ᠰᠠᠯᠬᠢᠨ᠎ᠤ ᠬᠥᠴᠤᠨ᠎ᠢ 6 ᠲᠡᠰ (10.8 ᠮᠸᠲᠷ \ ᠰᠸᠺᠥᠢ᠍ᠨ᠋ᠳ᠋) ᠬᠥᠷᠬᠥ ᠪᠤᠶᠤ ᠭ᠋ᠱ᠌ᠠᠨ ᠵᠠᠭᠤᠷ᠎ᠠ ᠵᠢᠨ ᠬᠤᠭᠤᠷᠤᠨᠳᠤ ᠰᠠᠯᠬᠢᠨ᠎ᠤ ᠬᠥᠴᠤᠨ᠎ᠢ 17 ᠮᠸᠲᠷ \ ᠰᠸᠺᠥᠢ᠍ᠨ᠋ᠳ᠋ᠠᠴᠠ ᠲᠡᠭᠡᠭᠰᠢ᠎ᠳᠤ ᠬᠥᠷᠬᠥ ᠵᠢ ᠶᠡᠭᠡ ᠰᠠᠯᠬᠢᠨ ᠭᠡᠨ᠎ᠡ᠃ ᠶᠡᠭᠡ ᠰᠠᠯᠬᠢᠨ ᠪᠤᠯ ᠨᠢᠭᠡ ᠵᠥᠢ᠍ᠯ᠎ᠤᠨ ᠪᠠᠢ᠍ᠢ᠍ᠭ᠋ᠠᠯᠢ ᠵᠢᠨ ᠥᠵᠡᠭᠳᠡᠯ᠂ ᠲᠥᠷᠭᠡᠨ ᠬᠤᠷᠳᠤᠴᠠ᠎ᠪᠠᠷ ᠰᠢᠯᠵᠢᠵᠤ ᠪᠠᠢ᠍ᠢ᠍ᠭ᠎ᠠ ᠠᠭ᠋ᠠᠷ ᠪᠤᠯᠤᠨ᠎ᠠ᠃ ᠶᠡᠭᠡ ᠰᠠᠯᠬᠢᠨ᠎ᠤ ᠠ᠋ᠬᠥᠰᠥᠭᠰᠡᠨ ᠰᠢᠯᠳᠠᠭ᠋ᠠᠨ᠎ᠨᠢ ᠠᠳᠠᠯᠢ ᠪᠤᠰᠤ᠎ᠠᠴᠠ ᠪᠤᠯᠵᠤ᠂ ᠲᠡᠬᠥᠨᠢ ᠲᠠᠯᠠᠢ ᠵᠢᠨ ᠲᠠᠳᠠᠯᠳᠠ ᠵᠢᠨ ᠶᠡᠭᠡ ᠰᠠᠯᠬᠢᠨ᠂ ᠠᠶᠤᠨᠭ᠌ᠭ᠋ᠠᠳᠤ ᠪᠤᠷᠤᠭ᠋ᠠᠨ᠎ᠤ ᠶᠡᠭᠡ ᠰᠠᠯᠬᠢᠨ ᠬᠢᠭᠡᠳ ᠬᠤᠢ ᠰᠠᠯᠬᠢᠨ ᠭᠡᠵᠤ ᠬᠤᠪᠢᠶᠠᠵᠤ ᠪᠤᠯᠳᠠᠭ᠃
※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
○ ᠤᠰᠤᠨ᠎ᠳᠤ ᠠᠵᠢᠯᠯᠠᠭᠰᠠᠳ ᠪᠠ ᠨᠠᠰᠢ ᠴᠠᠰᠢ ᠵᠤᠷᠴᠢᠵᠤ ᠪᠠᠢ᠍ᠢ᠍ᠭ᠎ᠠ ᠤᠨᠭ᠌ᠭᠤᠴᠠᠨᠢ ᠠᠷᠭ᠋ᠠᠴᠠᠭ᠋ᠠᠬᠤ ᠠᠷᠭ᠎ᠠ ᠭᠡᠮᠵᠢᠶ᠎ᠡ ᠵᠢ ᠢᠳᠡᠪᠬᠢᠳᠡᠢ ᠠᠪᠴᠤ᠂ ᠭᠠᠷᠠᠮ᠎ᠤᠨ ᠪᠡᠯᠡᠳᠭᠡᠮᠵᠢ᠎ᠪᠠᠨ ᠪᠡᠬᠢᠯᠡᠵᠤ᠂ ᠤᠨᠭ᠌ᠭᠤᠴᠠ ᠵᠢᠨ ᠤᠷᠤᠰᠴᠤ ᠶᠠᠪᠤᠬᠤ᠂ ᠱᠥᠷᠬᠥᠬᠡᠬᠥ ᠪᠠ ᠮᠥᠷᠬᠥᠯᠳᠥᠬᠥᠠᠴᠠ ᠰᠡᠷᠭᠡᠢ᠌ᠯᠡᠨ᠎ᠡ᠃
○ ᠨᠢᠰᠭᠡᠯ᠎ᠤᠨ ᠪᠠᠭᠤᠳᠠᠯ᠂ ᠲᠡᠭᠡᠳᠤ ᠬᠤᠷᠳᠤᠴᠠᠳᠤ ᠵᠠᠮ ᠵᠡᠷᠭᠡ ᠵᠢᠨ ᠬᠠᠮᠢᠶᠠᠷᠤᠯᠳᠠ ᠵᠢᠨ ᠨᠢᠭᠡᠴᠡ᠎ᠨᠦᠭᠦᠳ ᠵᠠᠮ ᠬᠠᠷᠢᠯᠴᠠᠭ᠎ᠠ ᠵᠢᠨ ᠠᠮᠤᠷ ᠲᠥᠪᠰᠢᠨ᠎ᠢ ᠪᠠᠳᠤᠯᠠᠬᠤ ᠠᠷᠭ᠎ᠠ ᠭᠡᠮᠵᠢᠶ᠎ᠡ ᠠᠪᠴᠤ᠂ ᠬᠤᠯᠪᠤᠭᠳᠠᠯ ᠪᠥᠬᠥᠢ ᠰᠠᠯᠠᠭ᠎ᠠ ᠮᠥᠴᠢᠷ ᠪᠤᠯᠤᠨ ᠨᠢᠭᠡᠴᠡ᠎ᠨᠢ ᠤᠢ ᠰᠢᠭᠤᠢ᠂ ᠲᠠᠯ᠎ᠠ ᠨᠤᠳᠤᠭ ᠵᠡᠷᠭᠡ ᠭᠠᠵᠠᠷ ᠤᠷᠤᠨ᠎ᠳᠤ ᠭᠠᠯ ᠲᠥᠢ᠍ᠮᠡᠷ᠎ᠢ ᠠᠨᠭ᠌ᠬᠠᠷᠤᠨ ᠰᠡᠷᠭᠡᠢ᠌ᠯᠡᠵᠤ ᠪᠤᠯᠤᠨ᠎ᠠ᠃
○ ᠵᠠᠳᠠᠭ᠋ᠠᠢ ᠭᠠᠵᠠᠷ ᠲᠠᠯᠠᠪᠠᠢ᠎ᠳᠠᠬᠢ ᠬᠥᠳᠡᠯᠭᠡᠭᠡᠨ ᠪᠤᠯᠤᠨ ᠥᠨᠳᠥᠷ ᠲᠡᠭᠡᠷᠡᠬᠢ ᠵᠡᠷᠭᠡ ᠭᠡᠷ᠎ᠤᠨ ᠭᠠᠳᠠᠨᠠᠬᠢ ᠲᠥᠭᠰᠢᠬᠥᠷᠢᠳᠡᠢ ᠠᠵᠢᠯ᠎ᠢ ᠵᠤᠭᠰᠤᠭ᠋ᠠᠵᠤ᠂ ᠠᠶᠤᠯᠳᠠᠢ ᠭᠠᠵᠠᠷ᠎ᠤᠨ ᠬᠥᠮᠥᠰ ᠪᠤᠶᠤ ᠠᠶᠤᠯᠳᠠᠢ ᠭᠡᠷ ᠪᠠᠷᠢᠯᠭ᠎ᠠ ᠵᠢᠨ ᠰᠠᠭᠤᠭ᠋ᠠᠯᠢ ᠠᠷᠠᠳ᠎ᠢ ᠴᠢᠳᠠᠬᠤ ᠵᠢᠨ ᠲᠤᠳᠤᠷ᠎ᠠ ᠰᠠᠯᠬᠢ ᠬᠠᠯᠬᠠᠯᠠᠬᠤ ᠭᠠᠵᠠᠷ᠎ᠲᠤ ᠰᠢᠯᠵᠢᠬᠥᠯᠥᠨ ᠰᠠᠯᠬᠢᠨ᠎ᠠᠴᠠ ᠵᠠᠢ᠍ᠢ᠍ᠯᠠᠬᠤ ᠪᠤᠯᠪᠠᠤ᠃
○ ᠰᠠᠯᠬᠢ ᠬᠠᠯᠬᠠᠯᠠᠬᠤ ᠭᠠᠷᠠᠮ᠎ᠳᠤ ᠪᠤᠴᠠᠬᠰᠠᠨ ᠤᠨᠭ᠌ᠭᠤᠴᠠᠨᠤᠭᠤᠳ ᠤᠷᠴᠢᠨ ᠪᠠᠢ᠍ᠢ᠍ᠳᠠᠯ ᠵᠢᠡᠨ ᠥᠨᠳᠥᠰᠥᠯᠡᠨ ᠂ ᠢᠳᠡᠪᠬᠢᠳᠡᠢ ᠠᠷᠭ᠎ᠠ ᠭᠡᠮᠵᠢᠶ᠎ᠡ ᠠᠪᠴᠤ᠂ ᠬᠥᠮᠥᠰ᠎ᠢ ᠥᠯᠡᠳᠡᠨ ᠰᠠᠬᠢᠬᠤ ᠪᠤᠶᠤ ᠠᠮᠤᠷ ᠲᠥᠪᠰᠢᠨ ᠭᠠᠵᠠᠷ ᠤᠷᠤᠨ᠎ᠳᠤ ᠰᠢᠯᠵᠢᠬᠥ ᠵᠢ ᠵᠤᠬᠢᠮᠵᠢᠳᠠᠢ ᠲᠤᠬᠢᠷᠠᠭᠤᠯᠬᠤ ᠭᠡᠷᠡᠭᠳᠡᠢ᠃
& ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠬᠤᠯᠪᠤᠭᠳᠠᠯ ᠪᠥᠬᠥᠢ ᠰᠠᠯᠠᠭ᠎ᠠ ᠮᠥᠴᠢᠷ ᠪᠤᠯᠤᠨ ᠨᠢᠭᠡᠴᠡ᠎ᠨᠦᠭᠦᠳ ᠤᠢ ᠰᠢᠭᠤᠢ᠂ ᠲᠡᠯ᠎ᠠ ᠨᠤᠳᠤᠭ᠎ᠤᠨ ᠭᠠᠯ ᠲᠥᠢ᠍ᠮᠡᠷ᠎ᠠᠴᠠ ᠰᠡᠷᠭᠡᠢ᠍ᠢ᠍ᠯᠡᠬᠥ ᠠᠵᠢᠯ᠎ᠢ ᠰᠠᠢ᠍ᠢ᠍ᠳᠤᠷ ᠬᠢᠨ᠎ᠠ᠃
◇ ᠬᠥᠷᠢᠶ᠎ᠡ ᠬᠠᠰᠢᠶ᠎ᠠ᠂ ᠫᠸᠩ ᠬᠤᠷᠢᠶ᠎ᠠ᠂ ᠵᠠᠷ᠎ᠤᠨ ᠫᠠᠢ᠍ᠢ᠍ᠰᠠ ᠵᠡᠷᠭᠡ ᠰᠠᠯᠬᠢᠨ᠎ᠳᠤ ᠠᠮᠠᠷᠬᠠᠨ ᠥᠯᠢᠶᠡᠭᠳᠡᠨ ᠤᠨᠠᠬᠤ ᠪᠠᠷᠢᠯᠭ᠎ᠠ ᠵᠢ ᠪᠡᠬᠢᠯᠡᠬᠥᠪᠠᠨ ᠠᠩᠬᠠᠷᠤᠨ᠎ᠠ᠃
◇ ᠰᠠᠯᠬᠢᠯᠠᠵᠤ ᠪᠠᠢ᠍ᠢ᠍ᠭ᠎ᠠ ᠥᠶ᠎ᠡ᠎ᠳᠤ ᠵᠠᠷ᠎ᠤᠨ ᠫᠠᠢ᠍ᠢ᠍ᠰᠠ ᠪᠤᠶᠤ ᠲᠥᠷ ᠴᠠᠭ᠎ᠤᠨ ᠪᠠᠷᠢᠯᠭ᠎ᠠ ᠵᠢᠨ ᠲᠤᠤᠷ᠎ᠠ ᠲᠠᠯᠳᠠᠯᠠᠨ ᠬᠤᠷᠭᠤᠳᠠᠵᠤ ᠪᠤᠯᠬᠤ ᠥᠭᠡᠢ᠃
◇ ᠰᠠᠯᠬᠢ ᠬᠠᠯᠬᠠᠯᠠᠬᠤ ᠴᠢᠳᠠᠮᠵᠢ᠎ᠪᠠᠷ ᠠᠨᠠᠢ ᠭᠡᠷ ᠪᠠᠷᠢᠯᠭ᠎ᠠ᠎ᠲᠠᠢ ᠲᠤᠮᠳᠠᠳᠤ ᠪᠠᠭ᠎ᠠ ᠰᠤᠷᠭ᠋ᠠᠭᠤᠯᠢ ᠪᠤᠯᠤᠨ ᠨᠢᠭᠡᠴᠡ᠎ᠨᠦᠭᠦᠳ ᠬᠢᠴᠢᠶᠡᠯᠯᠡᠬᠥᠪᠠᠨ ᠵᠤᠭᠰᠤᠬᠤ ᠪᠤᠶᠤ ᠠᠵᠢᠯᠯᠠᠬᠤ᠎ᠪᠠᠨ ᠵᠤᠭᠰᠤᠨ᠎ᠠ᠃
◇ ᠬᠥᠮᠥᠰ ᠭᠠᠳᠠᠭᠰᠢ ᠭᠠᠷᠬᠤ᠎ᠪᠠᠨ ᠴᠦᠬᠡᠳᠭᠡᠨ᠎ᠡ᠃