ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠠ᠋ᠯᠡᠰᠥᠨ ᠰᠢᠭᠤᠷᠭ᠎ᠠ ᠭᠡᠳᠡᠭ ᠎ᠢ ᠦᠢ᠍ᠯᠠᠭ᠋ᠠᠷᠠᠢ
ᠨᠡᠶ᠋ᠢᠲᠡᠯᠡᠭᠰᠡᠨ ᠴᠠᠭ᠄ 2015-01-30

      ᠠ᠋ᠯᠡᠰᠥᠨ ᠰᠢᠭᠤᠷᠭ᠎ᠠ ᠭᠡᠳᠡᠭ ᠪᠤᠯ ᠭᠠᠩ ᠬᠠᠭᠤᠷᠠᠢ ᠭᠠᠵᠠᠷ ᠤᠷᠤᠨ᠎ᠳᠤ ᠥᠷᠬᠥᠯᠵᠢ ᠢᠯᠡᠷᠡᠳᠡᠭ ᠨᠢᠭᠡ ᠵᠥᠢ᠍ᠯ  ᠎ᠤᠨ ᠪᠠᠢ᠍ᠢ᠍ᠭ᠋ᠠᠯᠢ ᠵᠢᠨ ᠥᠵᠡᠭᠳᠡᠯ ᠮᠥᠨ᠂ ᠭᠤᠤᠯᠳᠠᠭᠤ ᠠᠭᠤᠷ ᠠᠮᠢᠰᠬᠤᠯ ᠵᠢᠴᠢ ᠭᠠᠩ ᠬᠠᠭᠤᠷᠠᠢ ᠤᠷᠴᠢᠨ ᠲᠤᠭᠤᠷᠢᠨ᠎ᠤ   ᠪᠠᠢ᠍ᠢ᠍ᠳᠠᠯ᠎ᠤᠨ ᠨᠥᠯᠥᠭᠡᠯᠡᠯ᠎ᠢ ᠬᠥᠷᠳᠡᠵᠤ᠂ ᠬᠥᠮᠥᠨ ᠲᠥᠷᠥᠯᠬᠢᠳᠡᠨ᠎ᠤ ᠠᠵᠢᠯᠯᠠᠭ᠎ᠠ᠎ᠨᠢ ᠮᠥᠨ ᠴᠤ᠌ ᠠ᠋ᠯᠡᠰᠥᠨ ᠰᠢᠭᠤᠷᠭ᠎ᠠ  ᠎ᠲᠠᠢ ᠨᠢᠭᠳᠠ ᠬᠠᠷᠢᠴᠠᠭ᠎ᠠ᠎ᠲᠠᠢ ᠪᠠᠢ᠍ᠢ᠍ᠳᠠᠭ᠃ ᠮᠠᠨ᠎ᠤ ᠤᠯᠤᠰ᠎ᠤᠨ ᠴᠠᠭ ᠠᠭᠤᠷ᠎ᠤᠨ ᠰᠠᠯᠠᠭ᠎ᠠ ᠮᠥᠴᠢᠷ᠎ᠤᠨ ᠲᠤᠭᠳᠠᠭ᠋ᠠᠯ᠎ᠢ   ᠥᠨᠳᠥᠰᠥᠯᠡᠪᠡᠯ᠂ ᠠ᠋ᠯᠡᠰᠥ ᠲᠤᠭᠤᠰᠤ ᠰᠢᠭᠤᠷᠭ᠋ᠠᠯᠠᠬᠤ ᠵᠢ ᠲᠤᠭᠤᠰᠤ ᠲᠡᠭᠳᠡᠬᠥ᠂ ᠠ᠋ᠯᠡᠰᠥ ᠭᠡᠢ᠍ᠢ᠍ᠰᠬᠥ᠂ ᠠ᠋ᠯᠡᠰᠥᠨ ᠰᠢᠭᠤᠷᠭ᠎ᠠ᠂   ᠰᠢᠷᠥᠬᠥᠨ ᠠ᠋ᠯᠡᠰᠥᠨ ᠰᠢᠭᠤᠷᠭ᠎ᠠ ᠬᠢᠭᠡᠳ ᠤᠨᠴᠠ ᠶᠡᠭᠡ ᠠ᠋ᠯᠡᠰᠥᠨ ᠰᠢᠭᠤᠷᠭ᠎ᠠ ᠭᠡᠵᠤ ᠬᠤᠪᠢᠶᠠᠳᠠᠭ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠠ᠋ᠯᠡᠰᠥᠨ ᠰᠢᠭᠤᠷᠭ᠎ᠠ ᠵᠢᠨ ᠤᠷᠢᠳᠴᠢᠯᠠᠭᠰᠠᠨ ᠮᠡᠳᠡᠭᠡ ᠵᠢ ᠤᠯᠤᠭᠰᠠᠨ᠎ᠤ ᠲᠠᠷᠠᠭ᠎ᠠ᠂ ᠠᠷᠭ᠎ᠠ ᠭᠡᠮᠵᠢᠶ᠎ᠡ ᠠᠪᠴᠤ   ᠪᠠᠢ᠍ᠢ᠍ᠭ᠋ᠠᠳ ᠲᠤᠯᠠᠭ᠋ᠠᠨ ᠬᠥᠯᠡᠮᠵᠢ᠎ᠪᠠᠨ ᠪᠡᠬᠢᠯᠡᠵᠤ᠂ ᠬᠤᠬᠢᠷᠠᠯ ᠡᠪᠳᠡᠯᠭᠡ ᠵᠢ ᠪᠠᠭ᠋ᠠᠰᠬᠠᠬᠤ ᠭᠡᠷᠡᠭᠳᠡᠢ᠃ ᠮᠠᠯᠴᠢᠳ ᠮᠠᠯ ᠵᠢᠡᠨ   ᠬᠥᠷᠢᠶ᠎ᠡ ᠬᠠᠰᠢᠶᠠᠨ᠎ᠳᠠᠭᠠᠨ ᠲᠠᠷᠤᠢ᠍ᠢ᠍ᠬᠠᠨ ᠬᠤᠷᠢᠵᠤ᠂ ᠤᠷᠤᠭᠤᠳᠠᠵᠤ ᠶᠠᠪᠤᠬᠤ᠎ᠠᠴᠠ ᠰᠡᠷᠭᠡᠢ᠍ᠢ᠍ᠯᠡᠬᠥ ᠭᠡᠷᠡᠭᠳᠡᠢ᠃ ᠭᠡᠷᠪᠡ ᠮᠠᠯ   ᠰᠥᠷᠥᠭ᠎ᠨᠢ ᠭᠡᠷ ᠠ᠋ᠷᠥᠭᠡ᠎ᠠᠴᠠ᠎ᠪᠠᠨ ᠬᠤᠯᠠ ᠪᠠᠢ᠍ᠢ᠍ᠪᠠᠯ᠂ ᠤᠢ᠍ᠢ᠍ᠷᠠᠯᠴᠠᠭ᠎ᠠ ᠪᠠᠢ᠍ᠢ᠍ᠭ᠎ᠠ ᠰᠠᠯᠬᠢ ᠬᠠᠯᠬᠠᠯᠠᠬᠤ ᠭᠠᠵᠠᠷ᠎ᠲᠤ   ᠥᠳᠳᠡᠷ ᠲᠥᠷᠭᠡᠨ ᠤᠴᠢᠬᠤ ᠭᠡᠷᠡᠭᠳᠡᠢ᠃        
     ○ ᠪᠠᠷᠢᠯᠭ᠎ᠠ ᠵᠢᠨ ᠭᠠᠵᠠᠷ᠎ᠲᠠᠬᠢ ᠰᠠᠯᠬᠢᠨ᠎ᠳᠤ ᠠᠮᠠᠷᠬᠠᠨ ᠭᠡᠢ᠍ᠢ᠍ᠰᠳᠡᠭ ᠪᠠᠷᠢᠯᠭ᠎ᠠ ᠵᠢᠨ ᠮᠠᠲᠸᠷᠢᠶᠠᠯ ᠪᠤᠶᠤ   ᠬᠠᠶᠠᠭᠳᠠᠮᠠᠯ ᠪᠤᠳᠠᠰ ᠵᠢᠡᠨ ᠰᠠᠢ᠍ᠢ᠍ᠳᠤᠷ ᠲᠠᠷᠤᠵᠤ   ᠲᠠᠯᠪᠢᠨ᠎ᠠ᠃      
     ○ ᠠ᠋ᠯᠡᠰᠥᠨ ᠰᠢᠭᠤᠷᠭ᠎ᠠ᠎ᠲᠠᠢ ᠠ᠋ᠳᠥᠷ᠎ᠤᠨ ᠠᠭᠤᠷ ᠠᠮᠢᠰᠬᠤᠯ᠎ᠨᠢ ᠭᠠᠩ ᠬᠠᠭᠤᠷᠠᠢ᠂ ᠲᠥᠢ᠍ᠮᠥᠷ ᠠᠮᠠᠷᠬᠠᠨ ᠠ᠋ᠬᠥᠰᠳᠡᠭ   ᠲᠤᠯᠠ ᠴᠠᠬᠢᠯᠭ᠋ᠠᠨ᠎ᠢ ᠠᠨᠭ᠌ᠬᠠᠷᠤᠨ ᠬᠠᠮᠢᠶᠠᠷᠴᠤ᠂ ᠭᠠᠯ᠎ᠤᠨ ᠠᠶᠤᠯ ᠠ᠋ᠬᠥᠰᠬᠥ᠎ᠠᠴᠠ   ᠰᠡᠷᠭᠡᠢ᠌ᠯᠡᠨ᠎ᠡ᠃            ○ ᠶᠠᠪᠤᠭᠤᠯ᠎ᠤᠨ ᠬᠥᠮᠥᠰ ᠥᠨᠳᠥᠷ ᠪᠠᠷᠢᠯᠭ᠎ᠠ᠂ ᠪᠠᠷᠢᠯᠭ᠎ᠠ ᠵᠢᠨ ᠭᠠᠵᠠᠷ᠂ ᠵᠠᠷ᠎ᠤᠨ ᠫᠠᠢ᠍ᠢ᠍ᠰᠠ᠂ ᠬᠥᠭᠰᠢᠷᠡᠭᠰᠡᠨ   ᠮᠤᠳᠤ ᠵᠡᠷ᠊ ᠭᠡ᠎ᠠᠴᠠ ᠬᠤᠯᠠ ᠵᠠᠢ᠍ᠢ᠍ᠯᠠᠵᠤ᠂ ᠲᠡᠭᠡᠷ᠎ᠡ᠎ᠠᠴᠠ ᠤᠨᠠᠵᠤ ᠢᠷᠡᠭᠰᠡᠨ ᠶᠠᠭᠤᠮᠠᠨ᠎ᠳᠤ ᠴᠤᠬᠢᠭᠳᠠᠬᠤ᠎ᠠᠴᠠ   ᠰᠡᠷᠭᠡᠢ᠍ᠢ᠍ᠯᠡᠬᠥ ᠭᠡᠷᠡᠭᠳᠡᠢ᠃ ᠤᠰᠤᠨ ᠰᠤᠪᠠᠭ᠂ ᠤᠰᠤᠨ ᠴᠥᠬᠥᠷᠥᠮ᠎ᠠᠴᠠ ᠵᠠᠢ᠍ᠢ᠍ᠳᠠᠭᠤ ᠪᠠᠢ᠍ᠢ᠍ᠵᠤ᠂ ᠤᠰᠤᠨ᠎ᠳᠤ ᠤᠨᠤᠬᠤ  ᠎ᠠᠴᠠ   ᠰᠡᠷᠭᠡᠢ᠌ᠯᠡᠵᠤ ᠪᠤᠯᠤᠨ᠎ᠠ᠃        
     ○ ᠰᠤᠷᠭ᠋ᠠᠭᠤᠯᠢ᠎ᠨᠤᠭᠤᠳ ᠰᠤᠷᠤᠭᠴᠢ᠎ᠪᠠᠨ ᠭᠠᠳᠠᠭᠰᠢ ᠭᠠᠷᠭ᠋ᠠᠬᠤ ᠥᠭᠡᠢ ᠪᠠᠢ᠍ᠢ᠍ᠵᠤ᠂ ᠠ᠋ᠯᠡᠰᠥᠨ ᠰᠢᠭᠤᠷᠭ᠎ᠠ   ᠥᠨᠭᠭᠡᠷᠡᠭᠰᠡᠨ᠎ᠤ ᠲᠠᠷᠠᠭ᠎ᠠ ᠰᠠᠶᠢ ᠰᠤᠷᠭ᠋ᠠᠭᠤᠯᠢ᠎ᠠᠴᠠ᠎ᠪᠠᠨ ᠭᠠᠷᠭ᠋ᠠᠬᠤ ᠭᠡᠷᠡᠭᠳᠡᠢ᠃ ᠲᠤᠮᠳᠠᠳᠤ ᠪᠠᠭ᠎ᠠ ᠰᠤᠷᠭ᠋ᠠᠭᠤᠯᠢ ᠵᠢᠨ   ᠰᠤᠷᠤᠭᠴᠢᠳ ᠭᠡᠷᠪᠡ ᠰᠤᠷᠭ᠋ᠠᠭᠤᠯᠢ᠎ᠠᠴᠠ᠎ᠪᠠᠨ ᠭᠠᠷᠴᠤ ᠭᠡᠷ᠎ᠲᠡᠭᠡᠨ ᠬᠠᠷᠢᠬᠤ ᠵᠠᠮ᠎ᠳᠠᠭᠠᠨ ᠠ᠋ᠯᠡᠰᠥᠨ ᠰᠢᠭᠤᠷᠭ᠎ᠠ᠎ᠳᠤ   ᠲᠤᠬᠢᠶᠠᠯᠳᠤᠪᠠᠯ ᠰᠠᠯᠬᠢ ᠬᠠᠯᠬᠠᠯᠠᠬᠤ ᠠᠮᠤᠷ ᠲᠥᠪᠰᠢᠨ ᠭᠠᠵᠠᠷ᠎ᠲᠤ ᠬᠤᠷᠭᠤᠳᠠᠵᠤ᠂ ᠥᠨᠳᠥᠷ ᠬᠥᠴᠥᠳᠡᠯᠳᠤ ᠴᠠᠬᠢᠯᠭ᠋ᠠᠨ   ᠤᠳᠠᠰᠤ᠎ᠠᠴᠠ ᠬᠤᠯᠠ ᠪᠠᠢ᠍ᠢ᠍ᠬᠤ ᠭᠡᠷᠡᠭᠳᠡᠢ᠃  

ᠢᠷᠡᠯᠲᠡ᠄