ᠲᠥᠪ᠎ᠤᠨ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ   -   ᠰᠢᠮᠳᠠᠭᠤᠯᠤᠨ ᠪᠠᠢ᠌ᠴᠠᠭ᠋ᠠᠵᠤ ᠪᠠᠢ᠌ᠭ᠋ᠠᠳ ᠴᠡᠭᠴᠡᠯᠡᠨ ᠰᠠᠢ᠌ᠵᠢᠷᠠᠭᠤᠯᠬᠤ
ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠤ ᠲᠤᠰᠢᠶᠠᠨ ᠰᠢᠢ᠍ᠳᠪᠦᠷᠢᠯᠡᠭᠦᠯᠦᠭᠰᠡᠨ ᠠᠷᠪᠠᠨ ᠬᠣᠶᠠᠳᠤᠭ᠋ᠠᠷ ᠪᠦᠯᠦᠭ᠎ᠤᠨ 56 ᠬᠤᠪᠢ ᠣᠯᠠᠨ ᠲᠦᠮᠡᠨ᠎ᠤ ᠵᠠᠬᠢᠳᠠᠯ ᠰᠣᠷᠪᠣᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠰᠢᠢ᠍ᠳᠪᠦᠷᠢᠯᠡᠭᠰᠡᠨ ᠪᠠᠢ᠌ᠳᠠᠯ
ᠨᠡᠶ᠋ᠢᠲᠡᠯᠡᠭᠰᠡᠨ ᠴᠠᠭ᠄ 2025-06-19

      ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ (ᠳᠣᠷᠤᠭᠰᠢ 《ᠲᠥᠪ᠎ᠤᠨ ᠬᠢᠨᠠᠨ ᠪᠠᠢ᠌ᠴᠠᠭ᠋ᠠᠬᠤ ᠳᠤᠭᠤᠢ᠌ᠯᠠᠩ》 ᠭᠡᠵᠦ ᠳᠦᠭᠦᠮᠴᠢᠯᠡᠨ᠎ᠡ)᠎ᠤᠨ ᠠᠵᠢᠯ᠎ᠤᠨ ᠱᠠᠭ᠋ᠠᠷᠳᠠᠯᠭ᠎ᠠ ᠶᠣᠰᠣᠭ᠋ᠠᠷ᠂ 6 ᠰᠠᠷ᠎ᠠ ᠵᠢᠨ 18᠎ᠤ ᠡᠳᠦᠷ᠂ ᠪᠦᠬᠦ ᠣᠷᠣᠨ ᠵᠶ᠋ᠠᠷ ᠵᠶ᠋ᠠᠨ ᠲᠥᠪ᠎ᠤᠨ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠲᠤᠰᠢᠶᠠᠨ ᠰᠢᠢ᠍ᠳᠪᠦᠷᠢᠯᠡᠭᠦᠯᠦᠭᠰᠡᠨ ᠠᠷᠪᠠᠨ ᠬᠣᠶᠠᠳᠤᠭ᠋ᠠᠷ ᠪᠦᠯᠦᠭ᠎ᠤᠨ 56 ᠬᠤᠪᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠪᠠᠢ᠌ᠴᠠᠭ᠋ᠠᠨ ᠰᠢᠢ᠍ᠳᠪᠦᠷᠢᠯᠡᠪᠡ᠂ ᠡᠭᠦᠨ᠎ᠳᠤ 25 ᠬᠤᠪᠢ ᠵᠢ᠎ᠨᠢ ᠨᠢᠭᠡᠨᠲᠡ ᠰᠢᠢ᠍ᠳᠪᠦᠷᠢᠯᠡᠨ ᠳᠠᠭᠤᠰᠬᠠᠵᠤ᠂ 28 ᠬᠤᠪᠢ ᠵᠢ ᠱᠠᠲᠤᠴᠢ ᠴᠢᠨᠠᠷᠲᠠᠢ᠎ᠪᠠᠷ ᠰᠢᠢ᠍ᠳᠪᠦᠷᠢᠯᠡᠨ ᠳᠠᠭᠤᠰᠬᠠᠵᠤ᠂ 3 ᠬᠤᠪᠢ ᠵᠢ᠎ᠨᠢ ᠰᠢᠢ᠍ᠳᠪᠦᠷᠢᠯᠡᠵᠦ ᠳᠠᠭᠤᠰᠬᠠᠭ᠋ᠠᠳᠤᠢ᠂ 10 ᠨᠢᠭᠡᠴᠢ ᠵᠢ ᠵᠠᠷᠯᠢᠭᠳᠠᠨ ᠴᠡᠭᠴᠡᠯᠡᠨ ᠰᠠᠢ᠌ᠵᠢᠷᠠᠭᠤᠯᠵᠤ᠂ 1 ᠨᠢᠭᠡᠴᠢ ᠵᠢ ᠬᠡᠷᠡᠭ ᠪᠣᠯᠭ᠋ᠠᠨ ᠳᠠᠩᠰᠠᠯᠠᠵᠤ ᠰᠢᠢ᠍ᠳᠬᠡᠨ ᠲᠣᠷᠭ᠋ᠠᠵᠤ᠂ ᠵᠣᠭᠣᠰ ᠵᠶ᠋ᠠᠷ ᠲᠣᠷᠭ᠋ᠠᠭᠰᠠᠨ ᠬᠡᠮᠵᠢᠶ᠎ᠡ 9360 ᠲᠦᠭᠦᠷᠢᠭ᠎ᠲᠤ ᠬᠦᠷᠴᠦ᠂ 1 ᠬᠦᠮᠦᠨ᠎ᠳᠤ ᠬᠠᠷᠢᠭᠤᠴᠠᠯᠭ᠎ᠠ ᠲᠤᠯᠭ᠋ᠠᠪᠠ᠃

      6 ᠰᠠᠷ᠎ᠠ ᠵᠢᠨ 18᠎ᠤ ᠡᠳᠦᠷ ᠪᠣᠯᠲᠠᠯ᠎ᠠ᠂ ᠪᠦᠬᠦ ᠣᠷᠣᠨ ᠵᠶ᠋ᠠᠷ ᠵᠶ᠋ᠠᠨ ᠨᠢᠭᠡᠨᠲᠡ 1 — 12 ᠳ᠋ᠤᠭ᠋ᠠᠷ ᠪᠦᠯᠦᠭ᠎ᠤᠨ 451 ᠬᠤᠪᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠪᠠᠢ᠌ᠴᠠᠭ᠋ᠠᠨ ᠰᠢᠢ᠍ᠳᠪᠦᠷᠢᠯᠡᠵᠦ᠂ ᠡᠭᠦᠨ᠎ᠳᠤ 176 ᠬᠤᠪᠢ ᠵᠢ᠎ᠨᠢ ᠨᠢᠭᠡᠨᠲᠡ ᠰᠢᠢ᠍ᠳᠪᠦᠷᠢᠯᠡᠨ ᠳᠠᠭᠤᠰᠬᠠᠵᠤ᠂ 237 ᠬᠤᠪᠢ ᠵᠢ ᠱᠠᠲᠤᠴᠢ ᠴᠢᠨᠠᠷᠲᠠᠢ᠎ᠪᠠᠷ ᠰᠢᠢ᠍ᠳᠪᠦᠷᠢᠯᠡᠨ ᠳᠠᠭᠤᠰᠬᠠᠵᠤ᠂ 38 ᠬᠤᠪᠢ ᠵᠢ᠎ᠨᠢ ᠰᠢᠢ᠍ᠳᠪᠦᠷᠢᠯᠡᠵᠦ ᠳᠠᠭᠤᠰᠬᠠᠭ᠋ᠠᠳᠤᠢ᠂ 98 ᠨᠢᠭᠡᠴᠢ ᠵᠢ ᠵᠠᠷᠯᠢᠭᠳᠠᠨ ᠴᠡᠭᠴᠡᠯᠡᠨ ᠰᠠᠢ᠌ᠵᠢᠷᠠᠭᠤᠯᠵᠤ᠂ 47 ᠨᠢᠭᠡᠴᠢ ᠵᠢ ᠬᠡᠷᠡᠭ ᠪᠣᠯᠭ᠋ᠠᠨ ᠳᠠᠩᠰᠠᠯᠠᠵᠤ ᠲᠣᠷᠭ᠋ᠠᠨ ᠰᠢᠢ᠍ᠳᠬᠡᠵᠦ᠂ ᠵᠣᠭᠣᠰ ᠵᠶ᠋ᠠᠷ ᠲᠣᠷᠭ᠋ᠠᠭᠰᠠᠨ ᠬᠡᠮᠵᠢᠶ᠎ᠡ 260902.71 ᠲᠦᠭᠦᠷᠢᠭ᠎ᠲᠤ ᠬᠦᠷᠴᠦ᠂ 18 ᠬᠤᠪᠢ ᠵᠢ᠎ᠨᠢ ᠬᠡᠷᠡᠭ ᠪᠣᠯᠭ᠋ᠠᠨ ᠳᠠᠩᠰᠠᠯᠠᠵᠤ ᠲᠠᠩᠨᠠᠨ ᠪᠠᠢ᠌ᠴᠠᠭ᠋ᠠᠵᠤ᠂ 3 ᠬᠦᠮᠦᠨ᠎ᠢ ᠡᠷᠡᠭᠦᠦ ᠵᠢᠨ ᠬᠡᠷᠡᠭ ᠵᠶ᠋ᠡᠷ ᠲᠦᠷ ᠬᠣᠷᠢᠵᠤ᠂ 5 ᠬᠦᠮᠦᠨ᠎ᠲᠠᠢ ᠪᠣᠯᠵᠣᠨ ᠶᠠᠷᠢᠯᠴᠠᠵᠤ᠂ 9 ᠬᠦᠮᠦᠨ᠎ᠳᠤ ᠬᠠᠷᠢᠭᠤᠴᠠᠯᠭ᠎ᠠ ᠲᠤᠯᠭ᠋ᠠᠪᠠ᠃

      ᠬᠣᠯᠪᠣᠭᠳᠠᠯ ᠪᠦᠬᠦᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠲᠥᠪ᠎ᠤᠨ ᠬᠢᠨᠠᠨ ᠪᠠᠢ᠌ᠴᠠᠭ᠋ᠠᠬᠤ ᠳᠤᠭᠤᠢ᠌ᠯᠠᠩ᠎ᠤᠨ ᠬᠢᠨᠠᠨ ᠪᠠᠢ᠌ᠴᠠᠭ᠋ᠠᠬᠤ ᠵᠢᠨ ᠳᠠᠭ᠋ᠠᠤ ᠴᠡᠭᠴᠡᠯᠡᠨ ᠰᠠᠢ᠌ᠵᠢᠷᠠᠭᠤᠯᠬᠤ ᠠᠵᠢᠯ᠎ᠤᠨ ᠱᠠᠭ᠋ᠠᠷᠳᠠᠯᠭ᠎ᠠ ᠶᠣᠰᠣᠭ᠋ᠠᠷ ᠪᠠᠢ᠌ᠴᠠᠭ᠋ᠠᠨ ᠰᠢᠢ᠍ᠳᠪᠦᠷᠢᠯᠡᠵᠦ ᠴᠡᠭᠴᠡᠯᠡᠨ ᠰᠠᠢ᠌ᠵᠢᠷᠠᠭᠤᠯᠬᠤ ᠠᠵᠢᠯ᠎ᠢ ᠦᠷᠭᠦᠯᠵᠢᠯᠡᠨ ᠠᠬᠢᠭᠤᠯᠬᠤ ᠪᠣᠯᠣᠨ᠎ᠠ᠃

      《ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠢᠨᠠᠨ ᠪᠠᠢ᠌ᠴᠠᠭ᠋ᠠᠯᠲᠠ ᠵᠢᠨ ᠣᠯᠠᠨ ᠲᠦᠮᠡᠨ᠎ᠤ ᠵᠠᠬᠢᠳᠠᠯ ᠰᠤᠷᠪᠤᠯᠵᠢᠯᠠᠯ᠎ᠤᠨ ᠢᠯᠡᠴᠢᠯᠡᠨ ᠮᠡᠳᠡᠭᠦᠯᠦᠯᠲᠡ ᠵᠢ ᠰᠢᠯᠵᠢᠭᠦᠯᠦᠨ ᠰᠢᠢ᠍ᠳᠪᠦᠷᠢᠯᠡᠭᠦᠯᠬᠦ ᠪᠠ ᠬᠢᠨᠠᠨ ᠪᠠᠢ᠌ᠴᠠᠭ᠋ᠠᠬᠤ ᠵᠢᠨ ᠳᠠᠭ᠋ᠠᠤ ᠴᠡᠭᠴᠡᠯᠡᠨ ᠰᠠᠢ᠌ᠵᠢᠷᠠᠭᠤᠯᠬᠤ ᠵᠢ ᠢᠯᠡ ᠪᠣᠯᠭ᠋ᠠᠭᠰᠠᠨ ᠪᠠᠢ᠌ᠳᠠᠯ᠎ᠤᠨ ᠨᠠᠷᠢᠨ ᠠᠭᠤᠯᠭ᠎ᠠ ᠵᠢᠨ ᠬᠦᠰᠦᠨᠦᠭᠲᠦ (12 ᠳ᠋ᠤᠭ᠋ᠠᠷ ᠪᠦᠯᠦᠭ)》 (ᠨᠠᠷᠢᠨ ᠪᠠᠢ᠌ᠳᠠᠯ᠎ᠢ ᠬᠣᠶᠠᠷ ᠬᠡᠮᠵᠢᠯᠲᠦ ᠺᠣᠳ᠋᠎ᠢ ᠰᠢᠷᠪᠢᠵᠦ ᠦᠵᠡᠭᠡᠷᠡᠢ)


中央第二生态环境保护督察组交办内蒙古自治区·第十二批 56 件群众信访举报件办理情况.jpg


ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ