ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠠᠶᠤᠨᠭ᠌ᠭ᠎ᠠ ᠭᠡᠳᠡᠭ ᠎ᠢ ᠬᠡᠷᠬᠢᠨ ᠦᠢ᠍ᠯᠠᠭ᠋ᠠᠬᠤ ᠪᠤᠢ
ᠨᠡᠶ᠋ᠢᠲᠡᠯᠡᠭᠰᠡᠨ ᠴᠠᠭ᠄ 2015-01-30

      ᠠᠶᠤᠨᠭ᠌ᠭ᠎ᠠ ᠭᠡᠳᠡᠭ ᠪᠤᠯ ᠬᠤᠷ᠎ᠠ ᠪᠤᠷᠤᠭ᠋ᠠᠨ᠎ᠤ ᠠ᠋ᠬᠥᠯᠡ ᠴᠢᠨᠭᠭ᠎ᠠ᠎ᠪᠠᠷ ᠬᠤᠮᠠᠷᠠᠯᠳᠤᠨ ᠪᠥᠷᠢᠯᠳᠥᠬᠥ ᠱᠠᠳᠤᠨ᠎ᠳᠠᠭᠠᠨ   ᠠ᠋ᠬᠥᠯᠡᠨ ᠲᠠᠪᠬᠤᠷᠭ᠎ᠠ ᠵᠢᠨ ᠬᠤᠭᠤᠷᠤᠨᠳᠤ᠂ ᠠ᠋ᠬᠥᠯᠡ ᠭᠠᠵᠠᠷ᠎ᠤᠨ ᠬᠤᠭᠤᠷᠤᠨᠳᠤ᠂ ᠠ᠋ᠬᠥᠯᠡ ᠠᠭ᠋ᠠᠷ᠎ᠤᠨ ᠬᠤᠭᠤᠷᠤᠨᠳᠤ᠎ᠳᠠᠬᠢ   ᠴᠠᠬᠢᠯᠭ᠋ᠠᠨ᠎ᠤ ᠪᠠᠢ᠍ᠢ᠍ᠷᠢ ᠵᠢᠨ ᠵᠥᠷᠢᠶ᠎ᠡ᠎ᠨᠢ ᠵᠤᠬᠢᠬᠤ ᠭᠡᠮᠵᠢᠶᠡᠨ᠎ᠡ ᠬᠥᠷᠬᠥ᠎ᠳᠤ ᠴᠠᠬᠢᠯᠭ᠋ᠠᠨ ᠲᠠᠯᠪᠢᠬᠤ ᠥᠵᠡᠭᠳᠡᠯ ᠠ᠋ᠬᠥᠰᠳᠡᠭ᠃   ᠬᠥᠮᠥᠨ᠂ ᠪᠠᠷᠢᠯᠭ᠎ᠠ ᠪᠤᠶᠤ ᠡᠯ᠎ᠡ ᠵᠥᠢ᠍ᠯ᠎ᠤᠨ ᠪᠡᠯᠡᠳᠭᠡᠮᠵᠢ᠎ᠳᠤ ᠠᠶᠤᠨᠭ᠌ᠭ᠎ᠠ ᠪᠠᠭᠤᠪᠠᠯ ᠶᠡᠷᠥ᠎ᠠᠴᠠ ᠬᠥᠮᠥᠨ ᠥᠬᠥᠵᠤ   ᠰᠢᠷᠬᠠᠳᠠᠬᠤ ᠪᠠ ᠠᠵᠤ ᠠᠬᠤᠢ ᠵᠢᠨ ᠬᠤᠬᠢᠷᠠᠯ ᠭᠠᠷᠳᠠᠭ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠬᠥᠳᠡᠭᠡ ᠭᠠᠳᠠᠨ᠎ᠠ ᠰᠢᠬᠥᠷ ᠲᠡᠯᠭᠡᠬᠥ᠂ ᠲᠡᠷᠢᠶᠠᠯᠠᠩ᠎ᠤᠨ ᠪᠠᠭ᠋ᠠᠵᠢ᠂ ᠥᠳᠥᠨ ᠪᠥᠮᠪᠥᠭᠡ ᠵᠢᠨ ᠴᠤᠬᠢᠭᠤᠷ ᠪᠠ   ᠭᠤᠯᠹ ᠪᠥᠮᠪᠥᠭᠡ ᠵᠢᠨ ᠴᠤᠬᠢᠭᠤᠷ ᠵᠡᠷᠭᠡ ᠵᠢ ᠮᠥᠷᠥᠨ ᠲᠡᠭᠡᠷ᠎ᠡ᠎ᠪᠠᠨ ᠲᠠᠯᠪᠢᠬᠤ᠎ᠠᠴᠠ   ᠰᠡᠷᠭᠡᠢ᠌ᠯᠡᠨ᠎ᠡ᠃             ○ ᠴᠠᠬᠢᠯᠭ᠋ᠠᠨ ᠤᠳᠠᠰᠤ᠂ ᠤᠰᠤᠨ᠎ᠤ ᠬᠤᠭᠤᠯᠠᠢ᠂ ᠲᠡᠮᠥᠷ ᠲᠤᠤᠷ᠂ ᠲᠡᠮᠥᠷᠯᠢᠭ ᠠ᠋ᠬᠥᠳᠡ ᠴᠤᠨᠭ᠌ᠬᠤ᠂ ᠪᠠᠷᠢᠯᠭ᠎ᠠ   ᠵᠢᠨ ᠭᠠᠳᠠᠭᠤᠷ ᠭᠡᠷᠡᠮ᠎ᠲᠠᠢ ᠤᠢ᠍ᠢ᠍ᠷᠠᠳᠴᠤ ᠤᠭᠳᠤ ᠪᠤᠯᠬᠤ ᠥᠭᠡᠢ᠂ ᠴᠠᠬᠢᠯᠭ᠋ᠠᠨ ᠤᠳᠠᠰᠤ ᠵᠡᠷᠭᠡ ᠴᠠᠬᠢᠯᠭ᠋ᠠᠨ᠎ᠲᠠᠢ   ᠪᠡᠯᠡᠳᠭᠡᠮᠵᠢ ᠪᠤᠯᠤᠨ ᠪᠤᠰᠤᠳ ᠲᠡᠮᠥᠷᠯᠢᠭ ᠪᠤᠶᠤ ᠲᠡᠮᠥᠷᠯᠢᠭ᠎ᠲᠠᠢ ᠠᠳᠠᠯᠢᠪᠳᠤᠷ ᠪᠤᠳᠠᠰ᠎ᠠᠴᠠ ᠬᠤᠯᠠ ᠪᠠᠢ᠍ᠢ᠍ᠬᠤ   ᠵᠢ   ᠪᠠᠷᠢᠮᠳᠠᠯᠠᠨ᠎ᠠ᠃        
     ○ ᠶᠡᠭᠡ ᠠᠶᠤᠨᠭ᠌ᠭ᠎ᠠ ᠨᠢᠷᠬᠢᠬᠥ ᠥᠶ᠎ᠡ᠎ᠳᠤ᠂ ᠠᠶᠤᠨᠭ᠌ᠭ᠎ᠠ ᠰᠡᠷᠭᠡᠢ᠍ᠢ᠍ᠯᠡᠬᠥ ᠲᠤᠨᠤᠭᠯᠠᠯ ᠤᠭᠰᠤᠷᠠᠭᠰᠠᠨ ᠥᠭᠡᠢ   ᠵᠢᠷᠤᠭᠳᠤ ᠷᠠᠳᠢᠤ᠋᠂ ᠺᠤᠮᠫᠢᠤᠢ᠍ᠲᠸᠷ᠂ ᠤᠳᠠᠰᠤ᠎ᠪᠠᠷ ᠢᠨᠲᠸᠷ ᠰᠥᠯᠵᠢᠶᠡᠨ᠎ᠳᠤ ᠭᠠᠷᠬᠤ ᠵᠡᠷᠭᠡ ᠠ᠋ᠯᠸᠺᠲᠷᠤᠨ   ᠪᠥᠳᠥᠭᠡᠭᠳᠡᠬᠥᠨ ᠭᠡᠷᠡᠭᠯᠡᠬᠥ᠎ᠪᠠᠨ ᠵᠤᠭᠰᠤᠬᠤ ᠭᠡᠷᠡᠭᠳᠡᠢ᠃        
    & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠭᠡᠷ᠎ᠤᠨ ᠭᠠᠳᠠᠨᠠᠬᠢ ᠬᠥᠮᠥᠰ ᠠᠶᠤᠨᠭ᠌ᠭ᠎ᠠ ᠰᠡᠷᠭᠡᠢ᠍ᠢ᠍ᠯᠡᠬᠥ ᠪᠡᠯᠡᠳᠭᠡᠮᠵᠢ ᠤᠭᠰᠤᠷᠠᠭᠰᠠᠨ ᠪᠠᠷᠢᠯᠭ᠎ᠠ ᠪᠤᠶᠤ ᠮᠠᠰᠢᠨ   ᠲᠡᠷᠭᠡᠨ ᠲᠤᠳᠤᠷ᠎ᠠ   ᠲᠠᠯᠳᠠᠯᠠᠨ᠎ᠠ᠃        
     ◇ ᠠᠶᠤᠯᠳᠠᠢ ᠴᠠᠬᠢᠯᠭ᠋ᠠᠨ᠎ᠤ ᠢᠷᠡᠯᠳᠡ ᠵᠢ ᠲᠠᠰᠤᠯᠵᠤ᠂ ᠠᠶᠤᠨᠭ᠌ᠭ᠎ᠠ ᠨᠢᠷᠭᠢᠭᠰᠡᠨ᠎ᠠᠴᠠ ᠪᠤᠯᠵᠤ ᠭᠠᠯ᠎ᠤᠨ ᠠᠶᠤᠯ   ᠠ᠋ᠬᠥᠰᠬᠥ ᠵᠢ   ᠰᠡᠷᠭᠡᠢ᠌ᠯᠡᠵᠤ ᠪᠤᠯᠤᠨ᠎ᠠ᠃        
     ◇ ᠵᠤᠷᠴᠢᠨ ᠶᠠᠪᠤᠭᠰᠠᠳ ᠮᠤᠳᠤ᠂ ᠴᠠᠬᠢᠯᠭ᠋ᠠᠨ ᠤᠳᠠᠰᠤᠨ᠎ᠤ ᠪᠠᠭ᠋ᠠᠨ᠎ᠠ᠂ ᠰᠤᠪᠤᠷᠭ᠋ᠠᠨ ᠭᠡᠯᠪᠡᠷᠢᠳᠤ ᠲᠡᠬᠥᠵᠢᠯᠡᠬᠥ   ᠮᠠᠰᠢᠨ᠎ᠤ ᠲᠤᠤᠷ᠎ᠠ ᠪᠤᠷᠤᠭ᠋ᠠᠨ᠎ᠠᠴᠠ ᠲᠠᠯᠳᠠᠯᠠᠵᠤ ᠪᠤᠯᠬᠤ ᠥᠭᠡᠢ᠃        
     ◇ ᠬᠥᠳᠡᠭᠡ ᠭᠠᠳᠠᠨ᠎ᠠ ᠬᠠᠷᠮᠠᠨ ᠤᠳᠠᠰᠤ ᠭᠡᠷᠡᠭᠯᠡᠵᠤ ᠪᠤᠯᠬᠤ ᠥᠭᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ