ᠲᠥᠪ᠎ᠤᠨ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ   -   ᠰᠢᠮᠳᠠᠭᠤᠯᠤᠨ ᠪᠠᠢ᠌ᠴᠠᠭ᠋ᠠᠵᠤ ᠪᠠᠢ᠌ᠭ᠋ᠠᠳ ᠴᠡᠭᠴᠡᠯᠡᠨ ᠰᠠᠢ᠌ᠵᠢᠷᠠᠭᠤᠯᠬᠤ
ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠤ ᠠᠷᠪᠠ ᠶᠢᠰᠦᠳᠦᠭᠡᠷ ᠪᠦᠯᠦᠭ᠎ᠤᠨ 45 ᠬᠤᠪᠢ ᠣᠯᠠᠨ ᠲᠦᠮᠡᠨ᠎ᠤ ᠵᠠᠬᠢᠳᠠᠯ ᠰᠤᠷᠪᠣᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠰᠢᠢ᠍ᠳᠪᠦᠷᠢᠯᠡᠭᠦᠯᠬᠦ᠎ᠪᠠᠷ ᠲᠤᠰᠢᠶᠠᠵᠠᠢ
ᠨᠡᠶ᠋ᠢᠲᠡᠯᠡᠭᠰᠡᠨ ᠴᠠᠭ᠄ 2025-06-17

      6 ᠰᠠᠷ᠎ᠠ ᠵᠢᠨ 16᠎ᠤ ᠡᠳᠤᠷ᠂ ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠤ ᠠᠷᠪᠠ ᠶᠢᠰᠦᠳᠦᠭᠡᠷ ᠪᠦᠯᠦᠭ᠎ᠤᠨ 45 ᠬᠤᠪᠢ ᠬᠡᠷᠡᠭ (ᠭᠣᠣᠯᠳᠠᠯᠭ᠎ᠠ᠎ᠲᠠᠢ ᠠᠩᠬᠠᠷᠬᠤ 5 ᠬᠤᠪᠢ)᠎ᠢ ᠰᠢᠢ᠍ᠳᠪᠦᠷᠢᠯᠡᠭᠦᠯᠬᠦ᠎ᠪᠠᠷ ᠲᠤᠰᠢᠶᠠᠵᠠᠢ᠂ ᠡᠭᠦᠨ᠎ᠳᠤ ᠤᠲᠠᠰᠤ᠎ᠪᠠᠷ ᠢᠯᠡᠴᠢᠯᠡᠨ ᠮᠡᠳᠡᠭᠦᠯᠦᠭᠰᠡᠨ ᠬᠡᠷᠡᠭ 29 ᠬᠤᠪᠢ᠂ ᠵᠠᠬᠢᠳᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ 16 ᠬᠤᠪᠢ ᠪᠣᠢ᠃ ᠲᠤᠰ ᠪᠦᠯᠦᠭ᠎ᠤᠨ ᠵᠠᠬᠢᠳᠠᠯ ᠰᠣᠷᠪᠣᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠬᠥᠬᠡᠬᠣᠲᠠ᠎ᠳᠤ ᠬᠣᠯᠪᠣᠭᠳᠠᠬᠤ 8 ᠬᠤᠪᠢ᠂ ᠪᠤᠭᠤᠲᠤ ᠬᠣᠲᠠ᠎ᠳᠤ ᠬᠣᠯᠪᠣᠭᠳᠠᠬᠤ 2 ᠬᠤᠪᠢ᠂ ᠬᠦᠯᠦᠨ ᠪᠤᠢ᠌ᠷ ᠬᠣᠲᠠ᠎ᠳᠤ ᠬᠣᠯᠪᠣᠭᠳᠠᠬᠤ 8 ᠬᠤᠪᠢ᠂ ᠬᠢᠩᠭ᠋ᠠᠨ ᠠᠢ᠌ᠮᠠᠭ᠎ᠲᠤ ᠬᠣᠯᠪᠣᠭᠳᠠᠬᠤ 2 ᠬᠤᠪᠢ᠂ ᠲᠦᠩᠯᠢᠶᠣᠣ ᠬᠣᠲᠠ᠎ᠳᠤ ᠬᠣᠯᠪᠣᠭᠳᠠᠬᠤ 7 ᠬᠤᠪᠢ᠂ ᠣᠯᠠᠭ᠋ᠠᠬᠠᠭᠲᠠ ᠬᠣᠲᠠ᠎ᠳᠤ ᠬᠣᠯᠪᠣᠭᠳᠠᠬᠤ 5 ᠬᠤᠪᠢ᠂ ᠰᠢᠯᠢ ᠵᠢᠨ ᠭᠣᠣᠯ ᠠᠢ᠌ᠮᠠᠭ᠎ᠲᠤ ᠬᠣᠯᠪᠤᠭᠳᠠᠬᠤ 2 ᠬᠤᠪᠢ᠂ ᠤᠯᠠᠭ᠋ᠠᠨᠴᠠᠪ ᠬᠣᠲᠠ᠎ᠳᠤ ᠬᠣᠯᠪᠣᠭᠳᠠᠬᠤ 1 ᠬᠤᠪᠢ᠂ ᠣᠷᠳᠣᠰ ᠬᠣᠲᠠ᠎ᠳᠤ ᠬᠣᠯᠪᠣᠭᠳᠠᠬᠤ 1 ᠬᠤᠪᠢ᠂ ᠪᠠᠶᠠᠨᠨᠠᠭᠤᠷ ᠬᠣᠲᠠ᠎ᠳᠤ ᠬᠣᠯᠪᠣᠭᠳᠠᠬᠤ 1 ᠬᠤᠪᠢ᠂ ᠦᠬᠠᠢ ᠬᠣᠲᠠ᠎ᠳᠤ ᠬᠣᠯᠪᠣᠭᠳᠠᠬᠤ 2 ᠬᠤᠪᠢ᠂ ᠠᠯᠠᠱ᠌ᠠ ᠠᠢ᠌ᠮᠠᠭ᠎ᠲᠤ ᠬᠣᠯᠪᠣᠭᠳᠠᠬᠤ 1 ᠬᠤᠪᠢ ᠪᠣᠢ᠃ ᠲᠤᠰ ᠪᠦᠯᠦᠭ ᠵᠠᠬᠢᠳᠠᠯ ᠰᠣᠷᠪᠣᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠤᠰᠤᠨ᠎ᠤ ᠪᠣᠬᠢᠷᠳᠣᠯ᠎ᠤᠨ ᠬᠡᠷᠡᠭ 6 ᠬᠤᠪᠢ᠂ ᠬᠦᠷᠦᠰᠦ ᠰᠢᠷᠣᠢ ᠵᠢᠨ ᠪᠣᠬᠢᠷᠳᠣᠯ᠎ᠤᠨ ᠬᠡᠷᠡᠭ 6 ᠬᠤᠪᠢ᠂ ᠠᠮᠢ ᠠᠬᠤᠢ ᠵᠢ ᠡᠪᠳᠡᠭᠰᠡᠨ ᠬᠡᠷᠡᠭ 21 ᠬᠤᠪᠢ᠂ ᠱᠤᠤᠭᠢᠶᠠᠨ᠎ᠤ ᠪᠣᠬᠢᠷᠳᠣᠯ᠎ᠤᠨ ᠬᠡᠷᠡᠭ 5 ᠬᠤᠪᠢ᠂ ᠪᠤᠰᠤᠳ ᠠᠰᠠᠭᠤᠳᠠᠯ᠎ᠤᠨ ᠬᠡᠷᠡᠭ 1 ᠬᠤᠪᠢ ᠪᠣᠢ᠃ ᠲᠤᠬᠠᠢ ᠵᠢᠨ ᠡᠳᠦᠷ ᠳᠡᠭᠡᠷᠡᠬᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠴᠥᠮ ᠬᠣᠯᠪᠣᠭᠳᠠᠯ ᠪᠦᠬᠦᠢ ᠠᠢ᠌ᠮᠠᠭ ᠬᠣᠲᠠ᠎ᠳᠤ ᠰᠢᠯᠵᠢᠭᠦᠯᠦᠨ ᠪᠠᠢ᠌ᠴᠠᠭ᠋ᠠᠨ ᠰᠢᠢ᠍ᠳᠪᠦᠷᠢᠯᠡᠭᠦᠯᠵᠦ ᠪᠠᠢ᠌ᠨ᠎ᠠ᠃

      6 ᠰᠠᠷ᠎ᠠ ᠵᠢᠨ 16᠎ᠤ ᠡᠳᠦᠷ ᠪᠣᠯᠲᠠᠯ᠎ᠠ᠂ ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠮᠠᠨ᠎ᠤ ᠣᠷᠣᠨ᠎ᠳᠤ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠨᠡᠢ᠌ᠲᠡ ᠠᠷᠪᠠ ᠶᠢᠰᠦᠨ ᠪᠦᠯᠦᠭ᠂ 846 ᠬᠤᠪᠢ ᠬᠡᠷᠡᠭ (ᠭᠣᠣᠯᠳᠠᠯᠭ᠎ᠠ᠎ᠲᠠᠢ ᠠᠩᠬᠠᠷᠬᠤ 103 ᠬᠤᠪᠢ)᠎ᠢ ᠰᠢᠢ᠍ᠳᠪᠦᠷᠢᠯᠡᠭᠦᠯᠬᠦ᠎ᠪᠠᠷ ᠲᠤᠰᠢᠶᠠᠪᠠ᠂ ᠡᠭᠦᠨ᠎ᠳᠤ ᠤᠲᠠᠰᠤ᠎ᠪᠠᠷ ᠢᠯᠡᠴᠢᠯᠡᠨ ᠮᠡᠳᠡᠭᠦᠯᠦᠭᠰᠡᠨ ᠬᠡᠷᠡᠭ 514 ᠬᠤᠪᠢ᠂ ᠵᠠᠬᠢᠳᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ 332 ᠬᠤᠪᠢ ᠪᠣᠢ᠃ 846 ᠬᠤᠪᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠬᠥᠬᠡᠬᠤᠲᠠ᠎ᠳᠤ ᠬᠣᠯᠪᠣᠭᠳᠠᠬᠤ 148 ᠬᠤᠪᠢ᠂ ᠪᠤᠭᠤᠲᠤ ᠬᠣᠲᠠ᠎ᠳᠤ ᠬᠣᠯᠪᠣᠭᠳᠠᠬᠤ 64 ᠬᠤᠪᠢ᠂ ᠬᠥᠯᠥᠨ ᠪᠤᠢ᠌ᠷ ᠬᠣᠲᠠ᠎ᠳᠤ ᠬᠣᠯᠪᠣᠭᠳᠠᠬᠤ 75 ᠬᠤᠪᠢ᠂ ᠬᠢᠩᠭ᠋ᠠᠨ ᠠᠢ᠌ᠮᠠᠭ᠎ᠲᠤ ᠬᠣᠯᠪᠣᠭᠳᠠᠬᠤ 59 ᠬᠤᠪᠢ᠂ ᠲᠥᠩᠯᠢᠶᠤᠤ ᠬᠣᠲᠠ᠎ᠳᠤ ᠬᠣᠯᠪᠣᠭᠳᠠᠬᠤ 101 ᠬᠤᠪᠢ᠂ ᠤᠯᠠᠭ᠋ᠠᠨᠬᠠᠳᠠ ᠬᠣᠲᠠ᠎ᠳᠤ ᠬᠣᠯᠪᠣᠭᠳᠠᠬᠤ 106 ᠬᠤᠪᠢ᠂ ᠰᠢᠯᠢ ᠵᠢᠨ ᠭᠣᠣᠯ ᠠᠢ᠌ᠮᠠᠭ᠎ᠲᠤ ᠬᠣᠯᠪᠣᠭᠳᠠᠬᠤ 25 ᠬᠤᠪᠢ᠂ ᠤᠯᠠᠭ᠋ᠠᠨᠴᠠᠪ ᠬᠣᠲᠠ᠎ᠳᠤ ᠬᠣᠯᠪᠣᠭᠳᠠᠬᠤ 55 ᠬᠤᠪᠢ᠂ ᠣᠷᠳᠣᠰ ᠬᠣᠲᠠ᠎ᠳᠤ ᠬᠣᠯᠪᠣᠭᠳᠠᠬᠤ 129 ᠬᠤᠪᠢ᠂ ᠪᠠᠶᠠᠨᠨᠠᠭᠤᠷ ᠬᠣᠲᠠ᠎ᠳᠤ ᠬᠣᠯᠪᠣᠭᠳᠠᠬᠤ 52 ᠬᠤᠪᠢ᠂ ᠦᠬᠠᠢ ᠬᠣᠲᠠ᠎ᠳᠤ ᠬᠣᠯᠪᠣᠭᠳᠠᠬᠤ 23 ᠬᠤᠪᠢ᠂ ᠠᠯᠠᠱ᠌ᠠ ᠠᠢ᠌ᠮᠠᠭ᠎ᠲᠤ ᠬᠣᠯᠪᠣᠭᠳᠠᠬᠤ 9 ᠬᠤᠪᠢ ᠪᠣᠢ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ