ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠭᠠᠯ ᠤᠨᠳᠠᠷᠠᠭ᠋ᠠᠬᠤ ᠵᠢ ᠮᠡᠳᠡᠬᠥᠯᠬᠥ 119 ᠤᠳᠠᠰᠤ
ᠨᠡᠶ᠋ᠢᠲᠡᠯᠡᠭᠰᠡᠨ ᠴᠠᠭ᠄ 2015-01-30

      ᠭᠠᠯ ᠲᠥᠢ᠍ᠮᠡᠷ᠎ᠤᠨ ᠪᠠᠢ᠍ᠢ᠍ᠳᠠᠯ᠎ᠢ ᠰᠡᠷᠡᠵᠤ ᠮᠡᠳᠡᠪᠡᠯ᠂ ᠲᠡᠷᠡ ᠲᠠᠷᠤᠢ᠎ᠳᠤᠨᠢ ᠴᠠᠭᠳᠠᠭ᠎ᠠ᠎ᠳᠤ ᠭᠡᠷᠡᠭ ᠮᠡᠳᠡᠬᠥᠯᠬᠥ ᠪᠤᠯ   ᠠᠷᠠᠳ ᠢᠷᠭᠡᠳ ᠨᠢᠭᠡᠪᠥᠷᠢ ᠵᠢᠨ ᠬᠥᠢ᠍ᠴᠡᠳᠭᠡᠪᠡᠰᠤ ᠵᠤᠬᠢᠬᠤ ᠠ᠋ᠬᠥᠷᠭᠡ ᠬᠠᠷᠢᠭᠤᠴᠠᠯᠭ᠎ᠠ ᠪᠤᠯᠤᠨ᠎ᠠ᠃ ᠶᠠᠮᠠᠷᠪᠠ ᠨᠢᠭᠡᠴᠡ᠂   ᠬᠤᠪᠢ ᠬᠥᠮᠥᠨ ᠭᠡᠳ ᠴᠥᠮ ᠬᠥᠯᠥᠰᠤ ᠬᠠᠷᠠᠮᠵᠢ ᠠᠪᠬᠤ ᠥᠭᠡᠢ᠎ᠪᠠᠷ ᠴᠠᠭᠳᠠᠭ᠎ᠠ᠎ᠳᠤ ᠭᠡᠷᠡᠭ ᠮᠡᠳᠡᠬᠥᠯᠬᠥ᠎ᠳᠤᠨᠢ ᠲᠥᠬᠥᠮ   ᠥᠵᠡᠬᠥᠯᠬᠥ ᠭᠡᠷᠡᠭᠳᠡᠢ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ 119᠎ᠳᠤ ᠤᠳᠠᠰᠤᠳᠠᠬᠤ᠎ᠳᠠᠭᠠᠨ᠂ ᠠ᠋ᠷᠭᠡᠪᠰᠢ ᠭᠠᠯ ᠲᠥᠢ᠍ᠮᠡᠷ ᠠ᠋ᠬᠥᠰᠥᠭᠰᠡᠨ ᠤᠷᠤᠨ ᠪᠠᠢ᠍ᠢ᠍ᠷᠢ ᠵᠢ᠎ᠨᠢ   ᠲᠤᠳᠤᠷᠬᠠᠢ ᠮᠡᠳᠡᠬᠥᠯᠬᠥ ᠭᠡᠷᠡᠭᠳᠡᠢ᠃ ᠭᠡᠷᠪᠡ ᠭᠠᠯ ᠲᠥᠢ᠍ᠮᠡᠷ ᠠ᠋ᠬᠥᠰᠥᠭᠰᠡᠨ ᠭᠠᠵᠠᠷ᠎ᠤᠨ ᠨᠡᠷᠡᠢ᠍ᠢ᠍ᠳᠥᠯ᠎ᠢ ᠮᠡᠳᠡᠬᠥ ᠥᠭᠡᠢ ᠪᠤᠯ   ᠤᠢ᠍ᠢ᠍ᠷ᠎ᠠ ᠬᠠᠪᠢ ᠵᠢᠨ ᠬᠢᠨᠢ ᠢᠯᠡ ᠲᠤᠳᠤ ᠲᠡᠮᠳᠡᠭ᠎ᠲᠠᠢ᠂ ᠵᠢᠱ᠌ᠢᠶᠡᠯᠡᠪᠡᠯ ᠪᠠᠷᠢᠯᠭ᠎ᠠ ᠵᠡᠷᠭᠡ ᠵᠢ ᠴᠢᠳᠠᠬᠤ ᠵᠢᠨ ᠲᠤᠳᠤᠷ᠎ᠠ   ᠲᠤᠳᠤᠷᠬᠠᠢ ᠭᠡᠯᠡᠵᠤ ᠥᠭᠬᠥ ᠭᠡᠷᠡᠭᠳᠡᠢ᠃        
     ○ ᠭᠠᠯ ᠲᠥᠢ᠍ᠮᠡᠷ ᠠ᠋ᠬᠥᠰᠥᠭᠰᠡᠨ ᠤᠷᠤᠨ ᠪᠠᠢ᠍ᠢ᠍ᠷᠢ᠂ ᠰᠢᠳᠠᠭᠳᠠᠭᠰᠠᠨ ᠠ᠋ᠳ᠋ ᠪᠤᠳᠠᠰ᠂ ᠭᠠᠯ ᠲᠥᠢ᠍ᠮᠡᠷ᠎ᠤᠨ ᠶᠡᠭᠡ   ᠪᠠᠭ᠎ᠠ ᠵᠢᠨ ᠭᠡᠮᠵᠢᠶ᠎ᠡ᠂ ᠬᠥᠮᠥᠨ ᠬᠤᠷᠢᠬᠳᠠᠭᠰᠠᠨ ᠠ᠋ᠰᠡᠬᠥ ᠵᠡᠷᠭᠡ ᠵᠢᠨ ᠪᠠᠢ᠍ᠢ᠍ᠳᠠᠯ᠎ᠢ ᠴᠢᠳᠠᠬᠤ ᠵᠢᠨ ᠲᠤᠳᠤᠷ᠎ᠠ ᠲᠤᠳᠤᠷᠬᠠᠢ   ᠭᠡᠯᠡᠵᠤ ᠥᠭᠬᠥ ᠭᠡᠷᠡᠭᠳᠡᠢ᠃        
     ○ ᠭᠠᠯ ᠤᠨᠳᠠᠷᠠᠭ᠋ᠠᠬᠤ ᠲᠡᠷᠭᠡ ᠬᠥᠷᠬᠥ᠎ᠠᠴᠠ ᠠ᠋ᠮᠥᠨ᠎ᠡ ᠭᠠᠯ ᠤᠨᠳᠠᠷᠠᠭ᠋ᠠᠬᠤ ᠠᠷᠭ᠎ᠠ ᠭᠡᠮᠵᠢᠶ᠎ᠡ ᠠᠪᠴᠤ᠂ ᠭᠠᠯ   ᠲᠥᠢ᠍ᠮᠡᠷ᠎ᠤᠨ ᠶᠡᠭᠡᠰᠤᠨ ᠥᠷᠭᠡᠵᠢᠬᠥ᠎ᠠᠴᠠ ᠰᠡᠷᠭᠡᠢ᠍ᠢ᠍ᠯᠡᠬᠥ ᠭᠡᠷᠡᠭᠳᠡᠢ᠂ ᠭᠠᠯ ᠤᠨᠳᠠᠷᠠᠭ᠋ᠠᠬᠤ ᠥᠶ᠎ᠡ᠎ᠳᠤ ᠥᠪᠡᠷ᠎ᠤᠨ ᠵᠢᠡᠨ   ᠠᠮᠤᠷ ᠲᠥᠪᠰᠢᠨ᠎ᠢ ᠠᠩᠬᠠᠷᠤᠨ᠎ᠠ᠃        
    & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ 119 ᠤᠳᠠᠰᠤ ᠪᠤᠯ ᠰᠥᠢ᠍ᠳᠭᠡᠯ ᠠᠪᠳᠠᠭ ᠥᠭᠡᠢ᠂ ᠮᠥᠨᠭᠬᠥᠨ ᠵᠤᠭᠤᠰ ᠤᠷᠬᠢᠬᠤ᠂ ᠰᠤᠷᠤᠨᠵᠢᠨ ᠺᠠᠷᠲ   ᠭᠡᠷᠡᠭᠯᠡᠬᠥ ᠵᠡᠷᠭᠡ ᠠᠷᠭ᠎ᠠ᠎ᠪᠠᠷ ᠨᠡᠢ᠍ᠢ᠍ᠳᠡ ᠵᠢᠨ ᠭᠡᠷᠡᠭᠯᠡᠭᠡᠨ᠎ᠤ ᠤᠳᠠᠰᠤ᠎ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃        
     ◇ 119 ᠤᠳᠠᠰᠤ ᠵᠢ ᠪᠠᠰᠠ ᠪᠤᠰᠤᠳ ᠭᠠᠮᠰᠢᠬ ᠪᠤᠶᠤ ᠭᠡᠷᠡᠭ ᠡ᠊ᠨᠳᠡᠯ᠎ᠠᠴᠠ ᠠᠪᠤᠷᠠᠨ ᠲᠤᠰᠠᠯᠠᠬᠤ ᠠᠵᠢᠯ  ᠎ᠳᠤ ᠭᠡᠷᠡᠭᠯᠡᠵᠤ ᠪᠤᠯᠤᠨ᠎ᠠ᠃ ᠠ᠋ᠬᠥᠨ᠎ᠳᠤ᠄ ᠡᠯ᠎ᠡ ᠵᠥᠢ᠍ᠯ᠎ᠤᠨ ᠬᠢᠮᠢ ᠵᠢᠨ ᠠᠶᠤᠯᠳᠤ ᠪᠤᠳᠠᠰ ᠨᠡᠪᠴᠢᠨ ᠲᠠᠷᠬᠠᠭᠰᠠᠨ ᠭᠡᠷᠡᠭ  ᠎ᠠᠴᠠ ᠠᠪᠤᠷᠠᠨ ᠲᠤᠰᠠᠯᠠᠬᠤ; ᠥᠶᠡᠷ ᠤᠰᠤᠨ᠎ᠤ ᠭᠠᠮᠰᠢᠬ᠂ ᠰᠠᠯᠬᠢᠨ᠎ᠤ ᠭᠠᠮᠰᠢᠬ᠂ ᠭᠠᠵᠠᠷ ᠬᠥᠳᠡᠯᠥᠯᠳᠡ ᠵᠡᠷᠭᠡ   ᠬᠥᠨᠳᠤ ᠶᠡᠭᠡ ᠪᠠᠢ᠍ᠢ᠍ᠭ᠋ᠠᠯᠢ ᠵᠢᠨ ᠭᠠᠮᠰᠢᠬ᠎ᠠᠴᠠ ᠠᠪᠤᠷᠠᠨ ᠲᠤᠰᠠᠯᠠᠬᠤ; ᠠᠭ᠋ᠠᠷ᠎ᠤᠨ ᠠᠶᠠᠯᠠᠯ᠎ᠤᠨ ᠠᠶᠤᠯ ᠵᠢᠴᠢ ᠬᠥᠨᠳᠤ   ᠶᠡᠭᠡ ᠡ᠊ᠨᠳᠡᠯ᠎ᠠᠴᠠ ᠠᠪᠤᠷᠠᠨ ᠲᠤᠰᠠᠯᠠᠬᠤ; ᠪᠠᠷᠢᠯᠭ᠎ᠠ ᠨᠤᠷᠠᠭᠰᠠᠨ ᠭᠡᠷᠡᠭ ᠠ᠋ᠨᠳᠡᠯ᠎ᠠᠴᠠ ᠠᠪᠤᠷᠠᠨ ᠲᠤᠰᠠᠯᠠᠬᠤ;   ᠲᠠᠭ᠋ᠠᠷᠢᠯᠳᠠ᠎ᠳᠤ ᠤᠴᠠᠷᠠᠭᠰᠠᠨ ᠵᠡᠷᠭᠡ ᠭᠡᠨᠡᠳᠳᠡ ᠠ᠋ᠬᠥᠰᠥᠭᠰᠡᠨ ᠭᠡᠷᠡᠭ ᠤᠴᠢᠷ᠎ᠢ ᠪᠠᠴᠢᠮ ᠠᠷᠭ᠋ᠠᠴᠠᠭ᠋ᠠᠬᠤ ᠠᠪᠤᠷᠠᠨ   ᠲᠤᠰᠠᠯᠠᠬᠤ; ᠨᠢᠭᠡᠴᠡ ᠬᠢᠭᠡᠳ ᠤᠯᠠᠨ ᠲᠥᠮᠡᠨ ᠠᠶᠤᠯ ᠲᠥᠭᠰᠢᠬᠥᠷᠢ᠎ᠳᠤ ᠤᠴᠠᠷᠠᠵᠤ ᠲᠤᠰᠠᠯᠠᠮᠵᠢ ᠭᠤᠶᠤᠴᠢᠯᠠᠭᠰᠠᠨ   ᠥᠶ᠎ᠡ᠎ᠳᠤ ᠠᠪᠤᠷᠠᠨ ᠲᠤᠰᠠᠯᠠᠬᠤ ᠵᠡᠷᠭᠡ ᠪᠠᠭᠳᠠᠨ᠎ᠠ᠃      
     ◆ ᠬᠤᠳᠠᠯ ᠵᠢᠡᠷ ᠭᠡᠷᠡᠭ ᠮᠡᠳᠡᠬᠥᠯᠬᠥ ᠪᠤᠶᠤ ᠮᠠᠭᠤ ᠰᠠᠨᠠᠭ᠎ᠠ᠎ᠪᠠᠷ 119 ᠤᠳᠠᠰᠤ ᠵᠢ ᠰᠠᠮᠠᠷᠠᠭᠤᠯᠤᠭᠰᠠᠨ ᠥᠢ᠍ᠯᠡ   ᠠᠵᠢᠯᠯᠠᠭ᠎ᠠ ᠵᠢ ᠬᠠᠤᠯᠢ ᠴᠠᠭ᠋ᠠᠵᠠ᠎ᠪᠠᠷ ᠰᠢᠳᠭᠡᠨ᠎ᠠ᠃


ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ