ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠴᠠᠰᠤ ᠵᠤᠳ᠎ᠤᠨ ᠲᠤᠬᠠᠢ ᠲᠦᠭᠦᠮ ᠦᠢ᠍ᠯᠠᠭ᠋ᠠᠯᠳᠠ
ᠨᠡᠶ᠋ᠢᠲᠡᠯᠡᠭᠰᠡᠨ ᠴᠠᠭ᠄ 2015-01-30

      ᠵᠠᠯᠭ᠋ᠠᠪᠡᠷ ᠤᠷᠤᠭᠰᠠᠨ ᠴᠠᠰᠤᠨ᠎ᠤ ᠭᠡᠮᠵᠢᠶ᠎ᠡ᠎ᠨᠢ 10 ᠮᠢᠯᠢᠮᠸᠲᠷ᠎ᠠᠴᠠ ᠶᠡᠭᠡ ᠪᠤᠶᠤ ᠲᠡᠨᠭᠴᠡᠬᠥᠥ ᠪᠤᠯᠪᠠᠯ ᠴᠠᠰᠤ   ᠵᠤᠳ ᠭᠡᠨ᠎ᠡ᠃ ᠴᠠᠰᠤ ᠵᠤᠳ ᠭᠡᠳᠡᠭ᠎ᠨᠢ ᠤᠷᠳᠤ ᠬᠤᠭᠤᠴᠠᠭ᠎ᠠ᠎ᠪᠠᠷ ᠶᠡᠭᠡ ᠴᠠᠰᠤ ᠤᠷᠤᠭ᠋ᠠᠳ ᠶᠡᠭᠡ ᠭᠡᠮᠵᠢᠶ᠎ᠡ᠎ᠪᠠᠷ ᠴᠠᠰᠤ   ᠬᠤᠷᠠᠵᠤ᠂ ᠵᠠᠮ ᠬᠠᠷᠢᠯᠴᠠᠭ᠎ᠠ᠂ ᠠᠵᠤ ᠥᠢ᠍ᠯᠡᠳᠪᠥᠷᠢ ᠲᠡᠷᠢᠶᠠᠯᠠᠩ᠎ᠤᠨ ᠥᠢ᠍ᠯᠡᠳᠪᠥᠷᠢᠯᠡᠯ ᠪᠤᠯᠤᠨ ᠠᠷᠠᠳ᠎ᠤᠨ ᠠᠮᠢᠳᠤᠷᠠᠯ   ᠵᠡᠷᠭᠡ ᠵᠢ ᠨᠥᠯᠥᠭᠡᠯᠡᠬᠥ ᠪᠠᠢ᠍ᠢ᠍ᠭ᠋ᠠᠯᠢ ᠵᠢᠨ ᠭᠠᠮᠰᠢᠬ ᠮᠥᠨ᠃        
     ※   ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ● ᠵᠠᠮ ᠬᠠᠷᠢᠯᠴᠠᠭ᠎ᠠ᠂ ᠲᠡᠮᠥᠷ ᠵᠠᠮ᠂ ᠴᠠᠬᠢᠯᠭ᠋ᠠᠨ ᠬᠥᠴᠥᠨ᠂ ᠴᠢᠮᠡᠭᠡ ᠨᠡᠪᠳᠡᠷᠡᠯᠭᠡ ᠵᠡᠷᠭᠡ ᠰᠠᠯᠠᠭ᠎ᠠ ᠮᠥᠴᠢᠷ  ᠎ᠤᠨ᠎ᠬᠢᠨ ᠵᠠᠰᠠᠮᠠᠯ ᠵᠠᠮ᠂ ᠲᠡᠮᠥᠷ ᠵᠠᠮ᠎ᠤᠨ ᠵᠠᠮ ᠱᠤᠭᠤᠮ ᠵᠢᠡᠨ ᠲᠤᠭᠤᠷᠢᠨ ᠪᠠᠢ᠍ᠢ᠍ᠴᠠᠭ᠋ᠠᠵᠤ ᠬᠠᠮᠠᠭ᠋ᠠᠯᠠᠬᠤ ᠪᠥᠭᠡᠳ ᠵᠠᠮ   ᠱᠤᠭᠤᠮ ᠵᠢᠡᠷ ᠴᠡᠪᠡᠷᠯᠡᠵᠤ ᠱᠥᠬᠥᠷᠳᠡᠬᠥ ᠪᠠ ᠬᠤᠷᠠᠭᠰᠠᠨ ᠴᠠᠰᠤ ᠵᠢ ᠠᠷᠢᠯᠭ᠋ᠠᠬᠤ ᠠᠵᠢᠯ᠎ᠢ ᠰᠠᠢ᠍ᠢ᠍ᠳᠤᠷ   ᠬᠢᠨ᠎ᠠ᠃        
     ● ᠶᠠᠪᠠᠭ᠋ᠠᠨ ᠬᠥᠮᠥᠰ ᠲᠠᠭ᠋ᠠᠷᠠᠬᠤ ᠪᠠ ᠬᠠᠯᠳᠤᠷᠢᠬᠤ᠎ᠠᠴᠠ ᠰᠡᠷᠭᠡᠢ᠍ᠢ᠍ᠯᠡᠵᠤ᠂ ᠵᠢᠯᠤᠭᠤᠴᠢᠳ ᠲᠡᠷᠭᠡ ᠬᠥᠰᠭᠡ᠎ᠪᠠᠨ   ᠬᠢᠴᠢᠶᠡᠨ ᠵᠢᠯᠤᠭᠤᠳᠴᠤ᠂ ᠲᠡᠷᠭᠡ ᠬᠥᠰᠭᠡ ᠵᠢᠨ ᠬᠥᠷᠳᠥᠨ᠎ᠳᠡᠭᠡᠨ ᠭᠤᠯᠭᠤᠬᠤ᠎ᠠᠴᠠ ᠰᠡᠷᠭᠡᠢ᠍ᠢ᠍ᠯᠡᠬᠥ ᠠᠷᠭ᠎ᠠ ᠭᠡᠮᠵᠢᠶ᠎ᠡ   ᠠᠪᠬᠤ ᠭᠡᠷᠡᠭᠳᠡᠢ᠃          
     & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◆ ᠮᠠᠯ ᠰᠥᠷᠥᠭ᠎ᠤᠨ ᠪᠡᠬᠢᠯᠢᠭ ᠪᠤᠰᠤ ᠫᠸᠩ ᠰᠠᠷᠠᠪᠴᠢ ᠪᠤᠯᠤᠨ ᠰᠥᠯᠢᠶᠤᠤ ᠫᠸᠩ ᠵᠡᠷᠭᠡ ᠴᠠᠰᠤᠨ᠎ᠳᠤ   ᠬᠢᠯᠪᠠᠷ ᠲᠠᠷᠤᠭᠳᠠᠵᠤ ᠡᠪᠳᠡᠷᠡᠬᠥ ᠠᠶᠤᠯᠳᠠᠢ ᠪᠠᠷᠢᠯᠭ᠎ᠠ ᠵᠢ   ᠪᠡᠬᠢᠯᠡᠨ᠎ᠡ᠃        
     ◆ ᠲᠠᠷᠢᠶᠠᠯᠠᠬᠤ ᠮᠠᠯᠵᠢᠬᠤ ᠤᠷᠤᠨ ᠪᠤᠯᠤᠨ ᠲᠡᠷᠢᠵᠤ ᠲᠡᠵᠢᠭᠡᠵᠤ ᠥᠷᠡᠵᠢᠬᠥᠯᠬᠥ ᠥᠢ᠍ᠯᠡᠰ᠎ᠤᠨ᠎ᠬᠢᠨ ᠲᠡᠵᠢᠭᠡᠯ   ᠪᠤᠷᠳᠤᠭ᠎ᠠ᠎ᠪᠠᠨ ᠨᠥᠭᠡᠴᠡᠯᠡᠨ ᠬᠠᠳᠠᠭ᠋ᠠᠯᠠᠵᠤ᠂ ᠵᠤᠳ᠎ᠠᠴᠠ ᠰᠡᠷᠭᠡᠢ᠍ᠢ᠍ᠯᠡᠬᠥ ᠪᠠ ᠬᠥᠯᠳᠡᠵᠤ ᠬᠤᠬᠢᠷᠠᠬᠤ᠎ᠠᠴᠠ ᠰᠡᠷᠭᠡᠢ᠍ᠢ᠍ᠯᠡᠬᠥ   ᠪᠡᠯᠡᠳᠭᠡᠯ ᠠᠵᠢᠯ ᠵᠢᠡᠨ ᠰᠠᠢ᠍ᠢ᠍ᠳᠤᠷ   ᠬᠢᠨ᠎ᠠ᠃        
     ◆ ᠵᠠᠰᠠᠭ᠎ᠤᠨ ᠤᠷᠳᠤᠨ ᠵᠢᠴᠢ ᠬᠠᠮᠢᠶ᠎ᠠ ᠪᠥᠬᠥᠢ ᠰᠠᠯᠠᠭ᠎ᠠ ᠮᠥᠴᠢᠷ᠎ᠤᠳ ᠠ᠋ᠬᠥᠷᠭᠡ ᠬᠠᠷᠢᠭᠤᠴᠠᠯᠭ᠎ᠠ ᠵᠢᠨ ᠵᠢᠡᠨ   ᠶᠤᠰᠤᠭ᠋ᠠᠷ ᠵᠤᠳ᠎ᠠᠴᠠ ᠰᠡᠷᠭᠡᠢ᠍ᠢ᠍ᠯᠡᠬᠥ ᠪᠠ ᠬᠥᠯᠳᠡᠵᠤ ᠬᠤᠬᠢᠷᠠᠬᠤ᠎ᠠᠴᠠ ᠰᠡᠷᠭᠡᠢ᠍ᠢ᠍ᠯᠡᠬᠥ ᠠᠵᠢᠯ᠎ᠢ ᠨᠠᠢ᠍ᠢ᠍ᠳᠠᠪᠤᠷᠢᠵᠢᠭᠤᠯᠬᠤ   ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ