ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠰᠢᠷᠥᠬᠥᠨ ᠪᠤᠷᠤᠭ᠋ᠠᠨ᠎ᠤ ᠲᠤᠬᠠᠢ ᠦᠢ᠍ᠯᠠᠭ᠋ᠠᠯᠳᠠ
ᠨᠡᠶ᠋ᠢᠲᠡᠯᠡᠭᠰᠡᠨ ᠴᠠᠭ᠄ 2015-01-30

      24 ᠴᠠᠭ᠎ᠤᠨ ᠲᠤᠳᠤᠷᠠᠬᠢ ᠪᠤᠷᠤᠭ᠋ᠠᠨ᠎ᠤ ᠤᠰᠤᠨ᠎ᠤ ᠭᠡᠮᠵᠢᠶ᠎ᠡ᠎ᠨᠢ 50 ᠮᠢᠯᠢᠮᠸᠲᠷ᠎ᠠᠴᠠ ᠶᠡᠭᠡ ᠪᠤᠶᠤ   ᠲᠡᠨᠭᠴᠡᠬᠥᠥ ᠪᠠᠢ᠍ᠢ᠍ᠵᠤ᠂ 100 ᠮᠢᠯᠢᠮᠸᠲᠷ᠎ᠠᠴᠠ ᠪᠠᠭ᠎ᠠ ᠪᠠᠢ᠍ᠢ᠍ᠬᠤ ᠵᠢ ᠰᠢᠷᠥᠬᠥᠨ ᠪᠤᠷᠤᠭ᠋ᠠᠨ ᠭᠡᠳᠡᠭ᠃ 100 ᠮᠢᠯᠢᠮᠸᠲᠷ  ᠎ᠠᠴᠠ ᠶᠡᠭᠡ ᠪᠤᠶᠤ ᠲᠡᠨᠭᠴᠡᠬᠥᠥ ᠪᠠᠢ᠍ᠢ᠍ᠵᠤ᠂ 250 ᠮᠢᠯᠢᠮᠸᠲᠷ᠎ᠠᠴᠠ ᠪᠠᠭ᠎ᠠ ᠪᠠᠢ᠍ᠢ᠍ᠬᠤ ᠵᠢ ᠶᠡᠭᠡ ᠰᠢᠷᠥᠬᠥᠨ ᠪᠤᠷᠤᠭ᠋ᠠᠨ   ᠭᠡᠳᠡᠭ᠃ 250 ᠮᠢᠯᠢᠮᠸᠲᠷ᠎ᠠᠴᠠ ᠶᠡᠭᠡ ᠪᠤᠶᠤ ᠲᠡᠨᠭᠴᠡᠬᠥᠥ ᠪᠠᠢ᠍ᠢ᠍ᠬᠤ ᠵᠢ ᠤᠨᠴᠠ ᠶᠡᠭᠡ ᠰᠢᠷᠥᠬᠥᠨ ᠪᠤᠷᠤᠭ᠋ᠠᠨ ᠭᠡᠳᠡᠭ᠃          
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠭᠡᠷ᠎ᠤᠨ ᠭᠠᠳᠠᠨᠠᠬᠢ ᠨᠠᠮ ᠲᠤᠤᠷ᠎ᠠ ᠭᠠᠵᠠᠷ᠎ᠲᠠᠬᠢ ᠠᠶᠤᠯᠳᠠᠢ ᠪᠠᠢ᠍ᠢ᠍ᠬᠤ ᠴᠠᠬᠢᠯᠭ᠋ᠠᠨ ᠤᠳᠠᠰᠤ ᠵᠢ ᠲᠠᠰᠤᠯᠵᠤ᠂   ᠭᠡᠷ᠎ᠤᠨ ᠭᠠᠳᠠᠨᠠᠬᠢ ᠠᠵᠢᠯᠯᠠᠭ᠎ᠠ ᠵᠢ ᠲᠥᠷ ᠵᠤᠭᠰᠤᠭ᠋ᠠᠵᠤ᠂ ᠠᠶᠤᠯᠳᠠᠢ ᠭᠠᠵᠠᠷ᠎ᠤᠨ ᠬᠥᠮᠥᠰ ᠬᠢᠭᠡᠳ ᠠᠶᠤᠯᠳᠠᠢ ᠭᠡᠷ   ᠪᠠᠷᠢᠯᠭ᠎ᠠ᠎ᠳᠠᠬᠢ ᠰᠠᠭᠤᠭ᠋ᠠᠯᠢ ᠠᠷᠠᠳ᠎ᠢ ᠠᠮᠤᠷ ᠲᠥᠪᠰᠢᠨ ᠭᠠᠵᠠᠷ ᠲᠠᠯᠠᠪᠢ᠎ᠳᠤ ᠰᠢᠯᠵᠢᠬᠥᠯᠥᠨ ᠪᠤᠷᠤᠭ᠋ᠠᠨ᠎ᠠᠴᠠ   ᠲᠠᠯᠳᠠᠯᠠᠬᠤ ᠭᠡᠷᠡᠭᠳᠡᠢ᠃        
     ○ ᠠᠶᠤᠯᠳᠠᠢ ᠭᠠᠵᠠᠷ ᠤᠷᠤᠨ᠎ᠳᠠᠬᠢ ᠰᠤᠷᠭ᠋ᠠᠭᠤᠯᠢ ᠪᠤᠯᠤᠨ ᠨᠢᠭᠡᠴᠡ᠎ᠨᠦᠭᠦᠳ ᠬᠢᠴᠢᠶᠡᠯᠯᠡᠬᠥ ᠪᠠ ᠠᠵᠢᠯᠯᠠᠬᠤ  ᠎ᠪᠠᠨ ᠵᠤᠭᠰᠤᠭ᠋ᠠᠵᠤ᠂ ᠨᠢᠭᠡᠨᠳᠡ ᠰᠤᠷᠭ᠋ᠠᠭᠤᠯᠢ ᠪᠤᠯᠤᠨ ᠭᠡᠥᠭᠡᠳ᠎ᠤᠨ ᠴᠡᠴᠡᠷᠯᠢᠭ᠎ᠲᠡᠭᠡᠨ ᠤᠴᠢᠭᠰᠠᠨ ᠰᠤᠷᠤᠭᠴᠢ ᠪᠤᠶᠤ   ᠠᠵᠢᠯ᠎ᠳᠠᠭᠠᠨ ᠭᠠᠷᠤᠭᠰᠠᠨ ᠪᠤᠰᠤᠳ ᠬᠥᠮᠥᠰ᠎ᠤᠨ ᠠᠮᠤᠷ ᠲᠥᠪᠰᠢᠨ᠎ᠢ ᠲᠤᠰᠬᠠᠢ ᠠᠷᠭ᠎ᠠ ᠭᠡᠮᠵᠢᠶ᠎ᠡ ᠠᠪᠴᠤ   ᠬᠠᠮᠠᠭ᠋ᠠᠯᠠᠨ᠎ᠠ᠃        
     ○ ᠵᠠᠮ ᠬᠠᠷᠢᠯᠴᠠᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠥᠴᠢᠷ᠎ᠤᠳ ᠵᠠᠮ᠎ᠤᠨ ᠪᠠᠢ᠍ᠢ᠍ᠳᠠᠯ ᠵᠢᠡᠨ   ᠥᠨᠳᠥᠰᠥᠯᠡᠵᠤ᠂ ᠰᠢᠷᠥᠬᠥᠨ ᠪᠤᠷᠤᠭ᠋ᠠᠨ ᠤᠷᠤᠵᠤ ᠪᠠᠢ᠍ᠢ᠍ᠭ᠎ᠠ ᠵᠠᠮ᠎ᠤᠨ ᠭᠡᠰᠡᠭ᠎ᠲᠤ ᠵᠠᠮ ᠬᠠᠷᠢᠯᠴᠠᠭ᠋ᠠᠨ᠎ᠤ ᠵᠠᠬᠢᠷᠤᠨ   ᠬᠠᠮᠢᠶᠠᠷᠬᠤ ᠠᠷᠭ᠎ᠠ ᠭᠡᠮᠵᠢᠶ᠎ᠡ ᠵᠢ ᠠᠪᠴᠤ᠂ ᠤᠰᠤ ᠲᠤᠨᠤᠵᠤ ᠬᠤᠷᠠᠭᠰᠠᠨ ᠵᠠᠮ᠎ᠤᠨ ᠭᠡᠰᠡᠭ᠎ᠲᠠᠬᠢ ᠵᠠᠮ ᠬᠠᠷᠢᠯᠴᠠᠭ᠎ᠠ ᠵᠢ   ᠵᠢᠯᠤᠭᠤᠳᠤᠨ   ᠲᠠᠭ᠋ᠠᠭᠤᠯᠠᠨ᠎ᠠ  ᠃        
    & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠵᠠᠰᠠᠭ᠎ᠤᠨ ᠤᠷᠳᠤᠨ ᠬᠢᠭᠡᠳ ᠬᠤᠯᠪᠤᠭᠳᠠᠯ ᠪᠥᠬᠥᠢ ᠰᠠᠯᠠᠭ᠎ᠠ ᠮᠥᠴᠢᠷ᠎ᠤᠳ ᠠ᠋ᠬᠥᠷᠭᠡ ᠬᠠᠷᠢᠭᠤᠴᠠᠯᠭ᠎ᠠ᠎ᠪᠠᠷ   ᠵᠢᠡᠨ ᠰᠢᠷᠥᠬᠥᠨ ᠪᠤᠷᠤᠭ᠋ᠠᠨ᠎ᠠᠴᠠ ᠪᠠᠴᠢᠮ ᠠᠷᠭ᠋ᠠᠴᠠᠭ᠋ᠠᠬᠤ ᠪᠠ ᠠᠶᠤᠯ᠎ᠠᠴᠠ ᠠᠪᠤᠷᠠᠬᠤ ᠠᠵᠢᠯ ᠵᠢᠡᠨ ᠰᠠᠢ᠍ᠢ᠍ᠳᠤᠷ   ᠬᠢᠨ᠎ᠠ  ᠃        
     ◇ ᠬᠤᠳᠠ᠂ ᠲᠡᠷᠢᠶᠠᠨ ᠭᠠᠵᠠᠷ᠂ ᠵᠢᠭ᠋ᠠᠰᠤᠨ ᠲᠠᠯᠠᠪᠠᠢ ᠵᠢᠨ ᠤᠰᠤ ᠵᠠᠯᠠᠬᠤ ᠰᠢᠰᠲᠸᠮ᠎ᠢ ᠪᠠᠢ᠍ᠢ᠍ᠴᠠᠭ᠋ᠠᠵᠤ᠂   ᠤᠰᠤᠳᠤᠯ᠎ᠢ ᠵᠠᠯᠠᠬᠤ ᠴᠢᠬᠤᠯᠠ ᠪᠥᠬᠥᠢ ᠠᠷᠭ᠎ᠠ ᠭᠡᠮᠵᠢᠶ᠎ᠡ᠎ᠨᠦᠭᠦᠳ᠎ᠢ   ᠠᠪᠴᠤ ᠪᠤᠯᠤᠨ᠎ᠠ᠃        
     ◇ ᠠ᠋ᠬᠥᠰᠴᠤ ᠮᠡᠳᠡᠬᠥ ᠠᠭᠤᠯᠠᠨ ᠥᠶᠡᠷ᠂ ᠠᠭᠤᠯᠨ ᠶᠡᠬᠥᠷᠡᠬᠥ᠂ ᠰᠢᠪᠡᠷ ᠴᠢᠯᠠᠭᠤᠨ᠎ᠤ ᠤᠷᠤᠰᠬᠠᠯ ᠵᠡᠷᠭᠡ ᠭᠠᠮᠰᠢᠬ  ᠎ᠢ ᠠᠨᠭ᠌ᠬᠠᠷᠤᠨ   ᠰᠡᠷᠭᠡᠢ᠌ᠯᠡᠨ᠎ᠡ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ