ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠥᠶᠡᠷ᠎ᠤᠨ ᠲᠤᠬᠠᠢ
ᠨᠡᠶ᠋ᠢᠲᠡᠯᠡᠭᠰᠡᠨ ᠴᠠᠭ᠄ 2015-01-30

      ᠥᠶᠡᠷ ᠭᠡᠳᠡᠭ ᠪᠤᠯ ᠨᠢᠭᠡ ᠵᠥᠢ᠍ᠯ᠎ᠤᠨ ᠪᠠᠢ᠍ᠢ᠍ᠭ᠋ᠠᠯᠢ ᠵᠢᠨ ᠥᠵᠡᠭᠳᠡᠯ ᠮᠥᠨ᠂ ᠰᠢᠷᠥᠬᠥᠨ ᠪᠤᠷᠤᠭ᠋ᠠᠨ᠎ᠤ ᠤᠰᠤ   ᠥᠶᠡᠷᠯᠡᠬᠥ ᠪᠤᠯ ᠬᠠᠮᠤᠭ ᠠᠷᠪᠢᠨ ᠲᠤᠬᠢᠶᠠᠯᠳᠤᠳᠠᠭ ᠮᠥᠷᠳᠡᠭᠡᠨ ᠠᠶᠤᠯ ᠵᠢᠡᠷ ᠬᠠᠮᠤᠭ ᠶᠡᠭᠡ ᠪᠠᠢ᠍ᠢ᠍ᠳᠠᠭ᠃ ᠨᠢᠭᠡ ᠤᠳᠠᠭ᠋ᠠᠨ  ᠎ᠤ ᠰᠢᠷᠥᠬᠥᠨ ᠪᠤᠷᠤᠭ᠋ᠠᠨ ᠪᠤᠶᠤ ᠤᠰᠤᠨ ᠴᠥᠬᠥᠷᠥᠮ ᠰᠡᠳᠡᠷᠡᠬᠥ᠂ ᠤᠰᠤᠨ ᠬᠠᠰᠢᠯᠠᠭ᠎ᠠ ᠶᠡᠬᠥᠷᠡᠬᠥ ᠵᠡᠷᠭᠡ᠎ᠨᠢ ᠴᠥᠮ   ᠰᠢᠷᠥᠬᠥᠨ ᠥᠶᠡᠷ ᠪᠤᠯᠳᠠᠭ᠂ ᠠ᠋ᠢ᠍ᠢ᠍ᠮᠥᠷᠬᠥ ᠥᠶᠡᠷ᠎ᠤᠨ ᠤᠰᠤᠨ᠎ᠤ ᠤᠷᠤᠰᠬᠠᠯ᠎ᠨᠢ ᠲᠥᠷᠭᠡᠨ᠂ ᠤᠰᠤᠨ᠎ᠤ ᠭᠡᠮᠵᠢᠶ᠎ᠡ᠎ᠨᠢ   ᠶᠡᠭᠡ᠂ ᠲᠠᠭ᠋ᠠᠷᠢᠬᠤ ᠬᠥᠴᠥᠨ ᠵᠢᠡᠷ ᠲᠤᠯᠬᠢᠨ᠂ ᠡᠪᠳᠡᠯᠡᠬᠥ ᠴᠢᠨᠠᠷ ᠵᠢᠡᠷ ᠰᠥᠷᠡᠭᠡᠢ ᠪᠠᠢ᠍ᠢ᠍ᠵᠤ᠂ ᠥᠶᠡᠷ ᠥᠨᠭᠭᠡᠷᠡᠭᠰᠡᠨ ᠭᠠᠵᠠᠷ   ᠵᠢᠡᠷ ᠭᠡᠷ ᠪᠠᠢ᠍ᠢ᠍ᠰᠢᠩ ᠨᠤᠷᠠᠵᠤ᠂ ᠵᠠᠮ ᠬᠠᠷᠢᠯᠴᠠᠭ᠎ᠠ᠂ ᠴᠢᠮᠡᠭᠡ ᠨᠡᠪᠳᠡᠷᠡᠯᠭᠡ ᠬᠢᠭᠡᠳ ᠴᠠᠬᠢᠯᠭ᠋ᠠᠨ ᠬᠥᠴᠥᠨ ᠲᠠᠰᠤᠷᠠᠵᠤ᠂   ᠠᠷᠠᠳ ᠲᠥᠮᠡᠨ᠎ᠤ ᠠᠮᠢ ᠨᠠᠰᠤ ᠪᠠ ᠠ᠋ᠳ᠋ ᠬᠥᠷᠥᠨᠭᠭᠡ᠎ᠳᠤ ᠯᠤᠳᠤ ᠶᠡᠭᠡ ᠬᠤᠬᠢᠷᠠᠯ ᠤᠴᠠᠷᠠᠭᠤᠯᠳᠠᠭ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠥᠶᠡᠷ᠎ᠤᠨ ᠭᠠᠮᠰᠢᠬ᠎ᠲᠤ ᠭᠡᠨᠡᠳᠳᠡ ᠲᠤᠯᠭ᠋ᠠᠷᠠᠭᠰᠠᠨ ᠥᠶ᠎ᠡ᠎ᠳᠤ ᠥᠨᠳᠥᠷ ᠭᠠᠵᠠᠷ᠂ ᠭᠡᠷ᠎ᠤᠨ ᠤᠷᠤᠢ ᠪᠤᠶᠤ   ᠲᠤᠮᠤ ᠮᠤᠳᠤ ᠵᠡᠷᠭᠡ ᠥᠨᠳᠥᠷᠭᠡᠨ ᠭᠠᠵᠠᠷ᠎ᠲᠤ ᠥᠳᠳᠡᠷ ᠲᠥᠷᠭᠡᠨ ᠵᠢᠡᠷ ᠰᠢᠯᠵᠢᠵᠤ᠂ ᠠᠷᠭ᠎ᠠ ᠰᠥᠪᠡᠭᠴᠢᠯᠡᠨ ᠠᠪᠤᠷᠠᠯᠳᠠ   ᠬᠥᠰᠡᠭᠰᠡᠨ ᠴᠢᠮᠡᠭᠡ ᠲᠤᠬᠢᠶ᠎ᠠ ᠥᠭᠴᠤ᠂ ᠠᠪᠤᠷᠠᠨ ᠲᠤᠰᠠᠯᠠᠬᠤ ᠵᠢ ᠬᠥᠯᠢᠶᠡᠬᠥ ᠭᠡᠷᠡᠭᠳᠡᠢ᠃      ○ ᠥᠶᠡᠷ᠎ᠤᠨ ᠰᠡᠷᠡᠮᠵᠢ ᠵᠢᠨ ᠲᠤᠬᠢᠶ᠎ᠠ ᠵᠢ ᠰᠤᠨᠤᠰᠤᠭᠰᠠᠨ ᠲᠠᠷᠤᠢ᠎ᠳᠠᠭᠠᠨ ᠲᠤᠬᠠᠢ ᠵᠢᠨ ᠭᠠᠵᠠᠷ᠎ᠤᠨ ᠵᠠᠰᠠᠭ  ᠎ᠤᠨ ᠤᠷᠳᠤᠨ᠎ᠤ ᠵᠤᠬᠢᠶᠠᠨ ᠪᠠᠢ᠍ᠢ᠍ᠭᠤᠯᠤᠭᠰᠠᠨ ᠰᠢᠯᠵᠢᠯᠳᠡ ᠵᠢᠨ ᠱᠤᠭᠤᠮ ᠵᠢᠡᠷ ᠤᠷᠢᠳᠠᠪᠡᠷ ᠬᠥᠮᠥᠨ ᠲᠠᠷᠠᠭ᠎ᠠ᠎ᠳᠤᠨᠢ ᠠ᠋ᠳ᠋   ᠬᠥᠷᠥᠨᠭᠭᠡ᠂ ᠤᠷᠢᠳᠠᠪᠡᠷ ᠨᠠᠰᠤᠳᠠᠢ᠍ᠢ᠍ᠴᠤᠳ ᠭᠡᠥᠭᠡᠳ ᠡᠪᠡᠳᠴᠢᠳᠡᠨ ᠵᠡᠮᠳᠡᠭᠴᠤᠳ ᠪᠥᠰᠡᠬᠥᠢ᠍ᠢ᠍ᠴᠤᠳ ᠲᠠᠷᠠᠭ᠎ᠠ᠎ᠳᠤᠨᠢ ᠢᠳᠡᠷ   ᠵᠠᠯᠠᠭᠤᠴᠤᠳ᠎ᠢ ᠰᠢᠯᠵᠢᠬᠥᠯᠬᠥ ᠭᠡᠷᠡᠭᠳᠡᠢ᠃        
     ○ ᠠᠭᠤᠯᠠᠨ ᠥᠶᠡᠷ᠎ᠲᠤ ᠲᠤᠯᠭ᠋ᠠᠷᠠᠵᠤ᠂ ᠤᠰᠤᠨ᠎ᠤ ᠬᠥᠨ᠎ᠢ ᠮᠡᠳᠡᠬᠥ ᠵᠢᠨ ᠠᠷᠭ᠎ᠠ ᠥᠭᠡᠢ ᠪᠠᠢ᠍ᠢ᠍ᠳᠠᠯ ᠲᠤᠤᠷ᠎ᠠ᠂   ᠭᠠᠳᠤᠯᠬᠤ ᠪᠤᠶᠤ ᠤᠰᠤᠨ᠎ᠳᠤ ᠤᠷᠤᠬᠤ ᠵᠢ ᠶᠠᠭ᠋ᠠᠷᠠᠵᠤ ᠪᠤᠯᠬᠤ ᠥᠭᠡᠢ᠂ ᠥᠨᠳᠥᠷ ᠭᠠᠵᠠᠷ᠎ᠲᠤ ᠬᠥᠯᠢᠶᠡᠵᠤ᠂ ᠥᠶᠡᠷ  ᠎ᠤᠨ ᠤᠰᠤ ᠲᠠᠳᠠᠭᠤᠷᠠᠭᠰᠠᠨ᠎ᠤ ᠰᠡᠬᠥᠯᠡᠷ ᠰᠠᠶᠢ ᠭᠠᠳᠤᠯᠬᠤ ᠭᠡᠷᠡᠭᠳᠡᠢ᠃        
     ○ ᠨᠠᠮ ᠲᠤᠤᠷ᠎ᠠ ᠭᠠᠵᠠᠷ ᠪᠤᠶᠤ ᠥᠶᠡᠷ᠎ᠤᠨ ᠤᠰᠤᠨ᠎ᠤ ᠰᠤᠪᠠᠭ᠎ᠲᠤ ᠠᠵᠢᠯᠯᠠᠭᠰᠠᠳ ᠥᠶᠡᠷ᠎ᠤᠨ ᠤᠰᠤᠨ᠎ᠤ   ᠲᠠᠭᠤ ᠵᠢ ᠰᠤᠨᠤᠰᠤᠮᠠᠭᠴᠠ᠎ᠪᠠᠨ ᠥᠳᠳᠡᠷ ᠲᠥᠷᠭᠡᠨ ᠵᠢᠡᠷ ᠥᠨᠳᠥᠷ ᠭᠠᠵᠠᠷ᠎ᠲᠤ   ᠰᠢᠯᠵᠢᠨ᠎ᠡ᠃                    ○ ᠥᠨᠳᠥᠷ ᠬᠥᠴᠥᠳᠡᠯᠳᠤ ᠴᠠᠬᠢᠯᠭ᠋ᠠᠨ ᠤᠳᠠᠰᠤᠨ᠎ᠤ ᠲᠡᠮᠥᠷ ᠵᠢᠶᠠᠰᠠ ᠬᠡᠯᠪᠡᠡᠢ᠍ᠢ᠍ᠵᠤ ᠤᠨᠠᠬᠤ᠂ ᠴᠠᠬᠢᠯᠭ᠋ᠠᠨ   ᠤᠳᠠᠰᠤ ᠤᠨᠵᠠᠢ᠍ᠢ᠍ᠵᠤ ᠭᠠᠵᠠᠷ ᠰᠢᠬᠥᠷᠡᠬᠥ ᠪᠤᠶᠤ ᠲᠠᠰᠤᠷᠠᠭᠰᠠᠨ ᠥᠶ᠎ᠡ᠎ᠳᠤ ᠬᠤᠯᠠ ᠵᠠᠢ᠍ᠢ᠍ᠯᠠᠵᠤ᠂ ᠴᠠᠬᠢᠯᠭ᠋ᠠᠨ᠎ᠳᠤ   ᠴᠤᠬᠢᠭᠳᠠᠬᠤ᠎ᠠᠴᠠ ᠰᠡᠷᠭᠡᠢ᠍ᠢ᠍ᠯᠡᠬᠥ  ᠎ᠨᠢ ᠵᠤᠬᠢᠰᠳᠠᠢ᠃        
    & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠥᠶᠡᠷ᠎ᠤᠨ ᠤᠰᠤ᠎ᠨᠢ 6 ~ 9 ᠳ᠋ᠤᠭᠡᠷ ᠰᠠᠷ᠎ᠠ ᠵᠢᠨ ᠬᠤᠭᠤᠷᠤᠨᠳᠤ ᠠᠷᠪᠢᠨ ᠠ᠋ᠬᠥᠰᠳᠡᠭ ᠲᠤᠯᠠ ᠲᠤᠬᠠᠢ   ᠵᠢᠨ ᠭᠠᠵᠠᠷ᠎ᠤᠨ ᠴᠠᠭ ᠠᠭᠤᠷ᠎ᠤᠨ ᠮᠡᠳᠡᠭᠡ ᠵᠢ ᠠᠨᠭ᠌ᠬᠠᠷᠤᠨ ᠰᠤᠨᠤᠰᠴᠤ᠂ ᠪᠤᠷᠤᠭ᠋ᠠᠨ ᠬᠤᠷ᠎ᠠ ᠵᠢᠨ ᠪᠠᠢ᠍ᠢ᠍ᠳᠠᠯ᠎ᠢ ᠴᠠᠭ   ᠲᠤᠬᠠᠢ᠎ᠳᠤᠨᠢ ᠤᠢ᠍ᠢ᠍ᠯᠠᠭ᠋ᠠᠵᠤ᠂ ᠰᠡᠷᠭᠡᠢ᠍ᠢ᠍ᠯᠡᠯᠳᠡ᠎ᠪᠠᠨ ᠰᠠᠢ᠍ᠢ᠍ᠳᠤᠷ ᠬᠢᠬᠥ ᠭᠡᠷᠡᠭᠳᠡᠢ᠃        
     ◇ ᠤᠰᠤᠨ᠎ᠤ ᠬᠥᠨ᠎ᠨᠢ 0.7 ᠮᠸᠲᠷ ᠪᠤᠯᠬᠤ ᠥᠶ᠎ᠡ᠎ᠳᠤ᠂ ᠬᠥᠮᠥᠨ ᠤᠰᠤᠨ ᠲᠤᠳᠤᠷ᠎ᠠ ᠠᠶᠠᠯᠠᠬᠤ᠎ᠳᠤ ᠲᠤᠩ   ᠬᠥᠴᠢᠷᠳᠡᠳᠡᠭ ᠲᠤᠯᠠ ᠠᠭᠤᠯᠠᠨ ᠥᠶᠡᠷ ᠲᠤᠯᠭ᠋ᠠᠷᠠᠭᠰᠠᠨ ᠥᠶ᠎ᠡ᠎ᠳᠤ ᠭᠤᠤᠯ ᠭᠠᠳᠤᠯᠵᠤ ᠪᠤᠯᠬᠤ ᠥᠭᠡᠢ᠃          ◇ ᠶᠡᠭᠡ ᠥᠶᠡᠷ ᠥᠨᠭᠭᠡᠷᠡᠭᠰᠡᠨ᠎ᠤ ᠲᠠᠷᠠᠭ᠎ᠠ ᠤᠤᠭᠤᠬᠤ ᠤᠰᠤᠨ᠎ᠤ᠎ᠪᠠᠨ ᠴᠢᠨᠠᠷ᠎ᠢ ᠪᠠᠢ᠍ᠢ᠍ᠴᠠᠭ᠋ᠠᠵᠤ᠂ ᠤᠤᠭᠤᠬᠤ   ᠤᠰᠤᠨ᠎ᠤ ᠴᠢᠨᠠᠷ᠎ᠨᠢ ᠬᠤᠪᠢᠷᠠᠯᠳᠠ᠎ᠲᠠᠢ ᠪᠤᠯᠤᠭᠰᠠᠨ ᠪᠤᠯ ᠤᠤᠭᠤᠵᠤ ᠪᠤᠯᠬᠤ ᠥᠭᠡᠢ᠃


ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ