ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠮᠥᠰᠤ ᠴᠠᠰᠤ᠎ᠲᠠᠢ ᠠᠭᠤᠷ ᠠᠮᠢᠰᠬᠤᠯ ᠭᠡᠳᠡᠭ᠎ᠢ ᠦᠢ᠍ᠯᠠᠭ᠋ᠠᠨ᠎ᠠ ᠤᠤ
ᠨᠡᠶ᠋ᠢᠲᠡᠯᠡᠭᠰᠡᠨ ᠴᠠᠭ᠄ 2015-01-30

      ᠮᠥᠰᠥ ᠴᠠᠰᠤ᠎ᠲᠠᠢ ᠠᠭᠤᠷ ᠠᠮᠢᠰᠬᠤᠯ᠎ᠳᠤ᠂ ᠵᠠᠮ ᠮᠥᠷ ᠲᠤᠳᠤ ᠬᠠᠷᠠᠭᠳᠠᠬᠤ ᠥᠭᠡᠢ᠂ ᠵᠠᠮ ᠨᠤᠢ᠍ᠢ᠍ᠳᠠᠨ   ᠬᠥᠯᠢᠭᠡᠷ ᠪᠠᠢ᠍ᠢ᠍ᠳᠠᠭ ᠪᠤᠯᠬᠤᠷ᠂ ᠵᠠᠮ ᠶᠠᠪᠤᠬᠤ᠎ᠳᠤ ᠠᠶᠤᠯᠳᠠᠢ ᠲᠠᠯᠳᠠ ᠭᠡᠮ᠎ᠤᠳ ᠤᠷᠤᠰᠢᠵᠤ᠂ ᠵᠠᠮ ᠬᠠᠷᠢᠯᠴᠠᠭ᠎ᠠ ᠵᠢᠨ ᠪᠠ   ᠤᠢ᠍ᠢ᠍ᠴᠢᠵᠤ ᠰᠢᠷᠬᠠᠳᠤᠬᠤ ᠵᠡᠷᠭᠡ ᠠ᠋ᠨᠳᠡᠯ ᠬᠢᠯᠪᠠᠷ ᠭᠠᠷᠳᠠᠭ᠃        
     ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ● ᠮᠠᠰᠢᠨᠳᠤ ᠪᠤᠰᠤ ᠲᠡᠷᠭᠡ ᠬᠥᠰᠭᠡ ᠵᠢᠨ ᠵᠢᠯᠤᠭᠤᠴᠢᠳ ᠲᠡᠷᠭᠡᠨ᠎ᠤ ᠬᠥᠷᠳᠥᠨ᠎ᠤ ᠭᠡᠢ᠎ᠪᠠᠨ ᠪᠠᠭ᠎ᠠ ᠰᠢᠬ   ᠲᠠᠯᠪᠢᠵᠤ᠂ ᠬᠥᠷᠳᠤ ᠬᠢᠭᠡᠳ ᠵᠠᠮ᠎ᠤᠨ ᠥᠷᠥᠯᠳᠡ ᠵᠢᠨ ᠬᠥᠴᠤ ᠵᠢ ᠨᠡᠮᠡᠭᠳᠡᠬᠥᠯᠬᠥ ᠭᠡᠷᠡᠭᠳᠡᠢ᠃        
     ● ᠮᠥᠰᠥ ᠴᠠᠰᠤ᠎ᠲᠠᠢ ᠠᠭᠤᠷ ᠠᠮᠢᠰᠬᠤᠯ᠎ᠲᠠᠢ ᠥᠶ᠎ᠡ᠎ᠳᠤ᠂ ᠲᠡᠷᠭᠡ ᠬᠥᠰᠭᠡ ᠵᠢᠯᠤᠭᠤᠳᠬᠤ᠎ᠳᠠᠭᠠᠨ ᠲᠡᠷᠭᠡᠨ  ᠎ᠤ ᠬᠤᠷᠳᠤᠴᠠ ᠵᠢ᠎ᠨᠢ ᠬᠠᠰᠤᠵᠤ ᠠᠯᠭᠤᠷ ᠶᠠᠪᠤᠭᠤᠯᠵᠤ᠂ ᠮᠤᠷᠤᠢ᠍ᠢ᠍ᠬᠤ᠎ᠳᠠᠭᠠᠨ ᠤᠭᠵᠢᠮ ᠠ᠋ᠷᠬᠢᠭ᠌ᠰᠡᠨ᠎ᠠᠴᠠ ᠪᠤᠯᠵᠤ   ᠬᠠᠵᠠᠭᠤ ᠲᠡᠰᠢ᠎ᠪᠠᠨ ᠭᠤᠯᠭᠤᠬᠤ᠎ᠠᠴᠠ ᠰᠡᠷᠭᠡᠢ᠍ᠢ᠍ᠯᠡᠵᠤ᠂ ᠲᠡᠷᠭᠡ ᠬᠥᠰᠭᠡ᠎ᠪᠠᠨ ᠭᠡᠳᠤ ᠤᠭᠵᠢᠮ ᠪᠥᠭᠡᠳ ᠭᠡᠳᠤ ᠲᠥᠷᠭᠡᠨ   ᠵᠤᠭᠰᠤᠭ᠋ᠠᠬᠤ᠎ᠠᠴᠠ   ᠬᠢᠴᠢᠶᠡᠨ᠎ᠡ᠃        
     ● ᠮᠥᠰᠤ ᠴᠠᠰᠤ᠎ᠲᠠᠢ ᠵᠠᠮ ᠵᠢᠡᠷ ᠲᠡᠷᠭᠡ ᠶᠠᠪᠤᠭᠤᠯᠬᠤ᠎ᠳᠠᠭᠠᠨ᠂ ᠭᠤᠯᠭᠤᠬᠤ᠎ᠠᠴᠠ ᠰᠡᠷᠭᠡᠢ᠍ᠢ᠍ᠯᠡᠬᠥ ᠬᠢᠨᠵᠢ   ᠤᠭᠰᠠᠷᠠᠭᠤᠯᠵᠤ᠂ ᠥᠨᠭᠭᠡᠳᠤ ᠰᠢᠯ ᠪᠤᠶᠤ ᠥᠨᠭᠭᠡ ᠬᠤᠪᠢᠷᠠᠬᠤ ᠰᠢᠯ   ᠵᠠᠭᠦᠭᠦᠨ᠎ᠠ᠃        
     ● ᠶᠠᠪᠠᠭ᠋ᠠᠨ ᠬᠥᠮᠥᠰ ᠬᠥᠬᠥᠷᠭᠡᠨ᠎ᠤ ᠲᠤᠤᠭᠤᠷ᠂ ᠭᠡᠷ ᠪᠠᠢ᠍ᠢ᠍ᠰᠢᠩ᠎ᠤᠨ ᠰᠠᠷᠠᠪᠴᠢᠨ ᠲᠤᠤᠭᠤᠷ ᠥᠨᠭᠭᠡᠷᠡᠬᠥ  ᠎ᠳᠡᠭᠡᠨ ᠬᠤᠷᠳᠤᠨ ᠥᠨᠭᠭᠡᠷᠡᠬᠥ ᠪᠤᠶᠤ ᠲᠤᠭᠤᠷᠢᠨ ᠭᠠᠷᠴᠤ᠂ ᠬᠥᠯᠳᠡᠵᠤ ᠨᠠᠭ᠋ᠠᠯᠳᠤᠭᠰᠠᠨ ᠮᠥᠰᠤ ᠬᠠᠢ᠍ᠢ᠍ᠯᠵᠤ ᠤᠨᠠᠭ᠋ᠠᠳ   ᠰᠢᠷᠬᠠᠳᠤᠭᠤᠯᠬᠤ᠎ᠠᠴᠠ   ᠰᠡᠷᠭᠡᠢ᠌ᠯᠡᠨ᠎ᠡ  ᠃        
     ● ᠵᠠᠮ ᠲᠡᠭᠡᠷ᠎ᠡ ᠴᠠᠰᠤ ᠬᠠᠢ᠍ᠢ᠍ᠯᠤᠭᠤᠯᠬᠤ ᠠ᠋ᠳ᠋ ᠰᠠᠴᠤᠵᠤ᠂ ᠴᠠᠰᠤ ᠬᠠᠢ᠍ᠢ᠍ᠯᠵᠤ ᠮᠥᠰᠥᠳᠥᠬᠥ᠎ᠠᠴᠠ ᠰᠡᠷᠭᠡᠢ᠍ᠢ᠍ᠯᠡᠬᠥ   ᠵᠢᠨ ᠬᠠᠮᠳᠤ᠂ ᠴᠠᠭ ᠲᠤᠬᠠᠢ᠎ᠳᠤᠨᠢ ᠴᠠᠰᠤ ᠵᠢ ᠱᠥᠬᠥᠷᠳᠡᠬᠥ ᠠᠵᠢᠯ ᠵᠢᠡᠨ ᠵᠤᠬᠢᠶᠠᠨ ᠪᠠᠢ᠍ᠢ᠍ᠭᠤᠯᠵᠤ   ᠬᠢᠨ᠎ᠠ᠃

     & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◆ ᠨᠠᠰᠤᠳᠠᠢ᠍ᠢ᠍ᠴᠤᠳ ᠪᠤᠯᠤᠨ ᠪᠡᠶ᠎ᠡ ᠪᠠᠭᠤᠷᠠᠢ ᠬᠥᠮᠥᠰ ᠭᠠᠳᠠᠭᠰᠢ ᠭᠠᠷᠬᠤ᠎ᠪᠠᠨ ᠴᠦᠬᠡᠳᠭᠡᠨ᠎ᠡ᠃        
     ◆50 ᠮᠸᠲᠷ᠎ᠤᠨ ᠲᠤᠳᠤᠷ᠎ᠠ ᠯᠠ ᠥᠵᠡᠭᠳᠡᠴᠡ᠎ᠲᠠᠢ ᠥᠶ᠎ᠡ᠎ᠳᠤ᠂ ᠮᠠᠰᠢᠨᠳᠤ ᠲᠡᠷᠭᠡᠨ᠎ᠤ ᠬᠠᠮᠤᠭ ᠥᠨᠳᠥᠷ   ᠬᠤᠷᠳᠤᠴᠠ᠎ᠪᠠᠨ ᠴᠠᠭ ᠪᠥᠷᠢ᠎ᠳᠤ 30 ᠺᠢᠯᠤᠮᠸᠲᠷ᠎ᠠᠴᠠ ᠲᠠᠪᠠᠭᠤᠯᠵᠤ ᠪᠤᠯᠬᠤ ᠥᠭᠡᠢ ᠪᠥᠭᠡᠳ ᠲᠡᠷᠭᠡ ᠬᠥᠰᠭᠡᠨ᠎ᠤ   ᠬᠤᠭᠤᠷᠤᠨᠳᠤᠬᠢ ᠵᠠᠢ᠎ᠪᠠᠨ   ᠪᠠᠳᠤᠯᠠᠨ᠎ᠠ᠃        
     ◆ ᠵᠠᠮ ᠬᠠᠷᠢᠯᠴᠠᠭ᠋ᠠᠨ᠎ᠤ ᠠ᠋ᠨᠳᠡᠯ ᠭᠠᠷᠤᠭᠰᠠᠨ᠎ᠤ ᠲᠠᠷᠠᠭ᠎ᠠ᠂ ᠠᠬᠤᠢ ᠲᠠᠯᠠᠪᠠᠢ ᠵᠢᠨ ᠠᠷᠤ ᠲᠠᠯ᠎ᠠ᠎ᠪᠠᠷ᠎ᠨᠢ ᠢᠯᠡ   ᠲᠤᠳᠤᠷᠬᠠᠢ ᠲᠡᠮᠳᠡᠭ ᠲᠠᠯᠪᠢᠵᠤ᠂ ᠲᠡᠬᠢᠨᠳᠠ ᠡ᠊ᠨᠳᠡᠯ ᠭᠠᠷᠬᠤ᠎ᠠᠴᠠ   ᠰᠡᠷᠭᠡᠢ᠌ᠯᠡᠨ᠎ᠡ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ