ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠵᠠᠮ ᠬᠠᠷᠢᠯᠴᠠᠭ᠋ᠠᠨ ᠎ᠤ ᠡ᠊ᠨᠳᠡᠯ ᠎ᠢ ᠴᠠᠭᠳᠠᠭ᠎ᠠ᠎ᠳᠤ ᠮᠡᠳᠡᠬᠥᠯᠬᠥ 122 ᠤᠳᠠᠰᠤ
ᠨᠡᠶ᠋ᠢᠲᠡᠯᠡᠭᠰᠡᠨ ᠴᠠᠭ᠄ 2015-01-30

      ᠵᠠᠮ ᠬᠠᠷᠢᠯᠴᠠᠭ᠋ᠠᠨ᠎ᠤ ᠠ᠋ᠨᠳᠡᠯ ᠠ᠋ᠬᠥᠰᠥᠭᠰᠡᠨ ᠪᠤᠶᠤ ᠵᠠᠮ ᠬᠠᠷᠢᠯᠴᠠᠭ᠋ᠠᠨ᠎ᠤ ᠵᠢᠭᠤᠷᠭ᠋ᠠᠨ ᠠ᠋ᠬᠥᠰᠪᠡᠯ 122 ᠴᠠᠭᠳᠠᠭ᠎ᠠ  ᠎ᠳᠤ ᠮᠡᠳᠡᠬᠥᠯᠬᠥ ᠤᠳᠠᠰᠤ᠎ᠪᠠᠷ ᠭᠡᠷᠡᠭ ᠮᠡᠳᠡᠬᠥᠯᠵᠤ ᠪᠤᠯᠤᠨ᠎ᠠ᠃        
    ※ ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ  
     O 122 ᠤᠳᠠᠰᠤ᠎ᠪᠠᠷ ᠤᠳᠠᠰᠤᠳᠠᠬᠤ᠎ᠳᠠᠭᠠᠨ ᠠ᠋ᠷᠭᠡᠪᠰᠢ ᠠ᠋ᠨᠳᠡᠯ ᠠ᠋ᠬᠥᠰᠥᠭᠰᠡᠨ ᠭᠠᠵᠠᠷ ᠤᠷᠤᠨ ᠬᠢᠭᠡᠳ ᠬᠥᠮᠥᠨ᠂   ᠲᠡᠷᠭᠡ ᠬᠥᠰᠭᠡ ᠵᠢᠨ ᠰᠥᠢ᠍ᠳᠥᠭᠰᠡᠨ ᠪᠠᠢ᠍ᠢ᠍ᠳᠠᠯ᠎ᠢ ᠲᠤᠳᠤᠷᠬᠠᠢ ᠭᠡᠯᠡᠵᠤ   ᠦᠭᠭᠦᠨ᠎ᠡ᠃                      O ᠬᠤᠶᠠᠷ ᠠ᠋ᠳᠡᠭᠡᠳ ᠵᠢᠡᠷ ᠵᠢᠡᠨ ᠥᠪᠡᠰᠥᠪᠡᠨ ᠰᠢᠢ᠍ᠳᠪᠥᠷᠢᠯᠡᠵᠤ ᠪᠤᠯᠤᠨ᠎ᠠ ᠭᠡᠵᠤ ᠥᠵᠡᠭᠰᠡᠨ ᠭᠡᠷᠡᠭ ᠡ᠊ᠨᠳᠡᠯ  ᠎ᠳᠤ ᠲᠡᠷᠭᠡ ᠬᠥᠰᠭᠡ᠎ᠪᠠᠨ ᠵᠠᠮ ᠬᠠᠷᠢᠯᠴᠠᠭ᠎ᠠ ᠵᠢ ᠬᠠᠷᠰᠢᠯᠠᠬᠤ ᠥᠭᠡᠢ ᠭᠠᠵᠠᠷ᠎ᠲᠤ ᠰᠢᠯᠵᠢᠬᠥᠯᠥᠨ ᠵᠥᠪᠳᠡᠯᠴᠡᠨ   ᠰᠢᠢ᠍ᠳᠪᠥᠷᠢᠯᠡᠨ᠎ᠡ; ᠪᠤᠰᠤᠳ ᠭᠡᠷᠡᠭ ᠡ᠊ᠨᠳᠡᠯ᠎ᠳᠤ ᠲᠤᠬᠠᠢ ᠵᠢᠨ ᠲᠠᠯᠠᠪᠠᠢ᠎ᠠᠴᠠ ᠰᠢᠯᠵᠢᠬᠥᠯᠬᠥ ᠴᠢᠬᠤᠯᠠ᠎ᠲᠠᠢ ᠪᠤᠯ ᠭᠡᠷᠡᠭ   ᠡ᠊ᠨᠳᠡᠯ᠎ᠤᠨ ᠲᠤᠬᠠᠢ ᠵᠢᠨ ᠲᠠᠯᠠᠪᠠᠢ ᠵᠢ ᠲᠤᠳᠤᠷᠬᠠᠢ᠍ᠢ᠍ᠯᠠᠨ ᠲᠡᠮᠳᠡᠭᠯᠡᠵᠤ᠂ ᠲᠡᠷᠭᠡ ᠬᠥᠰᠭᠡ᠎ᠪᠠᠨ ᠵᠠᠮ ᠬᠠᠷᠢᠯᠴᠠᠭ᠎ᠠ ᠵᠢ   ᠬᠠᠷᠰᠢᠯᠠᠬᠤ ᠥᠭᠡᠢ ᠭᠠᠵᠠᠷ᠎ᠲᠤ ᠰᠢᠯᠵᠢᠬᠥᠯᠥᠨ᠂ ᠵᠠᠮ ᠬᠠᠷᠢᠯᠴᠠᠭ᠋ᠠᠨ᠎ᠤ ᠴᠠᠭᠳᠠᠭ᠎ᠠ ᠢᠷᠡᠵᠤ ᠰᠢᠢ᠍ᠳᠪᠥᠷᠢᠯᠡᠬᠥ ᠵᠢ ᠬᠥᠯᠢᠶᠡᠬᠥ   ᠭᠡᠷᠡᠭᠳᠡᠢ᠃        
     O ᠵᠠᠮ ᠬᠠᠷᠢᠯᠴᠠᠭ᠋ᠠᠨ᠎ᠤ ᠠ᠋ᠨᠳᠡᠯ᠎ᠠᠴᠠ ᠤᠷᠭᠤᠨ ᠲᠤᠳᠠᠭ᠋ᠠᠭᠰᠠᠨ ᠲᠡᠷᠭᠡ ᠬᠥᠰᠭᠡ ᠲᠤᠬᠢᠶᠠᠯᠳᠤᠪᠠᠯ᠂ ᠡ᠊ᠨᠳᠡᠯ   ᠠ᠋ᠬᠥᠰᠭᠡᠭᠰᠡᠨ ᠲᠡᠷᠭᠡ ᠬᠥᠰᠭᠡ ᠵᠢᠨ ᠲᠡᠷᠭᠡᠨ ᠨᠤᠮᠸᠷ᠎ᠢ ᠲᠡᠮᠳᠡᠭᠯᠡᠨ ᠠᠪᠤᠨ᠎ᠠ; ᠭᠡᠷᠪᠡ ᠡ᠊ᠨᠳᠡᠯ ᠠ᠋ᠬᠥᠰᠭᠡᠭᠰᠡᠨ ᠲᠡᠷᠭᠡ   ᠬᠥᠰᠭᠡ ᠵᠢᠨ ᠲᠡᠷᠭᠡᠨ᠎ᠤ ᠨᠤᠮᠸᠷ᠎ᠢ ᠠᠨᠭ᠌ᠬᠠᠷᠴᠤ ᠠᠮᠵᠢᠭᠰᠠᠨ ᠥᠭᠡᠢ ᠪᠤᠯ ᠡ᠊ᠨᠳᠡᠯ ᠠ᠋ᠬᠥᠰᠭᠡᠭᠰᠡᠨ ᠲᠡᠷᠭᠡ ᠬᠥᠰᠭᠡ ᠵᠢᠨ   ᠲᠡᠷᠭᠡᠨ᠎ᠤ ᠭᠡᠯᠪᠡᠷᠢ ᠶᠠᠨᠭ᠌ᠵᠤ᠂ ᠥᠨᠭᠭᠡ ᠲᠥᠷᠰᠤ ᠵᠡᠷᠭᠡ ᠭᠤᠤᠯ ᠤᠨᠴᠠᠯᠢᠬ᠎ᠢ᠎ᠨᠢ   ᠲᠡᠮᠳᠡᠭᠯᠡᠨ   ᠠᠪᠴᠤ ᠪᠠᠢ᠌ᠭ᠋ᠠᠷᠠᠢ᠃  
     O ᠵᠠᠮ ᠬᠠᠷᠢᠯᠴᠠᠭ᠋ᠠᠨ᠎ᠤ ᠠ᠋ᠨᠳᠡᠯ᠎ᠳᠤ ᠬᠥᠮᠥᠨ ᠥᠬᠥᠵᠤ ᠰᠢᠷᠬᠠᠳᠠᠭᠰᠠᠨ ᠪᠤᠯ ᠲᠡᠷᠡ ᠲᠡᠷᠤᠢ᠎ᠳᠤᠨᠢ ᠪᠠᠴᠢᠮ ᠠᠪᠤᠷᠠᠯᠳᠠ   ᠵᠢᠨ ᠲᠤᠰᠠᠯᠠᠮᠵᠢ ᠭᠤᠶᠤᠴᠢᠯᠠᠬᠤ 120᠎ᠳᠤ ᠤᠳᠠᠰᠤᠳᠠᠬᠤ ᠵᠢᠨ ᠵᠡᠷᠭᠡᠴᠡᠭᠡ᠎ᠪᠠᠷ ᠲᠤᠬᠠᠢ ᠵᠢᠨ ᠲᠠᠯᠠᠪᠠᠢ ᠵᠢ ᠡᠪᠳᠡᠬᠥ   ᠥᠭᠡᠢ᠂ ᠰᠢᠷᠬᠠᠳᠠᠭᠰᠠᠳ᠎ᠢ ᠲᠤᠷ᠎ᠠ᠎ᠪᠠᠷ ᠵᠢᠡᠨ ᠰᠢᠯᠵᠢᠬᠥᠯᠬᠥ ᠥᠭᠡᠢ ᠪᠠᠢ᠍ᠢ᠍ᠬᠤ ᠭᠡᠷᠡᠭᠳᠡᠢ᠃          & ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ 122 ᠤᠳᠠᠰᠤ ᠪᠤᠯ ᠰᠥᠢ᠍ᠳᠭᠡᠯ ᠠᠪᠳᠠᠭ ᠥᠭᠡᠢ᠂ ᠮᠥᠨᠭᠬᠥᠨ ᠵᠤᠭᠤᠰ ᠤᠷᠬᠢᠬᠤ᠂ ᠰᠤᠷᠤᠨᠵᠢᠨ ᠺᠠᠷᠲ   ᠭᠡᠷᠡᠭᠯᠡᠬᠥ ᠵᠡᠷᠭᠡ ᠠᠷᠭ᠎ᠠ᠎ᠪᠠᠷ ᠨᠡᠢ᠍ᠢ᠍ᠳᠡ ᠵᠢᠨ ᠬᠡᠷᠡᠭᠯᠡᠭᠡᠨ᠎ᠤ ᠤᠳᠠᠰᠤ᠎ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃       ◇ ᠵᠠᠮ ᠬᠠᠷᠢᠯᠴᠠᠭ᠋ᠠᠨ᠎ᠤ ᠴᠠᠭᠳᠠᠭ᠎ᠠ ᠵᠢ ᠠ᠋ᠷᠢᠵᠤ᠂ ᠵᠠᠮ ᠬᠠᠷᠢᠯᠴᠠᠭ᠋ᠠᠨ᠎ᠤ ᠡ᠊ᠨᠳᠡᠯ᠎ᠢ ᠰᠢᠢ᠍ᠳᠪᠥᠷᠢᠯᠡᠬᠥ ᠪᠤᠯ ᠬᠠᠮᠤᠭ   ᠰᠠᠢ᠍ᠢ᠍ᠨ ᠰᠢᠢ᠍ᠳᠪᠥᠷᠢᠯᠡᠬᠥ ᠠᠷᠭ᠎ᠠ ᠪᠠᠷᠢᠯ ᠪᠤᠯᠤᠨ᠎ᠠ᠃        
     ◇ ᠵᠠᠮ ᠬᠠᠷᠢᠯᠴᠠᠭ᠋ᠠᠨ᠎ᠤ ᠴᠠᠭᠳᠠᠭ᠎ᠠ᠎ᠨᠢ ᠲᠤᠬᠠᠢ ᠵᠢᠨ ᠲᠠᠯᠠᠪᠠᠢ᠎ᠳᠤ ᠬᠥᠷᠬᠥ᠎ᠠᠴᠠ ᠠ᠋ᠮᠥᠨ᠎ᠡ ᠲᠤᠬᠠᠢ ᠵᠢᠨ   ᠲᠠᠯᠠᠪᠠᠢ ᠵᠢ ᠬᠠᠮᠠᠭ᠋ᠠᠯᠠᠬᠤ᠎ᠪᠠᠨ   ᠠᠩᠬᠠᠷᠤᠨ᠎ᠠ᠃


ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ