷ ᠮᠣᠩᠭᠣᠯ᠎ᠤᠨ 《ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ 》᠎ᠤ  ᠠᠵᠢᠯ᠎ᠤᠨ  ᠲᠡᠷᠢᠭᠦᠨ ᠴᠢᠬᠤᠯᠠ ᠶᠠᠪᠤᠳᠠᠯ ᠪᠠ ᠨᠢᠭᠡᠳᠦᠭᠡᠷ ᠢᠨᠵᠧᠨᠧᠷᠢᠩ ᠪᠣᠯᠭ᠋ᠠᠨ ᠠᠳᠬᠤᠵᠤ᠂ 《ᠲᠣᠭ᠎ᠠ ᠬᠡᠮᠵᠢᠶ᠎ᠡ ᠵᠢ  ᠥᠷᠭᠡᠳᠬᠡᠬᠦ᠂ ᠶᠠᠰᠤ ᠴᠢᠨᠠᠷ᠎ᠢ  ᠳᠡᠭᠡᠭᠰᠢᠯᠡᠭᠦᠯᠭᠦ᠂ ᠤᠨᠠᠯᠲᠠ ᠭᠠᠷᠤᠯᠲᠠ ᠵᠢ  ᠨᠡᠮᠡᠭᠳᠡᠭᠦᠯᠬᠦ 》᠎ᠳᠤ  ᠠᠩᠬᠠᠷᠤᠯ ᠵᠶ᠋ᠠᠨ  ᠲᠥᠪᠯᠡᠷᠡᠭᠦᠯᠦᠨ ᠣᠨᠢᠨ ᠳᠡᠭᠡᠷ᠎ᠡ᠎ᠨᠢ ᠬᠦᠴᠦᠯᠡᠵᠦ᠂ ᠠᠵᠤ ᠠᠬᠤᠢ ᠨᠡᠢ᠌ᠭᠡᠮ᠎ᠤᠨ  ᠬᠥᠭᠵᠢᠯᠲᠡ ᠵᠢᠨ  ᠶᠡᠬᠡ ᠲᠠᠯ᠎ᠠ ᠵᠢᠨ  ᠲᠣᠭᠲᠠᠭᠤᠨ᠎ᠳᠤ ᠬᠦᠴᠦᠲᠡᠢ ᠲᠤᠯᠭ᠋ᠠᠭᠤᠷᠢᠯᠠᠯ ᠬᠠᠩᠭ᠋ᠠᠪᠠ᠃

      —  ᠬᠡᠯᠬᠢᠶ᠎ᠡ ᠵᠢ  ᠤᠷᠲᠤᠳᠬᠠᠨ ᠬᠡᠯᠬᠢᠶ᠎ᠡ ᠵᠢ  ᠨᠥᠬᠥᠪᠦᠷᠢᠯᠡᠬᠦ ᠵᠢ  ᠠᠬᠢᠭᠤᠯᠵᠤ᠂ ᠨᠠᠩ ᠴᠢᠨᠠᠷ ᠰᠠᠢ᠌ᠲᠠᠢ ᠬᠥᠭᠵᠢᠯᠲᠡ ᠵᠢ  ᠪᠡᠶᠡᠯᠡᠭᠦᠯᠪᠡ᠃ ᠰᠦ ᠵᠢᠨ  ᠦᠢ᠍ᠯᠡᠰ᠂ ᠡᠷᠳᠡᠨᠢ ᠰᠢᠰᠢ᠂ ᠮᠢᠬᠠᠨ᠎ᠤ ᠦᠬᠡᠷ᠂ ᠮᠢᠬᠠᠨ᠎ᠤ ᠬᠣᠨᠢ᠂ ᠢᠮᠠᠭ᠋ᠠᠨ ᠨᠣᠣᠯᠣᠭᠤᠷ᠂ ᠲᠥᠮᠥᠰᠥ᠂ ᠲᠡᠵᠢᠭᠡᠯ ᠡᠪᠡᠰᠦ ᠵᠡᠷᠭᠡ ᠮᠠᠯ ᠠᠵᠤ ᠠᠬᠤᠢ ᠲᠠᠷᠢᠶᠠᠯᠠᠩ᠎ᠤᠨ  ᠭᠣᠣᠯᠳᠠᠯᠭ᠎ᠠ᠎ᠲᠠᠢ 7 ᠲᠣᠮᠣ ᠠᠵᠤ ᠦᠢ᠍ᠯᠡᠰ᠎ᠤᠨ  ᠬᠡᠯᠬᠢᠶ᠎ᠡ ᠵᠢᠨ  ᠪᠦᠲᠦᠭᠡᠨ ᠪᠠᠢ᠌ᠭᠤᠯᠤᠯᠲᠠ ᠵᠢ  ᠦᠷᠭᠦᠯᠵᠢᠯᠡᠨ ᠠᠬᠢᠭᠤᠯᠵᠤ᠂ ᠨᠠᠷᠢᠮᠤ ᠵᠢᠨ  ᠤᠯᠤᠰ᠎ᠤᠨ  ᠲᠠᠰ᠎ᠤᠨ  ᠳᠠᠪᠠᠭᠤᠯᠢᠭ ᠣᠨᠴᠠᠯᠢᠭᠲᠤ ᠠᠵᠤ ᠦᠢ᠍ᠯᠡᠰ᠎ᠤᠨ  ᠪᠦᠯᠦᠭᠵᠢᠯ᠎ᠢ  ᠠᠮᠵᠢᠯᠲᠠ᠎ᠲᠠᠢ ᠡᠭᠦᠳᠦᠨ ᠪᠠᠢ᠌ᠭᠤᠯᠵᠤ᠂ ᠲᠠᠢ᠌ᠫᠤᠰᠧ ᠬᠣᠰᠢᠭᠤ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ ᠵᠡᠷᠭᠡ ᠤᠯᠤᠰ᠎ᠤᠨ  ᠲᠠᠰ᠎ᠤᠨ 2 ᠣᠲᠣ ᠦᠶ᠎ᠡ ᠵᠢᠨ  ᠠᠵᠤ ᠦᠢ᠍ᠯᠡᠰ᠎ᠤᠨ  ᠬᠦᠷᠢᠶᠡᠯᠡᠩ᠂ ᠮᠣᠷᠢᠨᠳᠠᠪᠠᠭ᠎ᠠ ᠬᠣᠰᠢᠭᠤᠨ᠎ᠤ  ᠲᠡᠭᠷᠢ ᠪᠠᠯᠭ᠋ᠠᠰᠤ ᠵᠡᠷᠭᠡ ᠤᠯᠤᠰ᠎ᠤᠨ  ᠲᠠᠷᠢᠶᠠᠯᠠᠩ᠎ᠤᠨ  ᠠᠵᠤ ᠦᠢ᠍ᠯᠡᠰ᠎ᠤᠨ  ᠬᠦᠴᠦᠷᠬᠡᠭ ᠪᠠᠯᠭ᠋ᠠᠰᠤ ᠵᠢ 8 ᠪᠠᠢ᠌ᠭᠤᠯᠵᠤ᠂ ᠠᠵᠤ ᠦᠢ᠍ᠯᠡᠰ᠎ᠤᠨ  ᠪᠦᠯᠦᠭᠵᠢᠯ᠎ᠤᠨ  ᠪᠦᠲᠦᠭᠡᠨ ᠪᠠᠢ᠌ᠭᠤᠯᠤᠯᠲᠠ ᠵᠢᠨ  ᠦᠷ᠎ᠡ ᠪᠦᠲᠦᠮᠵᠢ ᠠᠯᠬᠤᠮ ᠠᠯᠬᠤᠮ ᠵᠶ᠋ᠠᠷ  ᠲᠣᠪᠣᠢ᠌ᠮ᠎ᠠ ᠪᠣᠯᠪᠠ᠃

      —  ᠰᠢᠨ᠎ᠡ ᠵᠢ  ᠡᠭᠦᠳᠬᠦ᠎ᠪᠠᠷ ᠬᠥᠳᠡᠯᠭᠡᠭᠦᠷ ᠪᠤᠯᠭ᠋ᠠᠬᠤ ᠵᠢ  ᠠᠬᠢᠭᠤᠯᠵᠤ᠂ ᠨᠡᠩ ᠴᠢᠬᠤᠯᠠ ᠬᠥᠭᠵᠢᠯᠲᠡ ᠵᠢ  ᠪᠡᠶᠡᠯᠡᠭᠦᠯᠪᠡ᠃ ᠦᠷ᠎ᠡ ᠡᠳ᠋᠎ᠤᠨ  ᠡᠬᠢ ᠪᠠᠶᠠᠯᠢᠭ᠎ᠤᠨ  ᠪᠠᠢ᠌ᠳᠠᠯ᠎ᠢ  ᠪᠦᠭᠦ ᠲᠠᠯ᠎ᠠ᠎ᠪᠠᠷ ᠣᠢ᠌ᠯᠠᠭ᠋ᠠᠵᠤ᠂ 3 ᠤᠯᠤᠰ᠎ᠤᠨ  ᠲᠡᠰ᠎ᠤᠨ  ᠪᠠ 6 ᠥᠪᠡᠷᠲᠡᠭᠡᠨ ᠵᠠᠰᠠᠬᠤ ᠣᠷᠣᠨ᠎ᠤ  ᠲᠡᠰ᠎ᠤᠨ  ᠦᠷ᠎ᠡ ᠡᠳ᠋᠎ᠤᠨ  ᠡᠬᠢ ᠪᠠᠶᠠᠯᠢᠭ᠎ᠤᠨ  ᠬᠥᠮᠥᠷᠭᠡ (  ᠬᠦᠷᠢᠶᠡᠯᠡᠩ) ᠵᠢ  ᠪᠠᠢ᠌ᠭᠤᠯᠵᠤ᠂ ᠤᠯᠤᠰ᠎ᠤᠨ ᠲᠡᠰ᠎ᠤᠨ  ᠦᠷ᠎ᠡ ᠪᠣᠢ᠌ᠵᠢᠭᠤᠯᠬᠤ ᠲᠣᠮᠣ ᠰᠢᠶᠠᠨ ᠪᠠ ᠣᠷᠣᠨ ᠪᠦᠰᠡ ᠵᠢᠨ  ᠴᠢᠨᠠᠷᠲᠠᠢ ᠰᠠᠢ᠌ᠨ ᠦᠷᠡᠵᠢᠭᠦᠯᠬᠦ ᠰᠠᠭᠤᠷᠢᠨ᠎ᠢ 9 ᠡᠭᠦᠳᠦᠨ ᠪᠠᠢ᠌ᠭᠤᠯᠵᠤ᠂ ᠤᠯᠤᠰ᠎ᠤᠨ  ᠲᠡᠰ᠎ᠤᠨ  ᠮᠠᠯ ᠵᠢᠭᠦᠷᠲᠡᠨ᠎ᠤ ᠡᠭᠦᠯᠳᠡᠷ ᠪᠣᠢ᠌ᠵᠢᠭᠤᠯᠬᠤ ᠭᠣᠣᠯ ᠲᠠᠯᠠᠪᠠᠢ ᠵᠢ 23᠎ᠳᠤ  ᠬᠦᠷᠭᠡᠵᠦ᠂ ᠦᠬᠡᠷ ᠬᠣᠨᠢᠨ᠎ᠤ  ᠡᠭᠦᠯᠳᠡᠷ ᠪᠣᠢ᠌ᠵᠢᠭᠤᠯᠬᠤ ᠭᠣᠣᠯ ᠲᠠᠯᠠᠪᠠᠢ ᠵᠢᠨ  ᠲᠣᠭ᠎ᠠ   ᠪᠦᠭᠦ ᠤᠯᠤᠰ᠎ᠤᠨ  ᠲᠡᠷᠢᠭᠦᠨ᠎ᠳᠤ  ᠣᠷᠣᠵᠤ᠂ ᠦᠷ᠎ᠡ ᠵᠢᠨ  ᠦᠢ᠍ᠯᠡᠰ᠎ᠤᠨ  ᠰᠢᠨ᠎ᠡ ᠵᠢ  ᠡᠭᠦᠳᠦᠭᠰᠡᠨ ᠦᠷ᠎ᠡ ᠪᠦᠲᠦᠭᠡᠯ ᠨᠠᠩ ᠡᠯᠪᠡᠭ ᠦᠷ᠎ᠡ ᠪᠦᠲᠦᠮᠵᠢ ᠣᠯᠪᠠ᠃

      —  ᠬᠥᠳᠡᠯᠭᠡᠬᠦ ᠬᠦᠴᠦᠨ᠎ᠤ ᠬᠤᠪᠢᠰᠤᠯᠲᠠ ᠵᠢ  ᠠᠬᠢᠭᠤᠯᠵᠤ᠂ ᠬᠥᠳᠡᠯᠭᠡᠬᠦ ᠡᠨᠧᠷᠭᠢ ᠵᠢᠨ  ᠨᠠᠩ ᠬᠦᠴᠦᠷᠬᠡᠭ ᠬᠥᠭᠵᠢᠯᠲᠡ ᠵᠢ  ᠪᠡᠶᠡᠯᠡᠭᠦᠯᠪᠡ᠃ ᠨᠡᠢ᠌ᠭᠡᠮᠴᠢᠯᠡᠭᠰᠡᠨ ᠦᠢ᠍ᠯᠡᠴᠢᠯᠡᠭᠡ ᠵᠢ  ᠠᠬᠢᠭᠤᠯᠬᠤ ᠠᠵᠢᠯᠯᠠᠭ᠎ᠠ ᠵᠢ  ᠬᠡᠷᠡᠭᠵᠢᠭᠦᠯᠵᠦ᠂ 5 ᠵᠦᠢ᠍ᠯ᠎ᠤᠨ  ᠵᠠᠭᠪᠤᠷ᠎ᠢ  ᠳ᠋ᠦᠩᠨᠡᠨ ᠳᠡᠯᠭᠡᠷᠡᠭᠦᠯᠵᠦ᠂ 5 ᠬᠣᠰᠢᠭᠤ ᠰᠢᠶᠠᠨ᠂ 20 ᠰᠢᠶᠠᠩ ᠪᠠᠯᠭ᠋ᠠᠰᠤ᠂ 100 ᠭᠠᠴᠠᠭ᠎ᠠ ᠲᠣᠰᠬᠣᠨ᠎ᠳᠤ ᠮᠠᠰᠢᠨᠴᠢᠯᠠᠬᠤ᠂ ᠡᠷᠴᠢᠮᠵᠢᠭᠦᠯᠬᠦ᠂ ᠪᠠᠷᠢᠮᠵᠢᠶᠠᠵᠢᠭᠤᠯᠬᠤ ᠨᠣᠭᠣᠭ᠋ᠠᠨ ᠥᠨᠳᠥᠷ ᠪᠦᠲᠦᠮᠵᠢᠲᠦ ᠣᠲᠣ ᠦᠶ᠎ᠡ ᠵᠢᠨ  ᠲᠠᠷᠢᠶᠠᠯᠠᠩ᠎ᠤᠨ  ᠦᠢ᠍ᠯᠡᠳᠪᠦᠷᠢᠯᠡᠯ᠎ᠤᠨ  ᠠᠷᠭ᠎ᠠ ᠭᠡᠯᠪᠡᠷᠢ ᠵᠢ  ᠲᠥᠪᠯᠡᠷᠡᠭᠦᠯᠦᠨ ᠵᠠᠯᠭ᠋ᠠᠯᠳᠤᠭᠤᠯᠤᠨ ᠠᠬᠢᠭᠤᠯᠵᠤ᠂ ᠵᠢᠱ᠌ᠢᠶ᠎ᠡ ᠦᠵᠡᠭᠦᠯᠦᠨ ᠳᠠᠢ᠌ᠴᠢᠯᠠᠬᠤ ᠦᠢ᠍ᠯᠡᠳᠦᠯ᠎ᠢ  ᠤᠯᠠᠮ ᠨᠢᠭᠡ ᠠᠯᠬᠤᠮ ᠪᠠᠳᠠᠷᠠᠭᠤᠯᠪᠠ᠃ ᠦᠬᠡᠷ ᠬᠣᠨᠢ ᠲᠡᠵᠢᠭᠡᠨ ᠦᠷᠡᠵᠢᠭᠦᠯᠬᠦ 47 ᠲᠣᠮᠣ ᠰᠢᠶᠠᠨ᠎ᠤ  ᠮᠠᠯ᠎ᠤᠨ ᠡᠮᠨᠡᠯᠭᠡ ᠵᠢᠨ  ᠨᠡᠢ᠌ᠭᠡᠮᠴᠢᠯᠡᠭᠰᠡᠨ ᠦᠢ᠍ᠯᠡᠴᠢᠯᠡᠭᠡ ᠵᠢ  ᠠᠬᠢᠭᠤᠯᠬᠤ ᠵᠢ  ᠳᠡᠮᠵᠢᠵᠦ᠂ 17 ᠬᠣᠰᠢᠭᠤ ᠰᠢᠶᠠᠨ᠎ᠢ  ᠨᠥᠯᠥᠭᠡᠯᠡᠨ ᠳᠠᠢ᠌ᠴᠢᠯᠠᠵᠤ ᠪᠠᠢ᠌ᠭ᠋ᠠᠳ ᠮᠠᠯ᠎ᠤᠨ ᠡᠮᠨᠡᠯᠭᠡ ᠵᠢᠨ  ᠨᠡᠢ᠌ᠭᠡᠮᠴᠢᠯᠡᠭᠰᠡᠨ ᠦᠢ᠍ᠯᠡᠴᠢᠯᠡᠭᠡ ᠵᠢ  ᠪᠡᠶ᠎ᠡ᠎ᠪᠠᠨ ᠳᠠᠭ᠋ᠠᠭ᠋ᠠᠨ ᠬᠡᠷᠡᠭᠵᠢᠭᠦᠯᠵᠦ᠂ ᠪᠦᠭᠦ ᠣᠷᠣᠨ᠎ᠤ 70% ᠵᠢᠨ  ᠦᠬᠡᠷ ᠬᠣᠨᠢ ᠲᠡᠵᠢᠭᠡᠨ ᠦᠷᠡᠵᠢᠭᠦᠯᠬᠦ ᠣᠷᠣᠨ᠎ᠢ  ᠬᠠᠮᠤᠷᠴᠤ᠂ ᠮᠠᠯ ᠠᠵᠤ ᠠᠬᠤᠢ ᠲᠠᠷᠢᠶᠠᠯᠠᠩ᠎ᠤᠨ  ᠨᠡᠢ᠌ᠭᠡᠮᠴᠢᠯᠡᠭᠰᠡᠨ ᠦᠢ᠍ᠯᠡᠴᠢᠯᠡᠭᠡᠨ᠎ᠤ ᠶᠠᠰᠤ ᠴᠢᠨᠠᠷ᠎ᠢ  ᠳᠡᠭᠡᠭᠰᠢᠯᠡᠭᠦᠯᠦᠨ ᠦᠷ᠎ᠡ ᠠᠰᠢᠭ᠎ᠢ  ᠨᠡᠮᠡᠭᠳᠡᠭᠦᠯᠪᠡ᠃

      —  ᠭᠡᠯᠪᠡᠷᠢ᠎ᠪᠠᠨ ᠬᠤᠪᠢᠷᠠᠭᠤᠯᠤᠨ ᠳᠡᠰ ᠳᠡᠪᠰᠢᠬᠦ ᠵᠢ  ᠠᠬᠢᠭᠤᠯᠵᠤ᠂ ᠨᠡᠡᠭ ᠥᠨᠳᠥᠷ ᠪᠦᠲᠦᠮᠵᠢᠲᠠᠢ ᠬᠥᠭᠵᠢᠯᠲᠡ ᠵᠢ  ᠪᠡᠶᠡᠯᠡᠭᠦᠯᠪᠡ᠃ 《ᠮᠠᠯ᠎ᠤᠨ  ᠠᠰᠢᠭ ᠰᠢᠮ᠎ᠡ ᠲᠠᠷᠢᠶᠠᠯᠠᠩ᠎ᠤᠨ  ᠪᠦᠲᠦᠭᠡᠭᠳᠡᠬᠦᠨ᠎ᠢ  ᠨᠠᠷᠢᠯᠢᠭ ᠡᠳ᠋ᠰᠢᠭᠦᠯᠬᠦ ᠵᠢ  ᠳᠡᠮᠵᠢᠬᠦ ᠲᠤᠬᠠᠢ ᠠᠷᠭ᠎ᠠ ᠬᠡᠮᠵᠢᠶ᠎ᠡ᠎ᠨᠦᠭᠦᠳ 》᠎ᠢ ᠨᠠᠢ᠌ᠳᠠᠪᠤᠷᠢᠵᠢᠭᠤᠯᠤᠨ᠂ ᠨᠠᠷᠢᠯᠢᠭ ᠡᠳ᠋ᠰᠢᠭᠦᠯᠬᠦ ᠪᠠ ᠳᠠᠭ᠋ᠠᠯᠲᠠ ᠪᠦᠲᠦᠭᠡᠭᠳᠡᠬᠦᠨ᠎ᠢ  ᠥᠨᠳᠥᠷ ᠥᠷᠲᠡᠭ᠎ᠲᠠᠢ  ᠪᠣᠯᠭ᠋ᠠᠨ ᠪᠣᠯᠭ᠋ᠠᠨ ᠠᠰᠢᠭᠯᠠᠬᠤ ᠵᠢ  ᠶᠡᠬᠡ᠎ᠪᠠᠷ  ᠬᠥᠭᠵᠢᠭᠦᠯᠵᠦ᠂ 2023 ᠣᠨ᠎ᠤ   ᠪᠡᠯᠡᠨ ᠨᠣᠭᠣᠭ᠎ᠠ ᠵᠢᠨ 13 ᠳᠠᠭ᠋ᠠᠭᠤᠯᠤᠭᠴᠢ ᠠᠵᠤ ᠠᠬᠤᠢ᠌ᠯᠠᠯ᠂ ᠣᠨᠴᠠᠯᠢᠭᠲᠤ ᠲᠥᠷᠥᠯ ᠲᠡᠮᠳᠡᠭᠲᠦ 12 ᠠᠵᠤ ᠠᠬᠤᠢ᠌ᠯᠠᠯ᠂ ᠰᠦᠯᠵᠢᠶᠡᠨ ᠳᠡᠭᠡᠷ᠎ᠡ ᠪᠣᠷᠣᠯᠠᠭᠤᠯᠬᠤ 5 ᠠᠵᠤ ᠠᠬᠤᠢ᠌ᠯᠠᠯ᠎ᠢ  ᠵᠣᠬᠢᠶᠠᠨ ᠪᠠᠢ᠌ᠭᠤᠯᠤᠨ ᠰᠢᠯᠭ᠋ᠠᠷᠠᠭᠤᠯᠵᠤ᠂ ᠬᠣᠨᠢᠨ ᠠᠷᠠᠰᠤ ᠵᠢ  ᠢᠳᠡᠭᠡᠨ ᠪᠣᠯᠭ᠋ᠠᠨ ᠪᠤᠯᠪᠠᠰᠤᠷᠠᠭᠤᠯᠬᠤ 9 ᠠᠵᠤ ᠠᠬᠤᠢ᠌ᠯᠠᠯ᠎ᠢ  ᠳᠡᠮᠵᠢᠨ ᠪᠣᠢ᠌ᠵᠢᠭᠤᠯᠵᠤ᠂ ᠠᠵᠤ ᠦᠢ᠍ᠯᠡᠰ᠎ᠤᠨ  ᠬᠡᠯᠬᠢᠶ᠎ᠡ ᠵᠢ  ᠲᠠᠰᠤᠷᠠᠯᠲᠠ ᠦᠭᠡᠢ ᠤᠷᠲᠤᠳᠬᠠᠪᠠ᠃

      —  ᠨᠣᠭᠣᠭ᠋ᠠᠨ ᠦᠢ᠍ᠯᠡᠳᠪᠦᠷᠢᠯᠡᠯ᠎ᠢ  ᠠᠬᠢᠭᠤᠯᠵᠤ᠂ ᠨᠡᠩ ᠦᠷᠭᠦᠯᠵᠢᠯᠡᠬᠦᠢ᠌ᠴᠡ ᠬᠥᠭᠵᠢᠯᠲᠡ ᠵᠢ  ᠪᠡᠶᠡᠯᠡᠭᠦᠯᠪᠡ᠃ ᠬᠢᠮᠢ ᠵᠢᠨ ᠪᠣᠷᠳᠣᠭᠤᠷ᠎ᠢ  ᠬᠢᠵᠠᠭ᠋ᠠᠷᠯᠠᠨ ᠦᠷ᠎ᠡ ᠠᠰᠢᠭ᠎ᠢ  ᠨᠡᠮᠡᠭᠳᠡᠭᠦᠯᠬᠦ ᠪᠠ ᠲᠠᠷᠢᠶᠠᠨ ᠡᠮ᠎ᠢ  ᠬᠢᠵᠠᠭ᠋ᠠᠷᠯᠠᠨ ᠬᠥᠨᠥᠭᠡᠯ᠎ᠢ  ᠪᠠᠭ᠋ᠠᠰᠬᠠᠬᠤ ᠠᠵᠢᠯᠯᠠᠭ᠎ᠠ ᠥᠷᠨᠢᠭᠦᠯᠵᠦ᠂ 《ᠲᠠᠷᠢᠶᠠᠨ ᠴᠢᠬᠢ ᠵᠢ  ᠦᠵᠡᠵᠦ ᠪᠣᠷᠳᠣᠭᠤᠷ ᠰᠣᠩᠭᠣᠬᠤ 》 32   ᠲᠠᠪᠴᠠᠩ᠂ 《ᠡᠪᠡᠳᠴᠢᠨ᠎ᠳᠤᠨᠢ ᠲᠣᠬᠢᠷᠠᠭᠤᠯᠤᠨ ᠡᠮ ᠰᠣᠩᠭᠣᠬᠤ 》 15 ᠵᠢᠱ᠌ᠢᠶ᠎ᠡ ᠦᠵᠡᠭᠦᠯᠭᠦ ᠣᠷᠣᠨ ᠪᠠ 《ᠤᠯᠠ ᠪᠣᠷᠳᠣᠭᠤᠷ ᠦᠭᠡᠢ 》  ᠮᠡᠷᠭᠡᠵᠢᠯ᠎ᠤᠨ 33 ᠭᠣᠣᠯᠯᠠᠬᠤ ᠲᠤᠷᠰᠢᠯᠲᠠ ᠵᠢᠨ  ᠵᠢᠱ᠌ᠢᠶ᠎ᠡ ᠦᠵᠡᠭᠦᠯᠭᠦ ᠣᠷᠣᠨ᠎ᠢ  ᠪᠦᠲᠦᠭᠡᠨ ᠪᠠᠢ᠌ᠭᠤᠯᠵᠤ᠂ ᠨᠣᠭᠣᠭ᠋ᠠᠨ ᠰᠡᠷᠭᠡᠢ᠌ᠯᠡᠨ ᠡᠵᠡᠮᠳᠡᠬᠦ ᠲᠠᠷᠢᠶᠠᠨ ᠭᠠᠵᠠᠷ᠎ᠤᠨ ᠲᠠᠯᠠᠪᠠᠢ ᠵᠢ 5879 ᠲᠦᠮᠡᠨ ᠮᠦ᠍ ᠬᠡᠷᠡᠭᠵᠢᠭᠦᠯᠵᠦ᠂ 5738 ᠲᠦᠮᠡᠨ ᠮᠦ᠍ ᠵᠢ  ᠨᠢᠭᠡᠳᠦᠯᠲᠡᠢ ᠰᠡᠷᠭᠡᠢ᠌ᠯᠡᠨ ᠨᠢᠭᠡᠳᠦᠯᠲᠡᠢ ᠵᠠᠰᠠᠵᠤ᠂ ᠲᠠᠷᠢᠶᠠᠯᠠᠩ᠎ᠤᠨ  ᠦᠢ᠍ᠯᠡᠳᠪᠦᠷᠢᠯᠡᠯ᠎ᠢ  ᠨᠠᠩ ᠪᠣᠬᠢᠷᠳᠤᠯ ᠦᠭᠡᠢ ᠪᠣᠯᠭ᠋ᠠᠪᠠ᠃

       ᠮᠠᠯ ᠠᠵᠤ ᠠᠬᠤᠢ ᠲᠠᠷᠢᠶᠠᠯᠠᠩ᠎ᠤᠨ  ᠬᠥᠭᠵᠢᠯᠲᠡ ᠲᠣᠭᠲᠠᠭᠤᠨ ᠪᠣᠯ ᠪᠦᠭᠦ ᠲᠠᠯ᠎ᠠ ᠵᠢᠨ  ᠬᠥᠭᠵᠢᠯᠲᠡ ᠲᠤᠬᠲᠠᠭᠤᠨ ;  ᠮᠠᠯ ᠠᠵᠤ ᠠᠬᠤᠢ ᠲᠠᠷᠢᠶᠠᠯᠠᠩ᠎ᠤᠨ  ᠦᠢ᠍ᠯᠡᠰ ᠬᠥᠭᠵᠢᠪᠡᠯ ᠪᠦᠭᠦ ᠦᠢ᠍ᠯᠡᠰ ᠬᠥᠭᠵᠢᠨ᠎ᠡ᠃ ᠦᠨᠡᠨ ᠪᠣᠳᠠᠲᠠᠢ ᠠᠷᠭ᠎ᠠ ᠬᠡᠮᠵᠢᠶ᠎ᠡ ᠠᠪᠴᠤ᠂ ᠪᠡᠯᠡ ᠣᠷᠣᠭᠤᠯᠤᠯᠲᠠ᠎ᠪᠠᠨ ᠨᠡᠮᠡᠭᠳᠡᠭᠦᠯᠦᠨ᠂ ᠴᠡᠭ ᠵᠢᠡᠷ ᠨᠡᠢ᠌ᠳᠡᠮ᠎ᠢ  ᠳᠠᠢ᠌ᠴᠢᠯᠠᠨ ᠵᠢᠱ᠌ᠢᠶ᠎ᠡ ᠦᠵᠡᠭᠦᠯᠵᠦ᠂ ᠮᠠᠯ ᠠᠵᠤ ᠠᠬᠤᠢ ᠲᠠᠷᠢᠶᠠᠯᠠᠩ᠎ᠤᠨ  ᠴᠢᠨᠠᠷ ᠰᠠᠢ᠌ᠲᠠᠢ ᠬᠥᠭᠵᠢᠯᠲᠡ ᠵᠢ  ᠲᠠᠰᠤᠷᠠᠯᠲᠠ ᠦᠭᠡᠢ ᠲᠠᠰ ᠳᠡᠪᠰᠢᠭᠦᠯᠬᠦ ᠵᠢ  ᠠᠬᠢᠭᠤᠯᠬᠤ ᠲᠠᠯ᠎ᠠ᠎ᠪᠠᠷ ᠥᠪᠥᠷ ᠮᠣᠩᠭᠣᠯ ᠶᠠᠭ ᠮᠠᠯ ᠠᠵᠤ ᠠᠬᠤᠢ ᠲᠠᠷᠢᠶᠠᠯᠠᠩ᠎ᠤᠨ  ᠴᠢᠨᠠᠷ ᠰᠠᠢ᠌ᠲᠠᠢ ᠥᠨᠳᠥᠷ ᠪᠦᠲᠦᠮᠵᠢᠲᠡᠶ᠂ ᠮᠠᠯᠵᠢᠬᠤ ᠲᠠᠷᠢᠶᠠᠯᠠᠬᠤ ᠣᠷᠣᠨ᠎ᠤ  ᠣᠷᠣᠰᠢᠨ ᠰᠠᠭᠤᠷᠢᠰᠢᠬᠤ᠎ᠳᠤ ᠲᠣᠬᠢᠷᠠᠮᠵᠢᠲᠠᠢ᠂ ᠮᠠᠯᠴᠢᠨ ᠲᠠᠷᠢᠶᠠᠴᠢᠨ ᠪᠠᠶᠠᠵᠢᠯ᠎ᠤᠨ ᠰᠢᠨ᠎ᠡ ᠬᠠᠭᠤᠳᠠᠰᠤ ᠵᠢ  ᠪᠦᠭᠦ ᠬᠦᠴᠦᠨ ᠵᠶ᠋ᠠᠷ ᠵᠶ᠋ᠠᠨ  ᠪᠢᠴᠢᠭᠯᠡᠵᠦ ᠪᠤᠶ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ