ᠮᠠᠨᠠᠨ ᠭᠡᠳᠡᠭ ᠪᠤᠯ ᠭᠠᠵᠠᠷ᠎ᠤᠨ ᠭᠠᠳᠠᠷᠭᠤ ᠵᠢᠨ ᠭᠡᠢ ᠠᠭ᠋ᠠᠷ᠎ᠲᠠᠬᠢ ᠶᠡᠭᠡ ᠭᠡᠮᠵᠢᠶᠨᠡᠤ ᠤᠰᠤᠨ ᠲᠤᠰᠤᠯ ᠪᠤᠶᠤ ᠵᠢᠵᠢᠭ ᠮᠥᠰᠥᠨ ᠲᠤᠰᠤᠯ ᠵᠢᠡᠷ ᠪᠥᠷᠢᠯᠳᠥᠭᠰᠡᠨ ᠰᠥᠨ ᠴᠠᠭ᠋ᠠᠨ ᠥᠨᠭᠭᠡᠳᠡᠢ ᠬᠥᠪᠪᠥᠮᠡᠯ ᠴᠤᠭᠴᠠ ᠮᠥᠨ᠂ ᠤᠯᠠᠨᠭ᠌ᠬᠢ ᠳᠠᠭᠠᠨ ᠥᠷᠯᠥᠭᠡ ᠪᠤᠯᠤᠨ ᠤᠷᠤᠢ᠎ᠪᠠᠷ ᠢᠯᠡᠷᠡᠳᠡᠭ᠃ ᠥᠵᠡᠭᠳᠡᠴᠡ ᠵᠢᠨ ᠬᠡᠮᠵᠢᠶ᠎ᠡ ᠵᠢ ᠥᠨᠳᠥᠰᠥᠯᠡᠵᠤ᠂ ᠪᠠᠭ᠎ᠠ ᠮᠠᠨᠠᠨ᠂ ᠲᠤᠮᠳᠠ ᠮᠠᠨᠠᠨ᠂ ᠶᠡᠭᠡ ᠮᠠᠨᠠᠨ᠂ ᠥᠳᠭᠡᠨ ᠮᠠᠨᠠᠨ ᠪᠠ ᠭᠡᠳᠤ ᠥᠳᠭᠡᠨ ᠮᠠᠨᠠᠨ ᠭᠡᠵᠤ ᠬᠤᠪᠢᠶᠠᠳᠠᠭ ᠶᠤᠮ᠃
※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
○ ᠨᠢᠰᠭᠡᠯ᠎ᠤᠨ ᠪᠠᠭᠤᠳᠠᠯ᠂ ᠲᠡᠭᠡᠳᠤ ᠬᠤᠷᠳᠤᠴᠠᠳᠤ ᠵᠠᠮ᠂ ᠬᠥᠯᠭᠡ ᠤᠨᠭ᠌ᠭᠤᠴᠠᠨᠤ ᠭᠠᠷᠠᠮ ᠵᠡᠷᠭᠡ ᠨᠢᠭᠡᠴᠡ ᠨᠦᠭᠦᠳ ᠵᠠᠮ ᠬᠠᠷᠢᠯᠴᠠᠭ᠋ᠠᠨ᠎ᠤ ᠬᠠᠮᠢᠶᠠᠷᠤᠯᠳᠠ᠎ᠪᠠᠨ ᠴᠢᠨᠭ᠌ᠭ᠋ᠠᠳᠬᠠᠵᠤ᠂ ᠠᠮᠤᠷ ᠲᠥᠪᠰᠢᠨ᠎ᠢ ᠪᠠᠳᠤᠯᠠᠨ᠎ᠠ᠃ ○ ᠬᠤᠯᠪᠤᠭᠳᠠᠯ ᠪᠥᠬᠥᠢ ᠨᠢᠭᠡᠴᠡ᠎ᠨᠦᠭᠦᠳ᠎ᠨᠢ ᠠᠵᠢᠯ ᠲᠥᠷᠥᠯ᠎ᠤᠨ᠎ᠬᠢᠨ᠎ᠤ ᠲᠤᠭᠳᠠᠭ᠋ᠠᠯ᠎ᠢ ᠥᠨᠳᠥᠰᠥᠯᠡᠨ᠂ ᠵᠤᠬᠢᠮᠵᠢᠳᠠᠢ ᠴᠠᠭ᠎ᠲᠤ ᠵᠠᠮ ᠬᠠᠷᠢᠯᠴᠠᠭ᠋ᠠᠨ᠎ᠤ ᠠᠮᠤᠷ ᠲᠥᠪᠰᠢᠨ᠎ᠤ ᠵᠠᠬᠢᠷᠤᠨ ᠬᠠᠮᠢᠶᠠᠷᠬᠤ ᠠᠷᠭ᠎ᠠ ᠭᠡᠮᠵᠢᠶ᠎ᠡ ᠠᠪᠴᠤ᠂ ᠴᠢᠬᠤᠯᠠᠳᠠᠢ ᠥᠶ᠎ᠡ᠎ᠳᠤ ᠲᠡᠭᠡᠳᠤ ᠬᠤᠷᠳᠤᠴᠠᠳᠤ ᠵᠠᠮ᠎ᠢ ᠪᠢᠳᠡᠬᠥᠮᠵᠢᠯᠡᠨ᠂ ᠨᠢᠰᠭᠡᠯ᠎ᠤᠨ ᠨᠢᠰᠥᠯᠳᠡ ᠪᠠᠭᠤᠯᠳᠠ᠂ ᠬᠥᠯᠭᠡ ᠤᠨᠭ᠌ᠭᠤᠴᠠ ᠵᠢᠨ ᠠᠶᠠᠯᠠᠯ ᠵᠡᠷᠭᠡ ᠵᠢ ᠲᠥᠷ ᠵᠤᠭᠰᠤᠭ᠋ᠠᠨ᠎ᠠ᠃
○ ᠵᠢᠯᠤᠭᠤᠴᠢᠳ ᠮᠠᠨᠠᠨ᠎ᠲᠠᠢ ᠠ᠋ᠳᠥᠷ᠎ᠤᠨ ᠠᠶᠠᠯᠠᠯ᠎ᠤᠨ ᠲᠤᠭᠳᠠᠭ᠋ᠠᠯ᠎ᠢ ᠥᠨᠳᠥᠰᠥᠯᠡᠵᠤ᠂ ᠰᠡᠷᠭᠡᠢ᠍ᠢ᠍ᠯᠡᠬᠥ ᠠᠷᠭ᠎ᠠ ᠭᠡᠮᠵᠢᠶ᠎ᠡ ᠵᠢ ᠢᠳᠡᠪᠬᠢᠳᠡᠢ ᠠᠪᠴᠤ᠂ ᠴᠢᠬᠤᠯᠠᠳᠠᠢ ᠥᠶ᠎ᠡ᠎ᠳᠤ ᠠᠮᠤᠷ ᠲᠥᠪᠰᠢᠨ ᠵᠤᠭᠰᠤᠭ᠋ᠠᠯ᠎ᠤᠨ ᠭᠠᠵᠠᠷ᠎ᠲᠤ ᠲᠥᠷᠭᠡᠨ ᠬᠥᠷᠴᠤ ᠵᠤᠭᠰᠤᠬᠤ ᠵᠢ ᠪᠠᠷᠢᠮᠳᠠᠯᠠᠭ᠋ᠠᠷᠠᠢ᠃
& ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠬᠤᠯᠪᠤᠭᠳᠠᠯ ᠪᠥᠬᠥᠢ ᠰᠠᠯᠠᠭ᠎ᠠ ᠮᠥᠴᠢᠷ ᠪᠤᠯᠤᠨ ᠨᠢᠭᠡᠴᠡ᠎ᠨᠦᠭᠦᠳ ᠠ᠋ᠬᠥᠷᠭᠡ ᠬᠠᠷᠢᠭᠤᠴᠠᠯᠭ᠎ᠠ᠎ᠪᠠᠷ ᠵᠢᠡᠨ ᠮᠠᠨᠠᠨ᠎ᠠᠴᠠ ᠪᠠᠴᠢᠮ ᠠᠷᠭ᠋ᠠᠴᠠᠭ᠋ᠠᠬᠤ ᠠᠵᠢᠯ ᠵᠢᠡᠨ ᠰᠠᠢ᠍ᠢ᠍ᠳᠤᠷ ᠬᠢᠬᠥ ᠭᠡᠷᠡᠭᠳᠡᠢ᠃
◇ ᠵᠢᠯᠤᠭᠤᠴᠢᠳ ᠮᠠᠨᠠᠨ᠎ᠤ ᠬᠤᠪᠢᠷᠠᠯᠳᠠ ᠵᠢ ᠠᠨᠭ᠌ᠬᠠᠷᠴᠤ᠂ ᠲᠡᠷᠭᠡ ᠬᠥᠰᠭᠡ᠎ᠪᠠᠨ ᠠᠯᠭᠤᠷ ᠵᠢᠯᠤᠭᠤᠳᠬᠤ ᠭᠡᠷᠡᠭᠳᠡᠢ᠃
◇ ᠶᠡᠭᠡ ᠮᠠᠨᠠᠨ᠎ᠲᠠᠢ ᠠ᠋ᠳᠥᠷ᠎ᠲᠤ ᠭᠠᠳᠠᠨ᠎ᠠ ᠭᠠᠷᠴᠤ ᠪᠡᠶ᠎ᠡ᠎ᠪᠠᠨ ᠪᠤᠯᠪᠠᠰᠤᠷᠠᠵᠤ ᠪᠤᠯᠬᠤ ᠥᠭᠡᠢ᠃ ᠶᠡᠭᠡ ᠮᠠᠨᠠᠨ᠎ᠲᠠᠢ ᠠ᠋ᠳᠥᠷ ᠭᠠᠳᠠᠭᠰᠢ ᠭᠠᠷᠬᠤ᠎ᠳᠠᠭᠠᠨ ᠠᠮᠠᠪᠴᠢ ᠵᠡᠬᠥᠵᠤ᠂ ᠬᠥᠮᠥᠨ᠎ᠤ ᠪᠡᠶ᠎ᠡ ᠮᠠᠬᠠᠪᠤᠳ᠎ᠲᠤ ᠬᠤᠤᠷ᠎ᠲᠠᠢ ᠭᠡᠢ ᠠᠭ᠋ᠠᠷ᠎ᠢ ᠠᠮᠢᠰᠬᠤᠬᠤ᠎ᠠᠴᠠ ᠰᠡᠷᠭᠡᠢ᠍ᠢ᠍ᠯᠡᠬᠥ ᠭᠡᠷᠡᠭᠳᠡᠢ᠃