ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠠ᠋ᠮᠴᠢᠯᠡᠭᠡ ᠵᠢᠨ ᠪᠠᠴᠢᠮ ᠠᠪᠤᠷᠠᠯᠳᠠ ᠵᠢᠨ ᠲᠤᠰᠠᠯᠠᠮᠵᠢ ᠭᠤᠶᠤᠴᠢᠯᠠᠬᠤ 120 ᠤᠳᠠᠰᠤ
ᠨᠡᠶ᠋ᠢᠲᠡᠯᠡᠭᠰᠡᠨ ᠴᠠᠭ᠄ 2015-01-30

      ᠠ᠋ᠮᠴᠢᠯᠡᠭᠡ ᠵᠢᠨ ᠪᠠᠴᠢᠮ ᠠᠪᠤᠷᠠᠯᠳᠠ ᠵᠢᠨ ᠥᠢ᠍ᠯᠡᠴᠢᠯᠡᠭᠡ ᠠᠪᠬᠤ ᠴᠢᠬᠤᠯᠠ᠎ᠲᠠᠢ ᠥᠶ᠎ᠡ᠎ᠳᠤ 120 ᠠ᠋ᠮᠴᠢᠯᠡᠭᠡ   ᠵᠢᠨ ᠪᠠᠴᠢᠮ ᠠᠪᠤᠷᠠᠯᠳᠠ ᠵᠢᠨ 120 ᠤᠳᠠᠰᠤ ᠵᠢ   ᠤᠳᠠᠰᠤᠳᠠᠭ᠋ᠠᠷᠠᠢ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     O ᠤᠳᠠᠰᠤ ᠨᠡᠪᠳᠡᠷᠡᠭᠰᠡᠨ᠎ᠤ ᠲᠠᠷᠠᠭ᠎ᠠ ᠡᠪᠡᠳᠴᠢᠳᠡᠨ᠎ᠤ ᠤᠷᠤᠨ ᠪᠠᠢ᠍ᠢ᠍ᠷᠢ᠂ ᠨᠠᠰᠤ ᠵᠢᠯ᠂ ᠬᠥᠢ᠍ᠰᠤ ᠢᠯᠭ᠋ᠠᠯ   ᠪᠤᠯᠤᠨ ᠡᠪᠡᠳᠴᠢᠨ᠎ᠤ ᠪᠠᠢ᠍ᠢ᠍ᠳᠠᠯ᠎ᠢ ᠲᠤᠳᠤᠷᠬᠠᠢ ᠭᠡᠯᠡᠵᠤ ᠥᠭᠬᠥ ᠭᠡᠷᠡᠭᠳᠡᠢ᠂ ᠭᠡᠷᠪᠡ ᠤᠷᠤᠨ ᠪᠠᠢ᠍ᠢ᠍ᠷᠢ ᠵᠢ᠎ᠨᠢ ᠲᠤᠳᠤᠷᠬᠠᠢ   ᠮᠡᠳᠡᠬᠥ ᠥᠭᠡᠢ ᠪᠤᠯ ᠶᠡᠭᠡ ᠲᠥᠯᠥᠪ ᠵᠥᠭ ᠴᠢᠭᠯᠡᠯ᠎ᠢ᠎ᠨᠢ ᠲᠤᠳᠤᠷᠬᠠᠢ᠍ᠢ᠍ᠯᠠᠵᠤ᠂ ᠠᠯᠢ ᠶᠡᠭᠡ ᠵᠡᠭᠡᠯᠢ᠂ ᠶᠠᠮᠠᠷ ᠴᠢᠭᠯᠡᠯ᠂ ᠶᠠᠮᠠᠷ   ᠪᠠᠷᠢᠯᠭ᠎ᠠ ᠵᠢᠨ ᠤᠢ᠍ᠢ᠍ᠷᠠᠯᠴᠠᠭ᠎ᠠ ᠪᠠᠢ᠍ᠢ᠍ᠬᠤ ᠵᠡᠷᠭᠡ ᠵᠢ ᠭᠡᠯᠡᠵᠤ ᠥᠭᠬᠥ ᠭᠡᠷᠡᠭᠳᠡᠢ᠃        
     O ᠡᠪᠡᠳᠴᠢᠳᠡᠨ᠎ᠤ ᠡᠪᠡᠳᠴᠢᠨ᠎ᠤ ᠨᠡᠢ᠍ᠢ᠍ᠳᠡᠯᠢᠭ ᠢᠯᠡᠷᠡᠯ ᠪᠠᠢ᠍ᠢ᠍ᠳᠠᠯ᠎ᠢ ᠴᠢᠳᠠᠬᠤ ᠵᠢᠨ ᠲᠤᠳᠤᠷ᠎ᠠ ᠲᠤᠳᠤᠷᠬᠠᠢ   ᠭᠡᠯᠡᠵᠤ ᠥᠭᠬᠥ ᠭᠡᠷᠡᠭᠳᠡᠢ᠂ ᠵᠢᠱ᠌ᠢᠶᠡᠯᠡᠪᠡᠯ ᠴᠡᠭᠡᠵᠢᠨ ᠪᠡᠶ᠎ᠡ᠎ᠨᠢ ᠡᠪᠡᠳᠴᠤ ᠪᠠᠢ᠍ᠢ᠍ᠬᠤ᠂ ᠤᠬᠠᠭ᠋ᠠᠨ ᠠᠯᠳᠠᠭᠰᠠᠨ᠂ ᠴᠢᠰᠤ᠎ᠪᠠᠷ   ᠪᠥᠭᠡᠯᠵᠢᠭᠰᠡᠨ᠂ ᠵᠤᠭᠰᠤᠯ ᠥᠭᠡᠢ ᠪᠥᠭᠡᠯᠵᠢᠵᠤ ᠪᠠᠢ᠍ᠢ᠍ᠭ᠎ᠠ᠂ ᠠᠮᠢᠰᠬᠤᠯ᠎ᠨᠢ ᠬᠥᠴᠢᠷᠳᠡᠭᠰᠡᠨ ᠵᠡᠷᠭᠡ᠃               O ᠡᠪᠡᠳᠴᠢᠳᠡᠨ᠎ᠤ ᠪᠠᠢ᠍ᠢ᠍ᠳᠠᠯ ᠪᠤᠶᠤ ᠰᠢᠷᠬᠠᠳᠤᠭᠰᠠᠨ ᠴᠠᠭ ᠬᠤᠭᠤᠴᠠᠭ᠎ᠠ ᠵᠢ᠎ᠨᠢ ᠴᠢᠳᠠᠬᠤ ᠵᠢᠨ ᠲᠤᠳᠤᠷ᠎ᠠ   ᠲᠤᠳᠤᠷᠬᠠᠢ ᠭᠡᠯᠡᠵᠤ ᠥᠭᠬᠥ ᠭᠡᠷᠡᠭᠳᠡᠢ᠃ ᠭᠡᠷᠪᠡ ᠰᠠᠨᠠᠭ᠋ᠠᠨ᠎ᠳᠤ ᠥᠭᠡᠢ᠎ᠪᠠᠷ ᠰᠢᠷᠬᠠᠳᠤᠵᠤ ᠭᠡᠮᠳᠥᠭᠰᠡᠨ ᠪᠤᠯ   ᠰᠢᠷᠬᠠᠳᠤᠭᠰᠠᠨ ᠰᠢᠨᠵᠢ ᠴᠢᠨᠠᠷ᠎ᠢ ᠲᠤᠳᠤᠷᠬᠠᠢ᠍ᠢ᠍ᠯᠠᠬᠤ ᠭᠡᠷᠡᠭᠳᠡᠢ᠃ ᠵᠢᠱ᠌ᠢᠶᠡᠯᠡᠪᠡᠯ ᠴᠠᠬᠢᠯᠭ᠋ᠠᠨ᠎ᠳᠤ ᠴᠤᠬᠢᠭᠳᠠᠭᠰᠠᠨ᠂   ᠲᠡᠯᠪᠡᠷᠡᠯᠳᠡ᠎ᠳᠤ ᠤᠴᠠᠷᠠᠭᠰᠠᠨ᠂ ᠨᠤᠷᠠᠯᠳᠠ᠎ᠳᠤ ᠤᠴᠠᠷᠠᠭᠰᠠᠨ᠂ ᠤᠰᠤᠨ᠎ᠳᠤ ᠴᠠᠴᠠᠭᠰᠠᠨ᠂ ᠭᠠᠯ ᠲᠥᠢ᠍ᠮᠡᠷ᠎ᠤᠨ ᠠᠶᠤᠯ᠂ ᠬᠤᠤᠷᠠᠳᠤᠭᠳᠠᠭᠰᠠᠨ᠂ ᠵᠠᠮ ᠬᠠᠷᠢᠯᠴᠠᠭ᠋ᠠᠨ᠎ᠤ ᠡ᠊ᠨᠳᠡᠯ ᠵᠡᠷᠭᠡ ᠵᠢ ᠲᠤᠳᠤᠷᠬᠠᠢ ᠭᠡᠯᠡᠵᠤ ᠥᠭᠬᠥ ᠵᠢᠨ ᠬᠠᠮᠳᠤ   ᠰᠢᠷᠬᠠᠳᠤᠭᠰᠠᠨ ᠬᠥᠮᠥᠰ᠎ᠤᠨ ᠰᠢᠷᠬ᠎ᠠ ᠵᠢᠨ ᠤᠷᠤᠨ ᠪᠠᠢ᠍ᠢ᠍ᠷᠢ ᠪᠠ ᠪᠠᠢ᠍ᠢ᠍ᠳᠠᠯ᠎ᠢ ᠮᠡᠳᠡᠬᠥᠯᠬᠥ ᠭᠡᠷᠡᠭᠳᠡᠢ᠃        
     O ᠥᠪᠡᠷ᠎ᠤᠨ ᠲᠤᠰ ᠪᠡᠶ᠎ᠡ ᠵᠢᠨ ᠤᠨᠴᠠᠭ᠋ᠠᠢ ᠱᠠᠭ᠋ᠠᠷᠳᠠᠯᠭ᠎ᠠ᠎ᠪᠠᠨ ᠴᠢᠳᠠᠬᠤ ᠵᠢᠨ ᠲᠤᠳᠤᠷ᠎ᠠ ᠲᠤᠳᠤᠷᠬᠠᠢ ᠭᠡᠯᠡᠵᠤ  ᠂ ᠪᠠᠴᠢᠮ ᠠᠪᠤᠷᠠᠯᠳᠠ ᠵᠢᠨ ᠲᠡᠷᠭᠡ ᠬᠥᠷᠴᠤ ᠢᠷᠡᠬᠥ ᠴᠠᠭ᠎ᠢ ᠤᠢ᠍ᠢ᠍ᠯᠠᠭ᠋ᠠᠵᠤ᠂ ᠲᠡᠷᠡᠭᠡ ᠲᠤᠰᠬᠤ᠎ᠪᠠᠷ ᠪᠡᠯᠡᠳᠭᠡᠬᠥ ᠭᠡᠷᠡᠭᠳᠡᠢ᠃        
    & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ 120 ᠤᠳᠠᠰᠤ ᠪᠤᠯ ᠰᠥᠢ᠍ᠳᠭᠡᠯ ᠠᠪᠳᠠᠭ ᠥᠭᠡᠢ᠂ ᠮᠥᠨᠭᠬᠥᠨ ᠵᠤᠭᠤᠰ ᠤᠷᠬᠢᠬᠤ᠂ ᠰᠤᠷᠤᠨᠵᠢᠨ ᠺᠠᠷᠲ   ᠭᠡᠷᠡᠭᠯᠡᠬᠥ ᠵᠡᠷᠭᠡ ᠠᠷᠭ᠎ᠠ᠎ᠪᠠᠷ ᠨᠡᠢ᠍ᠢ᠍ᠳᠡ ᠵᠢᠨ ᠭᠡᠷᠡᠭᠯᠡᠭᠡᠨ᠎ᠤ ᠤᠳᠠᠰᠤ᠎ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃       ◇ ᠭᠡᠷᠪᠡ ᠡᠪᠡᠳᠴᠢᠳᠡᠨ᠎ᠤ ᠲᠡᠥᠭᠡ ᠵᠢ ᠤᠢ᠍ᠢ᠍ᠯᠠᠭ᠋ᠠᠳᠠᠭ ᠪᠤᠯ ᠪᠠᠴᠢᠮ ᠠᠪᠤᠷᠠᠯᠳᠠ ᠵᠢᠨ ᠥᠢ᠍ᠯᠡᠴᠢᠯᠡᠭᠡ   ᠲᠠᠭᠤᠳᠠᠬᠤ ᠥᠶ᠎ᠡ᠎ᠳᠤ ᠪᠠᠴᠢᠮ ᠠᠪᠤᠷᠠᠯᠳᠠ ᠵᠢᠨ ᠠᠵᠢᠯᠳᠠᠨ᠎ᠳᠤ ᠯᠠᠪᠯᠠᠯᠳᠠ ᠬᠠᠨᠭ᠌ᠭ᠋ᠠᠵᠤ ᠥᠭᠬᠥ ᠭᠡᠷᠡᠭᠳᠡᠢ᠃


ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ