ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠲᠥᠷᠭᠡᠨ ᠬᠤᠷᠳᠤᠴᠠᠳᠤ ᠵᠠᠰᠠᠮᠠᠯ ᠵᠠᠮ᠎ᠤᠨ ᠵᠠᠮ ᠬᠠᠷᠢᠯᠴᠠᠭ᠋ᠠᠨ᠎ᠤ ᠡ᠊ᠨᠳᠡᠯ᠎ᠤᠨ ᠲᠤᠬᠠᠢ ᠮᠡᠳᠡᠯᠭᠡ
ᠨᠡᠶ᠋ᠢᠲᠡᠯᠡᠭᠰᠡᠨ ᠴᠠᠭ᠄ 2015-03-02

      ᠲᠥᠷᠭᠡᠨ ᠬᠤᠷᠳᠤᠴᠠᠳᠤ ᠵᠠᠰᠠᠮᠠᠯ ᠵᠠᠮ ᠵᠢᠡᠷ ᠲᠡᠷᠭᠡ ᠠᠶᠠᠯᠠᠬᠤ᠎ᠳᠠᠭᠠᠨ ᠬᠥᠶᠥᠬᠥ᠎ᠨᠢ ᠲᠥᠷᠭᠡᠨ᠂ ᠵᠢᠯᠤᠭᠤᠴᠢ   ᠵᠢᠨ ᠬᠥᠳᠡᠯᠥᠨᠭᠬᠥᠢ ᠬᠠᠷᠠᠴᠠ ᠪᠠᠭᠤᠷᠠᠵᠤ᠂ ᠥᠵᠡᠬᠥ ᠥᠷᠭᠡᠴᠡ᠎ᠨᠢ ᠢᠪᠴᠤᠷᠠᠵᠤ᠂ ᠮᠠᠭ᠋ᠠᠳᠯᠠᠬᠤ ᠴᠢᠳᠠᠪᠤᠷᠢ᠎ᠨᠢ   ᠪᠠᠭᠤᠷᠠᠵᠤ᠂ ᠲᠡᠨᠭᠴᠡᠬᠥᠷᠢᠳᠤ ᠰᠡᠷᠡᠯ᠎ᠨᠢ ᠴᠤ᠌ ᠬᠤᠪᠢᠷᠠᠯᠳᠠ᠎ᠲᠠᠢ ᠪᠤᠯᠳᠠᠭ ᠲᠤᠯᠠ ᠵᠠᠮ ᠬᠠᠷᠢᠯᠴᠠᠭ᠋ᠠᠨ᠎ᠤ ᠡ᠊ᠨᠳᠡᠯ ᠲᠤᠩ   ᠠᠮᠠᠷᠬᠠᠨ ᠠ᠋ᠬᠥᠰᠳᠡᠭ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠮᠠᠰᠢᠨᠳᠤ ᠲᠡᠷᠭᠡ᠎ᠨᠢ ᠲᠥᠷᠭᠡᠨ ᠬᠤᠷᠳᠤᠴᠠᠳᠤ ᠵᠠᠰᠠᠮᠠᠯ ᠵᠠᠮ ᠲᠡᠭᠡᠷ᠎ᠡ ᠡ᠊ᠨᠳᠡᠯ ᠭᠠᠷᠬᠤ᠎ᠳᠤ ᠬᠥᠷᠪᠡᠯ᠂   ᠲᠡᠷᠭᠡ᠎ᠪᠠᠨ ᠲᠡᠷᠤᠢ᠍ᠢ᠍ᠬᠠᠨ ᠵᠤᠭᠰᠤᠭ᠋ᠠᠵᠤ᠂ ᠲᠤᠬᠠᠢ ᠵᠢᠨ ᠲᠠᠯᠠᠪᠠᠢ ᠵᠢ ᠬᠠᠮᠠᠭ᠋ᠠᠯᠠᠬᠤ ᠭᠡᠷᠡᠭᠳᠡᠢ᠃ ᠴᠠᠭᠳᠠᠭ᠎ᠠ᠎ᠳᠤ   ᠤᠳᠠᠰᠤᠳᠠᠨ ᠮᠡᠳᠡᠬᠥᠯᠬᠥ᠎ᠳᠡᠭᠡᠨ ᠬᠡᠷᠡᠭ ᠭᠠᠷᠤᠭᠰᠠᠨ ᠴᠠᠭ᠂ ᠤᠷᠤᠨ ᠪᠠᠢ᠍ᠢ᠍ᠷᠢ᠂ ᠥᠷ᠎ᠡ ᠳ᠋ᠦ᠍ᠢ᠍ᠩ ᠵᠡᠷᠭᠡ ᠵᠢ ᠲᠤᠳᠤᠷᠬᠠᠢ   ᠮᠡᠳᠡᠭᠳᠡᠵᠤ᠂ ᠵᠠᠮ ᠬᠠᠷᠢᠯᠴᠠᠭ᠋ᠠᠨ᠎ᠤ ᠴᠠᠭᠳᠠᠭ᠎ᠠ ᠵᠢᠨ ᠪᠠᠢ᠍ᠢ᠍ᠴᠠᠭ᠋ᠠᠬᠤ᠎ᠳᠤ ᠬᠠᠮᠵᠢᠯᠴᠠᠬᠤ ᠭᠡᠷᠡᠭᠳᠡᠢ᠃        
     ● ᠬᠥᠮᠥᠨ ᠥᠬᠥᠵᠤ ᠰᠢᠷᠬᠠᠳᠤᠭᠰᠠᠨ ᠡ᠊ᠨᠳᠡᠯ ᠭᠠᠷᠤᠭᠰᠠᠨ ᠪᠤᠯ ᠤᠷᠢᠳᠠᠪᠡᠷ ᠬᠥᠮᠥᠨ᠎ᠢ ᠠᠪᠤᠷᠠᠬᠤ ᠵᠢᠨ ᠲᠠᠭ᠋ᠠᠤ  122᠂ 120᠎ᠳᠤ ᠲᠡᠷᠤᠢ᠍ᠢ᠍ᠬᠠᠨ   ᠤᠳᠠᠰᠤᠳᠠᠭ᠋ᠠᠷᠠᠢ᠃        
     ● ᠠᠶᠤᠯ ᠲᠥᠭᠰᠢᠬᠥᠷᠢ ᠵᠢ ᠮᠡᠳᠡᠬᠥᠯᠬᠥ ᠳ᠋ᠸᠩ ᠵᠢᠡᠨ ᠨᠡᠭᠡᠭᠡᠵᠤ᠂ ᠲᠡᠷᠭᠡ ᠢᠷᠡᠬᠥ ᠵᠥᠭ᠎ᠲᠤ 150 ᠮᠸᠲᠷ  ᠎ᠠᠴᠠ ᠭᠠᠳᠠᠨ᠎ᠠ ᠰᠠᠷᠠᠮᠵᠢ ᠵᠢᠨ ᠲᠡᠮᠳᠡᠭ   ᠭᠠᠷᠭ᠋ᠠᠨ᠎ᠠ᠃        
     ● ᠲᠡᠷᠭᠡᠨ ᠲᠡᠭᠡᠷᠡᠬᠢ ᠬᠥᠮᠥᠰ᠎ᠢ ᠵᠠᠮ᠎ᠤᠨ ᠪᠠᠷᠠᠭᠤᠨ ᠲᠠᠯ᠎ᠠ ᠪᠤᠶᠤ ᠪᠠᠴᠢᠮ ᠠᠷᠭ᠋ᠠᠴᠠᠬᠤ ᠲᠡᠷᠭᠡᠨ ᠲᠡᠭᠡᠷ᠎ᠡ   ᠲᠥᠷᠭᠡᠨ ᠰᠢᠯᠵᠢᠬᠥᠯᠬᠥ ᠭᠡᠷᠡᠭᠳᠡᠢ; ᠥᠪᠡᠷᠰᠡᠳ ᠵᠢᠡᠨ ᠵᠥᠪᠳᠡᠯᠴᠡᠨ ᠰᠢᠢ᠍ᠳᠪᠥᠷᠢᠯᠡᠵᠤ ᠲᠡᠢ᠍ᠢ᠍ᠯᠬᠥ ᠬᠥᠨᠭᠭᠡᠨ ᠡ᠊ᠨᠳᠡᠯ ᠪᠤᠯ   ᠮᠠᠰᠢᠨᠳᠤ ᠲᠡᠷᠭᠡ ᠵᠢ ᠲᠡᠷᠤᠢ᠍ᠢ᠍ᠬᠠᠨ ᠪᠠᠴᠢᠮ ᠠᠪᠤᠷᠠᠬᠤ ᠵᠠᠮ ᠪᠤᠶᠤ ᠥᠢ᠍ᠯᠡᠴᠢᠯᠡᠭᠡᠨ᠎ᠤ ᠲᠤᠭᠤᠷᠢᠬ᠎ᠲᠤ ᠪᠤᠯᠪᠠᠤ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠡ᠊ᠨᠳᠡᠯ᠎ᠤᠨ ᠲᠤᠰᠬᠠᠢ ᠲᠠᠯᠠᠪᠤᠷ ᠪᠠ ᠰᠢᠷᠬᠠᠳᠠᠨ᠎ᠤ ᠭᠡᠪᠳᠡᠭᠡ ᠪᠠᠢ᠍ᠢ᠍ᠷᠢᠰᠢᠯ᠎ᠳᠤ ᠲᠡᠮᠳᠡᠭ ᠲᠡᠯᠪᠢᠵᠤ᠂ ᠲᠤᠬᠠᠢ   ᠵᠢᠨ ᠲᠠᠯᠠᠪᠤᠷ᠎ᠤᠨ ᠮᠥᠷ ᠰᠤᠷᠪᠢ ᠪᠤᠳᠠᠰ᠎ᠤᠨ ᠬᠡᠷᠡᠴᠢ ᠵᠢ ᠪᠥᠷᠢᠨ ᠬᠠᠮᠠᠭ᠋ᠠᠯᠠᠵᠤ᠂ ᠲᠤᠳᠤᠭ᠋ᠠᠳᠤ ᠵᠢ ᠬᠠᠮᠠᠭ᠋ᠠᠯᠠᠬᠤ   ᠪᠠᠢ᠍ᠢ᠍ᠭᠤᠯᠤᠯᠭ᠎ᠠ ᠵᠢ ᠬᠠᠪᠰᠤᠷᠤᠨ ᠬᠡᠷᠡᠴᠢᠯᠡᠬᠥ ᠬᠥᠮᠥᠰ᠎ᠢ ᠠ᠋ᠷᠢᠵᠤ ᠤᠯᠬᠤ ᠭᠡᠷᠡᠭᠳᠡᠢ᠃        
     ◇ ᠥᠷᠬᠥᠯᠵᠢᠯᠡᠨ ᠤᠷᠤᠭᠤ ᠪᠠᠭᠤᠬᠤ᠎ᠳᠤ ᠲᠤᠷᠤᠮᠰᠤᠯᠠᠭᠤᠷ ᠵᠢᠡᠨ ᠬᠠᠭ᠋ᠠᠵᠤ ᠭᠤᠯᠭᠤᠭᠤᠯᠵᠤ ᠪᠤᠯᠬᠤ ᠥᠭᠡᠢ;   ᠬᠥᠨᠳᠤ ᠠᠴᠢᠶ᠎ᠠ᠎ᠲᠠᠢ ᠮᠠᠰᠢᠨ ᠲᠡᠷᠭᠡ᠎ᠨᠢ ᠠᠯᠢ ᠴᠢᠳᠠᠬᠤ᠎ᠪᠠᠷ ᠲᠤᠮᠳᠠᠴᠢ ᠬᠤᠷᠳᠤᠴᠠ ᠵᠢᠨ ᠲᠤᠷᠤᠮᠰᠤᠯᠠᠭᠤᠷ ᠵᠢᠡᠷ   ᠠᠶᠠᠯᠠᠵᠤ᠂ ᠲᠤᠷᠤᠮᠰᠤᠯᠠᠭᠤᠷ᠎ᠨᠢ ᠬᠡᠳᠥᠷᠭᠡᠢ ᠬᠠᠯᠠᠭ᠋ᠠᠤᠨ ᠥᠢ᠍ᠯᠡᠳᠥᠯ ᠵᠢᠡᠨ ᠠᠯᠳᠠᠬᠤ᠎ᠠᠴᠠ

ᠰᠡᠷᠭᠡᠢ᠌ᠯᠡᠨ᠎ᠡ᠃        
     ◇ ᠠ᠋ᠮᠥᠨ᠎ᠡ ᠲᠡᠯ᠎ᠠ᠎ᠳᠤ ᠲᠡᠷᠭᠡ ᠲᠥᠭᠵᠢᠷᠡᠭᠰᠡᠨ ᠪᠠᠢ᠍ᠢ᠍ᠪᠠᠯ ᠲᠡᠰ ᠲᠠᠷᠠᠭ᠋ᠠᠯᠠᠨ ᠮᠥᠷᠯᠡᠨ ᠬᠥᠯᠢᠶᠡᠬᠥ ᠭᠡᠷᠡᠭᠳᠡᠢ᠂ ᠠᠵᠠ   ᠭᠤᠷᠢᠳᠠᠵᠤ ᠰᠥᠯᠵᠢᠯᠡᠨ ᠶᠠᠪᠤᠬᠤ ᠪᠤᠶᠤ ᠪᠠᠴᠢᠮ ᠠᠷᠭ᠋ᠠᠴᠠᠭ᠋ᠠᠬᠤ ᠵᠠᠮ᠎ᠢ ᠡᠵᠡᠯᠡᠵᠤ ᠤᠭᠳᠤ ᠪᠤᠯᠬᠤ ᠥᠭᠡᠢ᠂ ᠢᠨᠭᠬᠢᠬᠥ᠎ᠳᠤ   ᠬᠥᠷᠪᠡᠯ᠂ ᠨᠡᠩ ᠬᠥᠨᠳᠤ ᠨᠤᠴᠢᠳᠠᠢ ᠵᠠᠮ ᠬᠠᠷᠢᠯᠴᠠᠭ᠋ᠠᠨ᠎ᠤ ᠲᠥᠭᠵᠢᠷᠡᠯ᠎ᠢ ᠪᠤᠢ ᠪᠤᠯᠭ᠋ᠠᠬᠤ ᠪᠥᠭᠡᠳ ᠤᠨᠴᠠ ᠲᠥᠷᠥᠯ᠎ᠤᠨ   ᠲᠡᠷᠭᠡ ᠬᠥᠰᠭᠡ ᠵᠢᠨ ᠠᠶᠤᠯ᠎ᠠᠴᠠ ᠠᠪᠤᠷᠠᠬᠤ ᠵᠢ ᠨᠥᠯᠥᠭᠡᠯᠡᠬᠥ ᠪᠤᠯᠤᠨ᠎ᠠ᠃        
     ◇ ᠰᠠᠯᠬᠢ ᠰᠢᠭᠤᠷᠭ᠋ᠠᠨ ᠴᠠᠰᠤ ᠮᠥᠰᠤ ᠪᠠ ᠠ᠋ᠬᠥᠯᠡ ᠮᠠᠨᠠᠨ᠎ᠲᠠᠢ ᠥᠶᠡᠰ ᠠᠭ᠋ᠠᠵᠢᠮ ᠠᠶᠠᠯᠠᠬᠤ ᠵᠢᠨ ᠲᠠᠭ᠋ᠠᠤ ᠵᠠᠮ  ᠎ᠤᠨ ᠴᠠᠭᠳᠠᠭ᠎ᠠ ᠵᠢᠨ ᠵᠢᠯᠤᠭᠤᠳᠤᠯᠭ᠎ᠠ ᠵᠢ ᠲᠠᠭ᠋ᠠᠵᠤ᠂ ᠬᠠᠮᠤᠭ᠎ᠤᠨ ᠤᠢ᠍ᠢ᠍ᠷ᠎ᠠ ᠪᠥᠬᠥᠢ ᠭᠠᠷᠬᠤ ᠵᠠᠮ ᠵᠢᠡᠷ ᠲᠥᠷᠭᠡᠨ   ᠬᠤᠷᠳᠤᠴᠠᠳᠤ ᠵᠠᠰᠠᠮᠠᠯ ᠵᠠᠮ᠎ᠠᠴᠠ ᠪᠠᠭᠤᠬᠤ ᠪᠤᠶᠤ ᠥᠢ᠍ᠯᠡᠴᠢᠯᠡᠭᠡᠨ᠎ᠤ ᠲᠤᠭᠤᠷᠢᠬ᠎ᠲᠤ ᠵᠤᠭᠰᠤᠨ ᠠᠮᠠᠷᠠᠬᠤ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ