ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠴᠠᠭᠳᠠᠭ᠎ᠠ᠎ᠳᠤ ᠭᠡᠷᠡᠭ ᠮᠡᠳᠡᠬᠥᠯᠬᠥ 110 ᠤᠳᠠᠰᠤ
ᠨᠡᠶ᠋ᠢᠲᠡᠯᠡᠭᠰᠡᠨ ᠴᠠᠭ᠄ 2015-01-30

      ᠠ᠋ᠷᠡᠬᠥᠥ ᠵᠢᠨ ᠭᠡᠷᠡᠭ᠂ ᠠᠮᠤᠷ ᠲᠥᠪᠰᠢᠨ᠎ᠤ ᠭᠡᠷᠡᠭ (ᠤᠴᠢᠷ) ᠵᠢᠴᠢ ᠤᠯᠠᠨ ᠨᠡᠢ᠍ᠢ᠍ᠳᠡ ᠵᠢᠨ ᠬᠢᠭᠡᠳ ᠬᠥᠮᠥᠨ  ᠎ᠤ ᠪᠡᠶ᠎ᠡ ᠮᠠᠬᠠᠪᠤᠳ ᠠ᠋ᠳ᠋ ᠬᠥᠷᠥᠨᠭᠭᠡ ᠵᠢᠨ ᠠᠮᠤᠷ ᠲᠥᠪᠰᠢᠨ᠎ᠢ ᠬᠤᠬᠢᠷᠠᠭᠤᠯᠤᠭᠰᠠᠨ᠂ ᠠᠵᠢᠯ ᠰᠤᠷᠤᠯᠴᠠᠯᠭ᠎ᠠ ᠬᠢᠭᠡᠳ   ᠠᠮᠢᠳᠤᠷᠠᠯ᠎ᠤᠨ ᠠ᠋ᠮᠬᠢ ᠲᠢᠭᠯᠢᠮ᠎ᠢ ᠨᠥᠯᠥᠭᠡᠯᠡᠭᠰᠡᠨ ᠭᠡᠷᠡᠭ (ᠤᠴᠢᠷ)᠎ᠢ ᠰᠡᠷᠡᠵᠤ ᠮᠡᠳᠡᠪᠡᠯ᠂ ᠲᠡᠷᠡ ᠲᠠᠷᠤᠢ᠎ᠳᠤᠨᠢ   ᠴᠠᠭᠳᠠᠭ᠎ᠠ᠎ᠳᠤ ᠭᠡᠷᠡᠭ ᠮᠡᠳᠡᠬᠥᠯᠬᠥ ᠪᠤᠯ ᠠᠷᠠᠳ ᠢᠷᠭᠡᠳ ᠨᠢᠭᠡᠪᠥᠷᠢ ᠵᠢᠨ ᠬᠥᠢ᠍ᠴᠡᠳᠭᠡᠪᠡᠰᠤ ᠵᠤᠬᠢᠬᠤ   ᠠ᠋ᠬᠥᠷᠭᠡ   ᠬᠠᠷᠢᠭᠤᠴᠠᠯᠭ᠎ᠠ ᠪᠤᠯᠤᠨ᠎ᠠ᠃      
    ※   ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠵᠤᠳᠤᠭ᠋ᠠᠨ ᠬᠢᠬᠥ᠂ ᠶᠠᠭᠤᠮ᠎ᠠ ᠬᠤᠯᠠᠭ᠋ᠠᠢ᠍ᠢ᠍ᠯᠠᠬᠤ᠂ ᠲᠤᠨᠤᠵᠤ ᠪᠤᠯᠢᠶᠠᠬᠤ᠂ ᠬᠥᠴᠥᠷᠭᠡᠭᠯᠡᠨ ᠪᠤᠵᠢᠷᠯᠠᠬᠤ᠂   ᠬᠥᠮᠥᠨ ᠠᠯᠠᠬᠤ ᠵᠡᠷᠭᠡ ᠠ᠋ᠷᠡᠬᠥᠥ ᠵᠢᠨ ᠭᠡᠷᠡᠭ᠂ ᠠᠮᠤᠷ ᠲᠥᠪᠰᠢᠨ᠎ᠤ ᠭᠡᠷᠡᠭ (ᠤᠴᠢᠷ)᠎ᠢ ᠰᠡᠷᠡᠵᠤ ᠮᠡᠳᠡᠪᠡᠯ ᠲᠡᠷᠡ   ᠲᠠᠷᠤᠢ᠎ᠳᠤᠨᠢ ᠴᠠᠭᠳᠠᠭ᠎ᠠ᠎ᠳᠤ ᠭᠡᠷᠡᠭ ᠮᠡᠳᠡᠬᠥᠯᠥᠨ᠎ᠡ᠃ ᠭᠡᠷᠪᠡ ᠪᠠᠢ᠍ᠢ᠍ᠳᠠᠯ ᠪᠠᠴᠢᠮ᠂ ᠲᠡᠷᠡ ᠲᠠᠷᠤᠢ᠎ᠳᠤᠨᠢ ᠴᠠᠭᠳᠠᠭ᠎ᠠ᠎ᠳᠤ   ᠭᠡᠷᠡᠭ ᠮᠡᠳᠡᠬᠥᠯᠬᠥ ᠵᠢᠨ ᠠᠷᠭ᠎ᠠ ᠥᠭᠡᠢ ᠪᠤᠯ ᠰᠡᠵᠢᠭᠳᠡᠨ᠎ᠢ ᠨᠤᠮᠤᠳᠬᠠᠭᠰᠠᠨ ᠪᠤᠶᠤ ᠠᠶᠤᠯᠳᠤ ᠪᠠᠢ᠍ᠢ᠍ᠳᠠᠯ᠎ᠠᠴᠠ   ᠮᠤᠯᠳᠤᠷᠠᠭᠰᠠᠨ᠎ᠤ ᠲᠠᠷᠠᠭ᠎ᠠ ᠥᠳᠳᠡᠷ ᠲᠥᠷᠭᠡᠨ ᠵᠢᠡᠷ ᠴᠠᠭᠳᠠᠭ᠎ᠠ᠎ᠳᠤ ᠭᠡᠷᠡᠭ ᠮᠡᠳᠡᠬᠥᠯᠬᠥ ᠭᠡᠷᠡᠭᠳᠡᠢ᠃        
     ○ ᠤᠰᠤᠨ᠎ᠳᠤ ᠤᠨᠠᠭᠰᠠᠨ᠂ ᠠᠰᠠᠷ ᠬᠠᠷᠠᠢ᠍ᠢ᠍ᠭᠰᠠᠨ᠂ ᠥᠪᠡᠷ᠎ᠢ᠎ᠪᠠᠨ ᠬᠤᠤᠷᠯᠠᠭᠰᠠᠨ᠂ ᠨᠠᠰᠤᠳᠠᠢ᠍ᠢ᠍ᠴᠤᠳ᠂   ᠭᠡᠥᠭᠡᠳ ᠪᠤᠶᠤ ᠤᠶᠤᠨ ᠴᠢᠳᠠᠪᠤᠷᠢ ᠵᠢᠨ ᠠᠷᠬᠠᠭ᠎ᠲᠠᠢ᠂ ᠮᠡᠳᠡᠷᠡᠯ᠎ᠤᠨ ᠡᠪᠡᠳᠴᠢᠨ᠎ᠲᠠᠢ ᠬᠥᠮᠥᠰ ᠠᠯᠠᠭ᠎ᠠ ᠪᠤᠯᠤᠭᠰᠠᠨ᠂   ᠤᠯᠠᠨ ᠨᠡᠢ᠍ᠢ᠍ᠳᠡ᠎ᠪᠠᠷ ᠵᠢᠡᠨ ᠠᠶᠤᠯ ᠲᠥᠭᠰᠢᠬᠥᠷᠢ᠎ᠳᠤ ᠤᠴᠠᠷᠠᠵᠤ ᠭᠠᠭᠴᠠᠭ᠋ᠠᠷᠳᠠᠨ ᠮᠤᠬᠤᠷᠳᠠᠭᠰᠠᠨ᠂ ᠤᠰᠤ᠂ ᠴᠠᠬᠢᠯᠭ᠋ᠠᠨ᠂   ᠭᠡᠢ᠂ ᠲᠤᠯᠠᠭ᠋ᠠᠯᠭ᠎ᠠ ᠵᠡᠷᠭᠡ ᠤᠯᠠᠨ ᠨᠡᠢ᠍ᠢ᠍ᠳᠡ ᠵᠢᠨ ᠪᠡᠯᠡᠳᠭᠡᠮᠵᠢ᠎ᠳᠤ ᠲᠥᠭᠰᠢᠬᠥᠷᠢᠳᠤ ᠪᠠᠢ᠍ᠢ᠍ᠳᠠᠯ ᠢᠯᠡᠷᠡᠭᠰᠡᠨ ᠵᠡᠷᠭᠡ ᠵᠢ   ᠰᠡᠷᠡᠵᠤ ᠮᠡᠳᠡᠪᠡᠯ ᠴᠥᠮ 110 ᠤᠳᠠᠰᠤ᠎ᠪᠠᠷ ᠴᠠᠭᠳᠠᠭ᠎ᠠ᠎ᠳᠤ ᠭᠡᠷᠡᠭ ᠮᠡᠳᠡᠬᠥᠯᠥᠨ᠎ᠡ᠃          & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ 110 ᠤᠳᠠᠰᠤ ᠪᠤᠯ ᠰᠥᠢ᠍ᠳᠭᠡᠯ ᠠᠪᠳᠠᠭ ᠥᠭᠡᠢ᠂ ᠮᠥᠨᠭᠬᠥᠨ ᠵᠤᠭᠤᠰ ᠤᠷᠬᠢᠬᠤ᠂ ᠰᠤᠷᠤᠨᠵᠢᠨ ᠺᠠᠷᠲ   ᠭᠡᠷᠡᠭᠯᠡᠬᠥ ᠠᠷᠭ᠎ᠠ᠎ᠪᠠᠷ ᠨᠡᠢ᠍ᠢ᠍ᠳᠡ ᠵᠢᠨ ᠭᠡᠷᠡᠭᠯᠡᠭᠡᠨ᠎ᠤ ᠤᠳᠠᠰᠤ᠎ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃            ◇   ᠴᠠᠭᠳᠠᠭ᠎ᠠ᠎ᠳᠤ ᠭᠡᠷᠡᠭ ᠮᠡᠳᠡᠬᠥᠯᠬᠥ ᠥᠶ᠎ᠡ᠎ᠳᠤ ᠭᠡᠷᠡᠭ ᠠ᠋ᠬᠥᠰᠥᠭᠰᠡᠨ ᠴᠠᠭ ᠬᠤᠭᠤᠴᠠᠭ᠎ᠠ᠂ ᠤᠷᠤᠨ ᠪᠠᠢ᠍ᠢ᠍ᠷᠢ᠂   ᠥᠪᠡᠷ᠎ᠤᠨ ᠵᠢᠡᠨ ᠨᠡᠷ᠎ᠡ ᠤᠪᠤᠭ ᠵᠢᠴᠢ ᠬᠠᠷᠢᠯᠴᠠᠬᠤ ᠠᠷᠭ᠎ᠠ ᠮᠠᠶᠢᠬ ᠵᠡᠷᠭᠡ᠎ᠪᠠᠨ ᠲᠤᠳᠤᠷᠬᠠᠢ ᠭᠡᠯᠡᠵᠤ ᠥᠭᠬᠥ ᠭᠡᠷᠡᠭᠳᠡᠢ᠃   ᠭᠡᠷᠪᠡ ᠭᠡᠷᠡᠭ ᠠ᠋ᠬᠥᠰᠥᠭᠰᠡᠨ ᠭᠠᠵᠠᠷ ᠤᠷᠤᠨ᠎ᠢ᠎ᠨᠢ ᠲᠤᠳᠤᠷᠬᠠᠢ ᠮᠡᠳᠡᠬᠥ ᠥᠭᠡᠢ ᠪᠤᠯ ᠲᠤᠬᠠᠢ ᠵᠢᠨ ᠲᠠᠯᠠᠪᠠᠢ ᠵᠢᠨ   ᠤᠢ᠍ᠢ᠍ᠷᠠᠯᠴᠠᠭ᠎ᠠ ᠪᠠᠢ᠍ᠢ᠍ᠭ᠎ᠠ ᠢᠯᠡ ᠲᠤᠳᠤ ᠲᠡᠮᠳᠡᠭ᠎ᠲᠠᠢ ᠪᠠᠷᠢᠯᠭ᠎ᠠ᠂ ᠲᠤᠮᠤ ᠭᠡᠯᠪᠡᠷᠢ ᠵᠢᠨ ᠭᠠᠵᠠᠷ ᠲᠠᠯᠠᠪᠠᠢ᠂ ᠤᠯᠠᠨ ᠨᠡᠢ᠍ᠢ᠍ᠳᠡ   ᠵᠢᠨ ᠮᠠᠰᠢᠨ ᠲᠡᠷᠭᠡᠨ᠎ᠤ ᠥᠷᠳᠡᠭᠡ᠂ ᠪᠠᠢ᠍ᠢ᠍ᠭᠤᠯᠭ᠎ᠠ ᠵᠢᠨ ᠨᠡᠷᠡᠢ᠍ᠢ᠍ᠳᠥᠯ ᠵᠡᠷᠭᠡ ᠵᠢ ᠭᠡᠯᠡᠵᠤ ᠥᠭᠬᠥ ᠭᠡᠷᠡᠭᠳᠡᠢ᠃        
     ◇   ᠴᠠᠭᠳᠠᠭ᠎ᠠ᠎ᠳᠤ ᠭᠡᠷᠡᠭ ᠮᠡᠳᠡᠬᠥᠯᠥᠭᠰᠡᠨ᠎ᠤ ᠲᠠᠷᠠᠭ᠎ᠠ ᠲᠤᠬᠠᠢ ᠵᠢᠨ ᠲᠠᠯᠠᠪᠠᠢ ᠵᠢ ᠬᠠᠮᠠᠭ᠋ᠠᠯᠠᠵᠤ᠂ ᠴᠠᠭᠳᠠᠭ᠎ᠠ   ᠢᠷᠡᠵᠤ ᠭᠡᠷᠡᠴᠢ ᠪᠠᠷᠢᠮᠳᠠ᠂ ᠤᠷᠤ ᠮᠥᠷ᠎ᠢ ᠪᠠᠢ᠍ᠢ᠍ᠴᠠᠭ᠋ᠠᠬᠤ᠎ᠳᠤ ᠲᠥᠬᠥᠮ ᠥᠵᠡᠬᠥᠯᠬᠥ ᠭᠡᠷᠡᠭᠳᠡᠢ᠃              ◇ ᠨᠠᠰᠤᠨ᠎ᠳᠤ ᠬᠥᠷᠥᠭᠡᠳᠥᠢ ᠭᠡᠥᠭᠡᠳ ᠠ᠋ᠷᠡᠬᠥᠥ ᠵᠢᠨ ᠭᠡᠷᠡᠭ᠎ᠲᠤ ᠤᠴᠠᠷᠠᠪᠠᠯ᠂ ᠬᠠᠮᠤᠭ᠎ᠤᠨ ᠲᠡᠷᠢᠬᠥᠨ᠎ᠳᠤ   ᠥᠪᠡᠷ᠎ᠤᠨ ᠵᠢᠡᠨ ᠠᠮᠤᠷ ᠲᠥᠪᠰᠢᠨ ᠵᠢᠡᠨ ᠰᠠᠢ᠍ᠢ᠍ᠳᠤᠷ ᠬᠠᠮᠠᠭ᠋ᠠᠯᠠᠬᠤ ᠭᠡᠷᠡᠭᠳᠡᠢ᠃        
     ◇ ᠵᠥᠢ ᠶᠤᠰᠤᠨ᠎ᠤ ᠬᠠᠮᠠᠭ᠋ᠠᠯᠠᠯᠳᠠ ᠶᠠᠪᠤᠭᠤᠯᠬᠤ ᠥᠶ᠎ᠡ᠎ᠳᠤ ᠬᠡᠳᠥᠷᠡᠭᠰᠡᠨ ᠬᠠᠮᠠᠭ᠋ᠠᠯᠠᠯᠳᠠ ᠵᠢᠨ ᠠᠵᠢᠯᠯᠠᠭ᠎ᠠ   ᠠᠪᠬᠤ ᠵᠢ ᠪᠤᠯᠭᠤᠮᠵᠢᠯᠠᠬᠤ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ