ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠭᠠᠵᠠᠷ ᠬᠥᠳᠡᠯᠥᠯᠳᠡ ᠭᠡᠳᠡᠭ᠎ᠨᠢ ᠶᠠᠭᠤ ᠪᠤᠢ
ᠨᠡᠶ᠋ᠢᠲᠡᠯᠡᠭᠰᠡᠨ ᠴᠠᠭ᠄ 2015-01-30

      ᠭᠠᠵᠠᠷ ᠬᠥᠳᠡᠯᠥᠯᠳᠡ ᠭᠡᠳᠡᠭ ᠪᠤᠯ ᠭᠠᠵᠠᠷ᠎ᠤᠨ ᠪᠥᠮᠪᠥᠷᠴᠡᠭ᠎ᠤᠨ ᠲᠤᠳᠤᠭ᠋ᠠᠳᠤ᠎ᠳᠠᠬᠢ ᠪᠤᠳᠠᠰ ᠲᠠᠰᠤᠷᠠᠯᠳᠠ   ᠥᠭᠡᠢ ᠬᠥᠳᠡᠯᠥᠨ ᠬᠤᠪᠢᠷᠠᠵᠤ᠂ ᠠᠭ᠋ᠠᠵᠢᠮ ᠵᠢᠡᠷ ᠬᠤᠷᠠᠮᠳᠤᠭᠰᠠᠨ ᠠ᠋ᠨ᠋ᠸᠷᠬᠢ ᠵᠢᠨ ᠬᠡᠮᠵᠢᠶ᠎ᠡ᠎ᠨᠢ ᠬᠠᠳᠠᠨ ᠲᠠᠪᠬᠤᠷᠭ᠎ᠠ ᠵᠢ   ᠡᠪᠳᠡᠭᠰᠡᠨ ᠪᠤᠶᠤ ᠵᠥᠷᠢᠯᠳᠥᠭᠰᠡᠨ᠎ᠠᠴᠠ ᠪᠤᠯᠤᠭᠰᠠᠨ ᠬᠥᠴᠥᠷᠭᠡᠭ ᠲᠤᠯᠬᠢᠰᠤᠯᠳᠠ ᠪᠤᠯᠤᠨ᠎ᠠ᠃        
ᠭᠠᠵᠠᠷ ᠬᠥᠳᠡᠯᠥᠯᠳᠡ᠎ᠨᠢ ᠭᠤᠤᠯᠳᠠᠭᠤ ᠭᠡᠷ ᠪᠠᠷᠢᠯᠭ᠎ᠠ ᠨᠤᠷᠠᠬᠤ ᠵᠢᠴᠢ ᠭᠠᠵᠠᠷ ᠬᠥᠳᠡᠯᠥᠯᠳᠡ᠎ᠠᠴᠠ ᠭᠠᠯ   ᠲᠥᠢ᠍ᠮᠡᠷ᠎ᠤᠨ ᠠᠶᠤᠯ᠂ ᠥᠶᠡᠷ ᠤᠰᠤᠨ᠎ᠤ ᠠᠶᠤᠯ᠂ ᠰᠢᠪᠠᠷ ᠴᠢᠯᠠᠭᠤᠨ᠎ᠤ ᠤᠷᠤᠰᠬᠠᠯ᠂ ᠬᠢᠵᠢᠭ ᠡᠪᠡᠳᠴᠢᠨ ᠵᠡᠷᠭᠡ ᠵᠢ   ᠠ᠋ᠬᠥᠰᠭᠡᠵᠤ᠂ ᠬᠥᠮᠥᠨ ᠲᠥᠷᠥᠯᠬᠢᠳᠡᠨ᠎ᠳᠤ ᠥᠬᠥᠵᠤ ᠰᠢᠷᠬᠠᠳᠠᠬᠤ ᠵᠢᠴᠢ ᠠᠵᠤ ᠠᠬᠤᠢ ᠠ᠋ᠳ᠋ ᠬᠥᠷᠥᠨᠭᠭᠡ ᠵᠢᠨ ᠬᠤᠬᠢᠷᠠᠯ᠎ᠢ   ᠠᠪᠴᠢᠷᠠᠳᠠᠭ ᠶᠤᠮ᠃        
      ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ○ ᠭᠠᠵᠠᠷ ᠬᠥᠳᠡᠯᠥᠯᠳᠡ ᠠ᠋ᠬᠥᠰᠬᠥ ᠥᠶ᠎ᠡ᠎ᠳᠤ ᠲᠡᠷᠡ ᠲᠡᠷᠤᠢ᠍ᠢ᠍ᠬᠠᠨ ᠤᠢ᠍ᠢ᠍ᠷ᠎ᠠ ᠬᠠᠪᠢ᠎ᠳᠠᠭᠠᠨ ᠲᠠᠯᠳᠠᠯᠠᠬᠤ ᠪᠤᠶᠤ   ᠠᠶᠤᠯ ᠲᠥᠭᠰᠢᠬᠥᠷᠢ ᠥᠭᠡᠢ ᠭᠠᠵᠠᠷ᠎ᠲᠤ ᠰᠢᠯᠵᠢᠵᠤ ᠤᠴᠢᠬᠤ ᠭᠡᠷᠡᠭᠳᠡᠢ᠂ ᠬᠤᠪᠴᠠᠰᠤ ᠠ᠋ᠮᠥᠰᠬᠥ ᠪᠤᠶᠤ ᠠ᠋ᠳ᠋ ᠮᠥᠨᠭᠬᠥ ᠠ᠋ᠷᠢᠬᠥ   ᠰᠢᠯᠳᠠᠭ᠋ᠠᠨ ᠵᠢᠡᠷ ᠴᠠᠭ᠎ᠢ ᠰᠠᠭ᠋ᠠᠳᠠᠭ᠋ᠠᠵᠤ ᠪᠤᠯᠬᠤ ᠥᠭᠡᠢ᠃ ᠭᠠᠯ᠂ ᠴᠠᠬᠢᠯᠭ᠋ᠠᠨ᠂ ᠨᠡᠬᠥᠷᠡᠰᠥᠨ ᠭᠡᠢ ᠵᠢᠨ ᠤᠢ᠍ᠢ᠍ᠷᠠᠯᠴᠠᠭ᠎ᠠ   ᠪᠠᠢ᠍ᠢ᠍ᠭ᠎ᠠ ᠪᠤᠯ ᠥᠳᠳᠡᠷ ᠲᠥᠷᠭᠡᠨ ᠵᠢᠡᠷ ᠤᠨᠳᠠᠷᠠᠭ᠋ᠠᠵᠤ ᠬᠠᠭ᠋ᠠᠬᠤ ᠭᠡᠷᠡᠭᠳᠡᠢ᠃        
     ○ ᠠᠰᠠᠷ ᠲᠤᠳᠤᠷ᠎ᠠ ᠪᠠᠢ᠍ᠢ᠍ᠭᠰᠠᠨ ᠪᠤᠯ ᠭᠠᠳᠠᠷ ᠭᠡᠷᠡᠮ ᠪᠤᠶᠤ ᠴᠤᠨᠭ᠌ᠬᠤ ᠠ᠋ᠬᠥᠳᠡᠨ᠎ᠠᠴᠠ ᠥᠳᠳᠡᠷ ᠲᠥᠷᠭᠡᠨ ᠵᠢᠡᠷ   ᠵᠠᠢ᠍ᠢ᠍ᠯᠠᠵᠤ᠂ ᠬᠤᠭᠤᠯᠠᠨ ᠭᠡᠷ᠂ ᠵᠤᠷᠯᠤᠩ ᠪᠤᠯᠤᠨ ᠪᠡᠶ᠎ᠡ ᠤᠬᠢᠶᠠᠬᠤ ᠲᠠᠰᠤᠯᠭ᠎ᠠ ᠵᠡᠷᠭᠡ ᠵᠠᠢ ᠪᠠᠭ᠎ᠠ᠎ᠲᠠᠢ ᠭᠡᠷ᠎ᠲᠤ   ᠲᠠᠯᠳᠠᠯᠠᠬᠤ ᠭᠡᠷᠡᠭᠳᠡᠢ᠂ ᠮᠥᠨ ᠴᠤ᠌ ᠭᠡᠷᠡᠮ᠎ᠤᠨ ᠪᠤᠯᠤᠩ᠂ ᠭᠡᠷ᠎ᠤᠨ ᠠᠪᠳᠠᠷ᠎ᠠ ᠬᠤᠷᠭᠤ ᠵᠢᠨ ᠬᠠᠵᠠᠭᠤ ᠬᠠᠪᠢ ᠵᠡᠷᠭᠡ   ᠭᠤᠷᠪᠠᠯᠵᠢᠨ ᠥᠨᠴᠥᠭ᠎ᠲᠠᠢ ᠭᠠᠵᠠᠷ᠎ᠲᠤ ᠲᠠᠯᠳᠠᠯᠠᠵᠤ ᠪᠤᠯᠤᠨ᠎ᠠ᠃ ᠭᠠᠵᠠᠷ ᠬᠥᠳᠡᠯᠥᠭᠰᠡᠨ᠎ᠤ ᠲᠠᠷᠠᠭ᠎ᠠ ᠵᠢᠭᠤᠳᠠᠵᠤ   ᠵᠠᠢ᠍ᠢ᠍ᠯᠠᠬᠤ᠎ᠳᠠᠭᠠᠨ ᠴᠠᠬᠢᠯᠭ᠋ᠠᠨ ᠱᠠᠳᠤ ᠵᠢ ᠭᠡᠷᠡᠭᠯᠡᠵᠤ ᠪᠤᠯᠬᠤ ᠥᠭᠡᠢ᠂ ᠭᠡᠷᠪᠡ ᠭᠠᠵᠠᠷ ᠬᠥᠳᠡᠯᠵᠤ ᠪᠠᠢ᠍ᠢ᠍ᠭ᠎ᠠ ᠥᠶ᠎ᠡ᠎ᠳᠤ   ᠴᠠᠬᠢᠯᠭ᠋ᠠᠨ ᠱᠠᠳᠤᠨ ᠲᠤᠳᠤᠷ᠎ᠠ ᠪᠠᠢ᠍ᠢ᠍ᠭᠰᠠᠨ ᠪᠤᠯ ᠥᠨᠳᠳᠡᠷ ᠲᠥᠷᠭᠡᠨ ᠵᠠᠢ᠍ᠢ᠍ᠯᠠᠬᠤ ᠭᠡᠷᠡᠭᠳᠡᠢ᠃ ᠭᠤᠷᠪᠠᠨ ᠲᠠᠪᠬᠤᠷᠭ᠎ᠠ᠎ᠠᠴᠠ   ᠲᠡᠭᠡᠭᠰᠢ ᠥᠨᠳᠥᠷ ᠠᠰᠠᠷ᠎ᠲᠠᠬᠢ ᠬᠥᠮᠥᠰ ᠠᠰᠠᠷ ᠬᠠᠷᠠᠢ᠍ᠢ᠍ᠵᠤ ᠪᠤᠯᠬᠤ ᠥᠭᠡᠢ᠃        
     ○ ᠰᠢᠪᠠᠷ ᠪᠠᠢ᠍ᠢ᠍ᠰᠢᠩ᠎ᠳᠤ ᠪᠠᠢ᠍ᠢ᠍ᠭᠰᠠᠨ ᠪᠤᠯ ᠭᠡᠷ᠎ᠤᠨ ᠭᠠᠳᠠᠨᠠᠬᠢ ᠥᠷᠭᠡᠨ ᠠᠭᠤᠵᠢᠮ ᠭᠠᠵᠠᠷ ᠲᠠᠯᠠᠪᠠᠢ᠎ᠳᠤ   ᠥᠳᠳᠡᠷ ᠲᠥᠷᠭᠡᠨ ᠬᠥᠶᠥᠵᠤ ᠭᠠᠷᠬᠤ ᠭᠡᠷᠡᠭᠳᠡᠢ᠂ ᠬᠥᠶᠥᠨ ᠭᠠᠷᠴᠤ ᠠᠮᠵᠢᠬᠤ ᠥᠭᠡᠢ ᠪᠤᠯ ᠬᠠᠳᠠᠭᠤ ᠪᠡᠬᠢ ᠤᠷᠤ ᠵᠢᠨ   ᠲᠤᠤᠷ᠎ᠠ᠂ ᠰᠢᠷᠡᠭᠡᠨ᠎ᠤ ᠲᠤᠤᠷ᠎ᠠ᠂ ᠠᠪᠳᠠᠷ᠎ᠠ ᠬᠤᠷᠭᠤ ᠵᠢᠨ ᠬᠠᠵᠠᠭᠤ᠎ᠳᠤ ᠲᠠᠯᠳᠠᠯᠠᠵᠤ᠂ ᠲᠡᠷ᠎ᠡ ᠪᠤᠶᠤ ᠭᠠᠷ ᠵᠢᠡᠷ ᠵᠢᠡᠨ   ᠲᠤᠯᠤᠭ᠋ᠠᠢ᠎ᠪᠠᠨ ᠬᠠᠮᠠᠭ᠋ᠠᠯᠠᠬᠤ ᠵᠢᠨ ᠲᠠᠭ᠋ᠠᠤ᠂ ᠠᠯᠴᠢᠭᠤᠷ ᠪᠤᠶᠤ ᠬᠤᠪᠴᠠᠰᠤ᠎ᠪᠠᠷ ᠵᠢᠡᠨ ᠠᠮᠠ ᠬᠠᠮᠠᠷ ᠵᠢᠡᠨ ᠪᠥᠭᠯᠡᠵᠤ᠂   ᠤᠳᠤᠭ᠎ᠠ ᠲᠤᠭᠤᠰᠤ᠎ᠠᠴᠠ   ᠰᠡᠷᠭᠡᠢ᠌ᠯᠡᠨ᠎ᠡ᠃        
     ○ ᠬᠤᠳᠠᠯᠳᠤᠭ᠋ᠠᠨ᠎ᠤ ᠲᠠᠯᠠᠪᠠᠢ᠂ ᠺᠢᠨᠤ᠋ ᠵᠢᠨ ᠤᠷᠳᠤᠨ᠂ ᠲᠡᠷᠭᠡᠨ᠎ᠤ ᠥᠷᠳᠡᠭᠡ ᠵᠡᠷᠭᠡ ᠤᠯᠠᠨ ᠨᠡᠢ᠍ᠢ᠍ᠳᠡ ᠵᠢᠨ   ᠭᠠᠵᠠᠷ ᠲᠠᠯᠠᠪᠠᠢ᠎ᠳᠤ ᠪᠠᠢ᠍ᠢ᠍ᠭ᠎ᠠ ᠪᠤᠯ ᠥᠳᠳᠡᠷ ᠲᠥᠷᠭᠡᠨ ᠵᠢᠡᠷ ᠲᠤᠯᠤᠭ᠋ᠠᠢ ᠲᠡᠷᠢᠬᠥᠨ ᠵᠢᠡᠨ ᠬᠠᠮᠠᠭ᠋ᠠᠯᠠᠵᠤ᠂ ᠤᠢ᠍ᠢ᠍ᠷᠠᠯᠴᠠᠭ᠎ᠠ   ᠪᠠᠢ᠍ᠢ᠍ᠭ᠎ᠠ ᠬᠠᠳᠠᠭᠤ ᠪᠡᠬᠢᠯᠢᠭ ᠠᠪᠳᠠᠷ᠎ᠠ ᠬᠤᠷᠭᠤ᠂ ᠰᠠᠨᠳᠠᠯᠢ ᠰᠢᠷᠡᠭᠡ ᠪᠤᠶᠤ ᠲᠤᠯᠭ᠋ᠠᠭᠤᠷᠢ ᠵᠢᠨ ᠬᠠᠵᠠᠭᠤ᠎ᠳᠤ ᠲᠠᠯᠳᠠᠯᠠᠵᠤ᠂   ᠰᠢᠯᠢᠨ ᠴᠤᠨᠭ᠌ᠬᠤ᠂ ᠰᠢᠯᠢᠨ ᠬᠤᠷᠭᠤ᠂ ᠠ᠋ᠯᠬᠥᠬᠥᠷ ᠳ᠋ᠸᠩ᠎ᠠᠴᠠ ᠵᠠᠢ᠍ᠢ᠍ᠯᠠᠵᠤ᠂ ᠬᠥᠮᠥᠰ᠎ᠢ᠎ᠲᠠᠭᠠᠨ ᠠᠰᠠᠷ᠎ᠤᠨ ᠱᠠᠳᠤᠨ᠎ᠳᠤ   ᠴᠢᠬᠢᠯᠳᠥᠬᠥ᠎ᠠᠴᠠ ᠰᠡᠷᠭᠡᠢ᠍ᠢ᠍ᠯᠡᠬᠥ ᠭᠡᠷᠡᠭᠳᠡᠢ᠃ ᠠᠨᠭ᠌ᠬᠢ ᠵᠢᠨ ᠭᠡᠷ᠎ᠲᠤ ᠪᠤᠯ ᠪᠢᠴᠢᠭ᠎ᠤᠨ ᠪᠤᠭᠴᠤ᠎ᠪᠠᠷ ᠵᠢᠡᠨ ᠲᠤᠯᠤᠭ᠋ᠠᠢ   ᠲᠡᠷᠢᠬᠥᠨ ᠵᠢᠡᠨ ᠬᠠᠮᠠᠭ᠋ᠠᠯᠠᠵᠤ᠂ ᠠᠮᠠ ᠬᠠᠮᠠᠷ ᠵᠢᠡᠨ ᠪᠢᠳᠡᠬᠥᠯᠥᠨ᠂ ᠰᠢᠷᠡᠭᠡᠨ᠎ᠤ ᠲᠤᠤᠷ᠎ᠠ ᠪᠤᠶᠤ ᠬᠠᠵᠠᠭᠤ᠎ᠳᠤᠨᠢ   ᠲᠠᠯᠳᠠᠯᠠᠵᠤ᠂ ᠭᠠᠵᠠᠷ ᠬᠥᠳᠡᠯᠥᠯᠳᠡ ᠲᠠᠭᠤᠰᠤᠭᠰᠠᠨ᠎ᠤ ᠲᠠᠷᠠᠭ᠎ᠠ ᠪᠠᠭᠰᠢ ᠵᠢᠨ ᠵᠢᠯᠤᠭᠤᠳᠤᠯᠭ᠎ᠠ᠎ᠪᠠᠷ ᠠ᠋ᠮᠬᠢ ᠲᠢᠭᠯᠢᠮ᠎ᠲᠠᠢ  ᠎ᠪᠠᠷ ᠵᠠᠢ᠍ᠢ᠍ᠯᠠᠬᠤ ᠭᠡᠷᠡᠭᠳᠡᠢ᠃        
     ○ ᠬᠤᠳᠠ ᠵᠢᠨ ᠵᠡᠭᠡᠯᠢ ᠭᠤᠳᠤᠮᠵᠢ᠎ᠳᠤ ᠶᠠᠪᠤᠵᠤ ᠪᠠᠢ᠍ᠢ᠍ᠭᠰᠠᠨ ᠪᠤᠯ ᠥᠳᠳᠡᠷ ᠲᠥᠷᠭᠡᠨ ᠵᠢᠡᠷ ᠠᠭᠤᠳᠠᠮ   ᠲᠠᠯᠠᠪᠠᠢ᠎ᠳᠤ ᠤᠴᠢᠵᠤ᠂ ᠥᠨᠳᠥᠷ ᠲᠤᠮᠤ ᠪᠠᠷᠢᠯᠭ᠎ᠠ᠎ᠠᠴᠠ ᠵᠠᠢ᠍ᠢ᠍ᠳᠠᠢ ᠪᠠᠢ᠍ᠢ᠍ᠵᠤ᠂ ᠵᠠᠷ᠎ᠤᠨ ᠫᠠᠢ᠍ᠢ᠍ᠰᠠ᠂ ᠬᠥᠴᠥᠳᠡᠯ   ᠥᠭᠡᠷᠡᠴᠢᠯᠡᠭᠴᠢ᠂ ᠴᠠᠬᠢᠯᠭ᠋ᠠᠨ ᠤᠳᠠᠰᠤᠨ᠎ᠤ ᠪᠠᠭ᠋ᠠᠨ᠎ᠠ᠂ ᠵᠠᠮ᠎ᠤᠨ ᠳ᠋ᠸᠩ ᠵᠡᠷᠭᠡ ᠠᠶᠤᠯ᠎ᠲᠠᠢ ᠶᠠᠭᠤᠮ᠎ᠠ᠎ᠠᠴᠠ ᠵᠠᠢ᠍ᠢ᠍ᠳᠠᠢ   ᠪᠠᠢ᠍ᠢ᠍ᠬᠤ ᠭᠡᠷᠡᠭᠳᠡᠢ᠃        
     ○ ᠬᠥᠳᠡᠭᠡ ᠭᠠᠳᠠᠨ᠎ᠠ ᠪᠠᠢ᠍ᠢ᠍ᠭᠰᠠᠨ ᠪᠤᠯ ᠠ᠋ᠭ᠌ᠴᠡ ᠥᠨᠳᠥᠷ ᠠᠭᠤᠯᠠᠨ᠎ᠤ ᠬᠢᠷ᠎ᠠ ᠪᠤᠶᠤ ᠠᠰᠬ᠎ᠠ ᠬᠠᠳᠠᠨ᠎ᠠᠴᠠ   ᠥᠳᠳᠡᠷ ᠲᠥᠷᠭᠡᠨ ᠵᠢᠡᠷ ᠵᠠᠢ᠍ᠢ᠍ᠳᠠᠬᠤ ᠭᠡᠷᠡᠭᠳᠡᠢ᠃ ᠴᠢᠯᠠᠭᠤ ᠪᠥᠮᠪᠥᠷᠢᠬᠥ᠂ ᠠᠭᠤᠯᠠᠨ ᠭᠢᠷ᠎ᠠ ᠶᠡᠬᠥᠷᠡᠬᠥ ᠪᠠ ᠰᠢᠪᠠᠷ ᠴᠢᠯᠠᠭᠤᠨ  ᠎ᠤ ᠤᠷᠤᠰᠬᠠᠯ᠎ᠠᠴᠠ ᠰᠡᠷᠭᠡᠢ᠍ᠢ᠍ᠯᠡᠵᠤ᠂ ᠠᠭᠤᠯᠠ ᠶᠡᠬᠥᠷᠡᠭᠰᠡᠨ ᠪᠤᠯ ᠴᠢᠯᠠᠭᠤ ᠪᠥᠮᠪᠥᠷᠢᠵᠤ ᠮᠡᠳᠡᠬᠥ ᠠ᠋ᠭ᠌ᠴᠡ ᠴᠢᠭᠯᠡᠯ᠎ᠤᠨ   ᠬᠤᠶᠠᠷ ᠲᠠᠯ᠎ᠠ ᠲᠡᠰᠢ ᠵᠢᠭᠤᠳᠠᠬᠤ ᠭᠡᠷᠡᠭᠳᠡᠢ᠃ ᠲᠡᠷᠭᠡ ᠬᠥᠰᠭᠡ᠎ᠪᠠᠨ ᠰᠤᠯᠪᠢᠴᠠᠭ᠎ᠠ ᠬᠥᠬᠥᠷᠭᠡ᠂ ᠥᠨᠳᠥᠷ ᠬᠥᠬᠥᠷᠭᠡ᠂   ᠠᠭᠤᠯᠠᠨ᠎ᠤ ᠵᠠᠮ ᠵᠡᠷᠭᠡ ᠠᠶᠤᠯ ᠲᠥᠭᠰᠢᠬᠥᠷᠢᠳᠡᠢ ᠭᠠᠵᠠᠷ᠎ᠠᠴᠠ ᠥᠳᠳᠡᠷ ᠲᠥᠷᠭᠡᠨ ᠵᠢᠯᠤᠭᠤᠳᠤᠨ ᠵᠠᠢ᠍ᠢ᠍ᠯᠠᠭᠤᠯᠵᠤ᠂   ᠠᠭᠤᠵᠢᠮ ᠭᠠᠵᠠᠷ᠎ᠲᠤ ᠵᠤᠭᠰᠤᠬᠤ ᠭᠡᠷᠡᠭᠳᠡᠢ᠃ ᠲᠡᠷᠭᠡᠨ ᠲᠤᠳᠤᠷ᠎ᠠ ᠪᠠᠢ᠍ᠢ᠍ᠭ᠎ᠠ ᠠᠶᠠᠨᠴᠢᠳ ᠪᠠᠷᠢᠭᠤᠯ᠎ᠠᠴᠠ ᠴᠢᠨᠭᠭ᠎ᠠ   ᠠᠳᠬᠤᠨ᠂ ᠪᠡᠶ᠎ᠡ᠎ᠪᠠᠨ ᠲᠡᠨᠭᠴᠡᠬᠥᠨ ᠪᠠᠢ᠍ᠢ᠍ᠯᠭ᠋ᠠᠵᠤ᠂ ᠲᠡᠷᠭᠡᠨ᠎ᠠᠴᠠ ᠥᠰᠥᠷᠴᠤ ᠪᠠᠭᠤᠬᠤ ᠵᠢ ᠠ᠋ᠷᠡᠰ ᠴᠡᠭᠡᠷᠯᠡᠵᠤ᠂ ᠲᠡᠷᠭᠡ   ᠬᠥᠰᠭᠡ ᠵᠢᠨ ᠯᠠᠪᠳᠠᠭᠤᠨ ᠵᠤᠭᠰᠤᠭᠰᠠᠨ᠎ᠤ ᠲᠠᠷᠠᠭ᠎ᠠ ᠠᠭᠤᠵᠢᠮ ᠭᠠᠵᠠᠷ᠎ᠲᠤ ᠥᠳᠳᠡᠷ ᠲᠥᠷᠭᠡᠨ ᠵᠢᠡᠷ ᠰᠢᠯᠵᠢᠬᠥ ᠭᠡᠷᠡᠭᠳᠡᠢ  ᠃        
     ○ ᠭᠠᠵᠠᠷ ᠬᠥᠳᠡᠯᠥᠭᠡᠳ᠂ ᠪᠡᠶ᠎ᠡ ᠮᠠᠬᠠᠪᠤᠳ ᠪᠤᠯᠠᠭᠳᠠᠭᠰᠠᠨ ᠪᠤᠯ ᠰᠠᠨᠠᠭ᠎ᠠ ᠰᠡᠳᠬᠢᠯ ᠵᠢᠡᠨ ᠲᠤᠭᠳᠠᠭᠤᠨ   ᠪᠠᠢ᠍ᠢ᠍ᠯᠭ᠋ᠠᠵᠤ᠂ ᠥᠪᠡᠷ᠎ᠢ᠎ᠪᠠᠨ ᠠᠪᠤᠷᠠᠬᠤ ᠠᠷᠭ᠎ᠠ ᠠ᠋ᠷᠢᠵᠤ᠂ ᠪᠡᠶ᠎ᠡ ᠲᠡᠭᠡᠷᠡᠬᠢ ᠲᠠᠷᠤᠭᠰᠠᠨ ᠶᠠᠭᠤᠮᠠᠰ᠎ᠢ ᠴᠢᠳᠠᠬᠤ ᠵᠢᠨ   ᠲᠤᠳᠤᠷ᠎ᠠ ᠵᠠᠢ᠍ᠢ᠍ᠯᠠᠭᠤᠯᠵᠤ᠂ ᠤᠨᠠᠵᠤ ᠮᠡᠳᠡᠬᠥ ᠭᠡᠪᠷᠡᠭ ᠶᠠᠭᠤᠮᠠᠰ᠎ᠠᠴᠠ ᠬᠤᠯᠠ ᠪᠠᠢ᠍ᠢ᠍ᠵᠤ᠂ ᠠᠮᠤᠷ ᠲᠥᠪᠰᠢᠨ ᠤᠷᠤᠨ ᠵᠠᠢ  ᠎ᠪᠠᠨ ᠶᠡᠭᠡᠰᠭᠡᠬᠥ ᠭᠡᠷᠡᠭᠳᠡᠢ᠃ ᠥᠪᠡᠷ᠎ᠢ᠎ᠪᠠᠨ ᠠᠪᠤᠷᠠᠵᠤ ᠲᠡᠢ᠍ᠢ᠍ᠯᠬᠥ ᠥᠭᠡᠢ ᠪᠤᠯ ᠲᠡᠷᠤᠢ᠍ᠢ᠍ᠬᠠᠨ ᠶᠡᠭᠡ ᠲᠠᠭᠤ᠎ᠪᠠᠷ ᠠᠪᠤᠷᠠᠯᠳᠠ   ᠬᠥᠰᠡᠬᠥ ᠪᠠ ᠬᠥᠴᠥᠳᠡᠢ ᠬᠥᠳᠡᠯᠵᠤ ᠲᠠᠢ᠍ᠢ᠍ᠴᠢᠵᠤ ᠪᠤᠯᠬᠤ ᠥᠭᠡᠢ᠂ ᠬᠠᠷᠢᠨ ᠬᠥᠴᠤ ᠲᠡᠮᠢᠷ ᠵᠢᠡᠨ ᠬᠠᠳᠠᠭ᠋ᠠᠯᠠᠵᠤ᠂ ᠠᠪᠤᠷᠠᠨ   ᠲᠡᠳᠬᠥᠬᠥ ᠬᠥᠮᠥᠰ᠎ᠤᠨ ᠴᠢᠮᠡᠭᠡ ᠵᠢ ᠠᠨᠭ᠌ᠬᠠᠷᠤᠨ ᠬᠥᠯᠢᠶᠡᠵᠤ᠂ ᠲᠤᠬᠠᠢ ᠵᠢᠨ ᠥᠶ᠎ᠡ᠎ᠳᠤᠨᠢ ᠶᠠᠭᠤᠮ᠎ᠠ ᠴᠤᠬᠢᠬᠤ ᠪᠤᠶᠤ ᠶᠡᠭᠡ   ᠲᠠᠭᠤᠨ ᠵᠢᠡᠷ ᠬᠠᠰᠬᠢᠷᠠᠬᠤ ᠮᠡᠳᠤ ᠠᠷᠭ᠎ᠠ ᠪᠠᠷᠢᠯ ᠵᠢᠡᠷ ᠠᠪᠤᠷᠠᠯᠳᠠ ᠬᠥᠰᠡᠵᠤ ᠪᠤᠯᠤᠨ᠎ᠠ᠃      
     & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠭᠠᠵᠠᠷ ᠬᠥᠳᠡᠯᠥᠭᠰᠡᠨ ᠥᠶ᠎ᠡ᠎ᠳᠤ ᠪᠠᠴᠢᠮ ᠠᠷᠭ᠋ᠠᠴᠠᠬᠤ ᠵᠢᠨ ᠥᠨᠳᠥᠰᠥᠨ ᠵᠠᠷᠴᠢᠮ ᠪᠤᠯ ᠭᠠᠵᠠᠷ ᠬᠥᠳᠡᠯᠵᠤ   ᠪᠠᠢ᠍ᠢ᠍ᠭ᠎ᠠ ᠥᠶ᠎ᠡ᠎ᠳᠤ ᠤᠢ᠍ᠢ᠍ᠷ᠎ᠠ ᠬᠠᠪᠢ᠎ᠳᠠᠭᠠᠨ ᠲᠠᠯᠳᠠᠯᠠᠵᠤ᠂ ᠭᠠᠵᠠᠷ ᠬᠥᠳᠡᠯᠥᠯᠳᠡ ᠵᠢᠨ ᠲᠠᠷᠠᠭ᠎ᠠ ᠠ᠋ᠮᠬᠢ ᠲᠢᠭᠯᠢᠮ᠎ᠲᠠᠢ᠎ᠪᠠᠷ   ᠵᠠᠢ᠍ᠢ᠍ᠯᠠᠭᠤᠯᠬᠤ ᠶᠠᠪᠤᠳᠠᠯ ᠪᠤᠯᠤᠨ᠎ᠠ᠃        
     ◇ ᠭᠠᠵᠠᠷ ᠬᠥᠳᠡᠯᠥᠭᠰᠡᠨ ᠥᠶ᠎ᠡ᠎ᠳᠤ ᠠ᠋ᠷᠡᠰ ᠰᠢᠭᠤᠷᠬᠠᠢ᠎ᠪᠠᠷ ᠠᠷᠭ᠎ᠠ ᠭᠡᠮᠵᠢᠶ᠎ᠡ ᠠᠪᠴᠤ᠂ ᠲᠠᠯᠳᠠᠯᠠᠬᠤ ᠪᠠ   ᠵᠢᠭᠤᠳᠠᠬᠤ ᠠ᠋ᠰᠡᠬᠥ᠎ᠪᠠᠨ ᠲᠤᠬᠠᠢ ᠵᠢᠨ ᠭᠠᠵᠠᠷ᠎ᠤᠨ ᠪᠠᠢ᠍ᠢ᠍ᠳᠠᠯ᠎ᠢ ᠥᠵᠡᠵᠤ ᠪᠠᠢ᠍ᠢ᠍ᠭ᠋ᠠᠳ ᠲᠤᠭᠳᠠᠭ᠋ᠠᠬᠤ ᠭᠡᠷᠡᠭᠳᠡᠢ᠂ ᠤᠷᠤᠨ  ᠎ᠳᠠᠭᠠᠨ ᠲᠠᠳᠠᠭ᠋ᠠᠯᠵᠠᠨ ᠵᠤᠭᠰᠤᠵᠤ ᠪᠤᠯᠬᠤ ᠥᠭᠡᠢ᠃        
     ◇ ᠭᠠᠵᠠᠷ ᠬᠥᠳᠡᠯᠵᠤ ᠪᠠᠢ᠍ᠢ᠍ᠭ᠎ᠠ ᠥᠶ᠎ᠡ᠎ᠳᠤ ᠴᠢᠳᠠᠬᠤ ᠵᠢᠨ ᠲᠤᠳᠤᠷ᠎ᠠ ᠰᠥᠬᠥᠳᠬᠥ ᠪᠤᠶᠤ ᠭᠡᠪᠳᠡᠵᠤ᠂ ᠪᠡᠶ᠎ᠡ᠎ᠪᠠᠨ   ᠲᠡᠨᠭᠴᠡᠬᠥᠨ ᠪᠠᠢ᠍ᠢ᠍ᠯᠭ᠋ᠠᠵᠤ᠂ ᠲᠤᠯᠤᠭ᠋ᠠᠢ ᠬᠥᠵᠥᠬᠥᠥ᠎ᠪᠠᠨ ᠰᠠᠢ᠍ᠢ᠍ᠳᠤᠷ ᠬᠠᠮᠠᠭ᠋ᠠᠯᠠᠬᠤ ᠭᠡᠷᠡᠭᠳᠡᠢ᠃ ᠭᠠᠵᠠᠷ ᠬᠥᠳᠡᠯᠥᠯᠳᠡ ᠵᠢᠨ   ᠲᠠᠷᠠᠭ᠎ᠠ᠂ ᠤᠷᠤᠨ ᠰᠠᠭᠤᠴᠠ᠎ᠳᠠᠭᠠᠨ ᠪᠤᠴᠠᠵᠤ ᠬᠠᠷᠢᠬᠤ ᠵᠢ ᠶᠠᠭ᠋ᠠᠷᠠᠵᠤ ᠪᠤᠯᠬᠤ ᠥᠭᠡᠢ᠂ ᠥᠯᠡᠳᠡᠭᠳᠡᠯ ᠬᠥᠳᠡᠯᠥᠯᠳᠡ   ᠬᠢᠭᠡᠳ ᠭᠠᠵᠠᠷ ᠬᠥᠳᠡᠯᠥᠯᠳᠡ᠎ᠠᠴᠠ ᠠ᠋ᠬᠥᠰᠥᠭᠰᠡᠨ ᠭᠠᠯ᠎ᠤᠨ ᠠᠶᠤᠯ᠂ ᠤᠰᠤᠨ᠎ᠤ ᠠᠶᠤᠯ᠂ ᠠᠭᠤᠯᠠ ᠶᠡᠬᠥᠷᠡᠬᠥ᠂ ᠰᠢᠪᠠᠷ   ᠴᠢᠯᠠᠭᠤᠨ᠎ᠤ ᠤᠷᠤᠰᠬᠠᠯ᠂ ᠬᠤᠤᠷ᠎ᠲᠠᠢ ᠭᠡᠢ ᠪᠡᠶᠡᠳᠤ ᠪᠠ ᠰᠠᠴᠤᠷᠠᠭ ᠪᠤᠳᠠᠰ᠎ᠤᠨ ᠵᠠᠳᠠᠷᠠᠯᠳᠠ ᠵᠡᠷᠭᠡ ᠲᠠᠭ᠋ᠠᠯᠳᠤᠨ ᠠ᠋ᠬᠥᠰᠬᠥ   ᠭᠠᠮᠰᠢᠬ᠎ᠠᠴᠠ ᠰᠡᠷᠭᠡᠢ᠍ᠢ᠍ᠯᠡᠬᠥ ᠭᠡᠷᠡᠭᠳᠡᠢ᠃        
     ◇ ᠭᠠᠵᠠᠷ ᠬᠥᠳᠡᠯᠥᠯᠳᠡ ᠵᠢᠨ ᠲᠠᠷᠠᠭ᠎ᠠ᠂ ᠬᠥᠮᠥᠰ᠎ᠢ ᠠᠪᠤᠷᠠᠬᠤ᠎ᠳᠠᠭᠠᠨ ᠤᠷᠢᠳᠠᠪᠡᠷ ᠤᠢ᠍ᠢ᠍ᠷᠠᠯᠴᠠᠭ᠎ᠠ ᠪᠠᠢ᠍ᠢ᠍ᠭ᠎ᠠ ᠵᠢ᠂   ᠲᠠᠷᠠᠭ᠎ᠠ᠎ᠳᠤᠨᠢ ᠵᠠᠢ᠍ᠢ᠍ᠳᠠᠢ ᠪᠠᠢ᠍ᠢ᠍ᠭ᠎ᠠ ᠵᠢ᠎ᠨᠢ᠂ ᠤᠷᠢᠳᠠᠪᠡᠷ ᠤᠯᠠᠨ᠎ᠢ᠎ᠨᠢ᠂ ᠲᠠᠷᠠᠭ᠎ᠠ᠎ᠳᠤᠨᠢ ᠴᠥᠭᠡᠨ᠎ᠢ᠎ᠨᠢ᠂ ᠤᠷᠢᠳᠠᠪᠡᠷ   ᠠᠪᠤᠷᠠᠬᠤ᠎ᠳᠤ ᠬᠢᠯᠪᠡᠷ᠎ᠢ᠎ᠨᠢ᠂ ᠲᠠᠷᠠᠭ᠎ᠠ᠎ᠳᠤᠨᠢ ᠠᠪᠤᠷᠠᠬᠤ᠎ᠳᠤ ᠬᠥᠴᠢᠷᠳᠡᠢ ᠵᠢ᠎ᠨᠢ   ᠠᠪᠤᠷᠠᠯᠳᠠ ᠬᠢᠨ᠎ᠠ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ