ᠲᠥᠪ᠎ᠤᠨ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ   -   ᠰᠢᠮᠳᠠᠭᠤᠯᠤᠨ ᠪᠠᠢ᠌ᠴᠠᠭ᠋ᠠᠵᠤ ᠪᠠᠢ᠌ᠭ᠋ᠠᠳ ᠴᠡᠭᠴᠡᠯᠡᠨ ᠰᠠᠢ᠌ᠵᠢᠷᠠᠭᠤᠯᠬᠤ
ᠲᠥᠪ᠎ᠤᠨ ᠠᠮᠢ ᠠᠬᠤᠢ ᠤᠷᠴᠢᠨ ᠲᠣᠭᠤᠷᠢᠨ᠎ᠤ ᠬᠠᠮᠠᠭ᠋ᠠᠯᠠᠯᠲᠠ ᠵᠢᠨ ᠬᠣᠶᠠᠲᠤᠭ᠋ᠠᠷ ᠬᠢᠨᠠᠨ ᠪᠠᠢ᠌ᠴᠠᠭ᠋ᠠᠬᠤ ᠲᠤᠭᠤᠢ᠌ᠯᠠᠩ᠎ᠠᠴᠠ ᠦᠪᠣᠷ ᠮᠤᠩᠭᠤᠯ᠎ᠤᠨ ᠥᠪᠡᠷᠳᠠᠭᠡᠨ ᠵᠠᠰᠠᠬᠤ ᠣᠷᠣᠨ᠎ᠳᠤ ᠵᠢᠷᠭᠤᠳᠤᠭ᠋ᠠᠷ ᠪᠦᠯᠤᠭ᠌᠎ᠤᠨ 30 ᠬᠤᠪᠢ ᠣᠯᠠᠨ ᠲᠦᠮᠡᠨ᠎ᠤ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠤᠭ᠌ᠰᠡᠨ ᠬᠡᠷᠡᠭ᠎ᠢ ᠰᠢᠢ᠍ᠳᠪᠦᠷᠢᠯᠡᠭᠦᠯᠬᠦ᠎ᠪᠠᠷ ᠲᠣᠰᠢᠶᠠᠵᠠᠢ
ᠨᠡᠶ᠋ᠢᠲᠡᠯᠡᠭᠰᠡᠨ ᠴᠠᠭ᠄ 2025-06-04

6 ᠰᠠᠷ᠎ᠠ ᠵᠢᠨ 3᠎ᠤ  ᠡᠳᠦᠷ ᠂ ᠲᠥᠪ᠎ᠤᠨ ᠠᠮᠢ ᠠᠬᠤᠢ ᠣᠷᠴᠢᠨ ᠲᠣᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ  ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠥᠪᠣᠷ  ᠮᠤᠩᠭᠤᠯ᠎ᠤᠨ ᠦᠪᠡᠷᠳᠡᠭᠡᠨ  ᠵᠠᠰᠠᠬᠤ  ᠤᠷᠣᠨ᠎ᠳᠤ ᠵᠢᠷᠭᠤᠳᠤᠭ᠋ᠠᠷ  ᠪᠦᠯᠦᠭ᠎ᠤᠨ ᠵᠠᠬᠢᠳᠡᠯ ᠰᠤᠷᠪᠣᠯᠵᠢᠯᠡᠯ ᠵᠶ᠋ᠠᠷ ᠢᠯᠡᠴᠢᠯᠡᠨ ᠮᠡᠳᠡᠭᠦᠯᠦᠭᠰᠡᠨ 30 ᠬᠡᠷᠡᠭ (ᠭᠣᠣᠯᠳᠠᠯᠭ᠎ᠠ᠎ᠲᠠᠢ ᠠᠩᠬᠠᠷᠬᠤ 5 ᠬᠤᠪᠢ )᠎ᠢ  ᠰᠢᠢ᠍ᠳᠪᠦᠷᠢᠯᠡᠭᠦᠯᠬᠦ᠎ᠪᠠᠷ ᠲᠣᠰᠢᠶᠠᠵᠠᠢ ᠂  ᠡᠭᠦᠨ᠎ᠳᠤ ᠤᠲᠡᠰᠤ ᠎ᠪᠠᠷ  ᠢᠯᠡᠴᠢᠯᠡᠨ ᠮᠡᠳᠡᠭᠦᠯᠦᠭᠰᠠᠨ ᠬᠡᠷᠡᠭ 22 ᠬᠤᠪᠢ ᠂  ᠵᠠᠬᠢᠳᠡᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ 8 ᠬᠤᠪᠢ ᠪᠣᠢ ᠃  ᠲᠣᠰ  ᠪᠦᠯᠥᠭ᠎ᠤᠨ ᠵᠠᠬᠢᠳᠡᠯ ᠰᠤᠷᠪᠣᠯᠵᠢᠯᠡᠯ ᠵᠶ᠋ᠠᠷ ᠢᠯᠡᠴᠢᠯᠡᠨ ᠮᠡᠳᠡᠭᠦᠯᠦᠭᠰᠡᠨ  ᠬᠡᠷᠡᠭ᠎ᠲᠤ ᠬᠥᠬᠡᠬᠤᠳᠠ᠎ᠳᠤ ᠬᠣᠯᠪᠣᠭᠲᠠᠬᠤ 4 ᠬᠤᠪᠢ ᠂  ᠪᠣᠭᠤᠲᠤ  ᠬᠣᠲᠠ᠎ᠳᠤ ᠬᠣᠯᠪᠣᠭᠳᠠᠬᠤ 3 ᠬᠤᠪᠢ ᠂  ᠬᠦᠯᠤᠨ ᠪᠣᠢ᠌ᠷ ᠬᠣᠲᠠ᠎ᠳᠤ  ᠬᠣᠯᠪᠣᠭᠳᠠᠬᠤ 4 ᠬᠤᠪᠢ ᠂ ᠲᠦᠩᠯᠢᠶᠣᠣ  ᠬᠣᠲᠠ᠎ᠳᠤ  ᠬᠤᠯᠪᠣᠭᠳᠠᠬᠤ 7  ᠬᠤᠪᠢ ᠂  ᠤᠯᠠᠭ᠋ᠠᠨᠬᠠᠳᠠ  ᠬᠣᠲᠠ᠎ᠳᠤ  ᠬᠣᠯᠪᠣᠭᠳᠠᠬᠤ 3 ᠬᠣᠪᠢ ᠂  ᠰᠢᠯᠢ ᠵᠢᠨ ᠭᠣᠣᠯ ᠠᠢ᠌ᠮᠠᠭ᠎ᠲᠤ  ᠬᠤᠯᠪᠣᠭᠳᠠᠬᠤ 1 ᠬᠤᠪᠢ ᠂  ᠣᠯᠠᠭ᠋ᠠᠨᠴᠠᠪ ᠬᠤᠲᠠ᠎ᠳᠤ  ᠬᠣᠯᠪᠣᠭᠳᠠᠬᠤ 1 ᠬᠤᠪᠢ ᠂  ᠤᠷᠳᠤᠰ ᠬᠣᠲᠠ᠎ᠳᠤ ᠬᠣᠯᠪᠣᠭᠳᠠᠬᠤ 4  ᠬᠤᠪᠢ ᠂ ᠪᠠᠶᠠᠨᠨᠠᠭᠤᠷ  ᠬᠣᠲᠠ᠎ᠳᠤ ᠬᠣᠯᠪᠣᠭᠲᠠᠬᠤ 1 ᠬᠤᠪᠢ ᠂ ᠦᠬᠠᠢ ᠬᠣᠲᠠ᠎ᠳᠤ  ᠬᠣᠯᠪᠣᠭᠳᠠᠬᠤ 1 ᠬᠤᠪᠢ ᠂ ᠠᠯᠠᠱ᠌ᠠ  ᠠᠢ᠌ᠮᠠᠭ ᠎ᠲᠤ ᠬᠣᠯᠪᠣᠭᠲᠠᠬᠤ 1 ᠬᠤᠪᠢ ᠪᠣᠢ ᠃  ᠲᠣᠰ ᠪᠦᠯᠦᠭ ᠵᠠᠬᠢᠳᠠᠯ  ᠰᠤᠷᠪᠤᠯᠵᠢᠯᠡᠯ ᠵᠶ᠋ᠠᠷ ᠢᠯᠡᠴᠢᠯᠡᠨ ᠮᠡᠳᠡᠭᠦᠯᠤᠭ᠌ᠰᠡᠨ ᠬᠡᠷᠡᠭ᠎ᠲᠤ  ᠤᠰᠤᠨ᠎ᠤ ᠪᠤᠬᠢᠷᠳᠤᠯ᠎ᠤᠨ ᠬᠡᠷᠡᠭ 3 ᠬᠤᠪᠢ ᠂  ᠠᠭ᠋ᠠᠷ ᠮᠠᠨᠳᠠᠯ᠎ᠤᠨ  ᠪᠣᠬᠢᠷᠳᠦᠯ᠎ᠤᠨ ᠬᠡᠷᠡᠭ 2 ᠬᠤᠪᠢ ᠂  ᠬᠦᠷᠦᠰᠤ ᠰᠢᠷᠦᠢ ᠵᠢᠨ ᠪᠣᠬᠢᠷᠳᠤᠯ᠎ᠤᠨ ᠬᠡᠷᠡᠭ 5 ᠬᠤᠪᠢ ᠂  ᠠᠮᠢ ᠠᠬᠤᠢ ᠵᠢ ᠡᠪᠳᠡᠭᠰᠡᠨ  ᠬᠡᠷᠡᠭ 19 ᠬᠤᠪᠢ ᠂  ᠱᠤᠤᠬᠢᠶᠠᠨ᠎ᠤ ᠪᠤᠬᠢᠷᠳᠤᠯ᠎ᠤᠨ ᠬᠡᠷᠡᠭ 1 ᠬᠤᠪᠢ  ᠪᠣᠢ ᠃  ᠲᠤᠬᠠᠢ ᠵᠢᠨ ᠡᠳᠦᠷ ᠂  ᠲᠡᠭᠡᠷᠡᠬᠢ ᠵᠠᠬᠢᠳᠡᠯ ᠰᠤᠷᠪᠤᠯᠵᠢᠯᠡᠯ ᠵᠶ᠋ᠠᠷ  ᠢᠯᠡᠴᠢᠯᠡᠨ ᠮᠡᠳᠡᠭᠦᠯᠣᠭ᠌ᠰᠡᠨ ᠬᠡᠷᠡᠭ᠎ᠢ ᠴᠥᠮ ᠬᠣᠯᠪᠣᠭᠳᠡᠯ  ᠪᠦᠬᠦᠢ ᠠᠢ᠌ᠮᠠᠭ ᠬᠣᠲᠠ᠎ᠳᠤ ᠰᠢᠯᠵᠢᠭᠦᠯᠦᠨ ᠰᠢᠢ᠍ᠳᠪᠦᠷᠢᠯᠡᠭᠦᠯᠵᠦ  ᠪᠠᠢ᠌ᠨ᠎ᠠ ᠃

6 ᠰᠠᠷ᠎ᠠ ᠵᠢᠨ 3᠎ᠤ  ᠡᠳᠣᠷ ᠪᠣᠯᠲᠠᠯ᠎ᠠ ᠂  ᠲᠥᠪ᠎ᠤᠨ ᠠᠮᠢ  ᠠᠬᠤᠢ ᠤᠷᠴᠢᠨ ᠲᠣᠭᠤᠷᠢᠨ᠎ᠤ ᠬᠠᠮᠠᠭ᠋ᠠᠯᠠᠯᠲᠠ ᠵᠢᠨ ᠬᠣᠶᠠᠲᠤᠭ᠋ᠠᠷ ᠬᠢᠨᠠᠨ  ᠪᠠᠢ᠌ᠴᠠᠭ᠋ᠠᠬᠤ ᠳᠤᠭᠤᠢ᠌ᠯᠠᠩ᠎ᠠᠴᠠ ᠮᠠᠨ᠎ᠤ ᠣᠷᠣᠨ᠎ᠳᠤ ᠵᠠᠬᠢᠳᠠᠯ  ᠰᠤᠷᠪᠤᠯᠵᠢᠯᠡᠯ ᠵᠶ᠋ᠡᠷ ᠢᠯᠡᠴᠢᠯᠡᠨ ᠮᠡᠳᠡᠭᠦᠯᠣᠭ᠌ᠰᠡᠨ ᠬᠡᠷᠡᠭ᠎ᠢ ᠨᠡᠢ᠌ᠲᠡ  ᠵᠢᠷᠭᠤᠭ᠋ᠠᠨ ᠪᠦᠯᠦᠭ ᠂ 175 ᠬᠤᠪᠢ (ᠭᠣᠤᠯᠳᠠᠯᠭ᠎ᠠ᠎ᠲᠠᠢ ᠠᠩᠬᠠᠷᠬᠤ 26  ᠬᠤᠪᠢ) ᠵᠢ  ᠰᠢᠢ᠍ᠳᠪᠦᠷᠢᠯᠡᠭᠦᠯᠬᠦ᠎ᠪᠠᠷ ᠲᠣᠰᠢᠶᠠᠵᠠᠢ ᠂  ᠡᠭᠦᠨ᠎ᠳᠤ  ᠤᠳᠡᠰᠤ᠎ᠪᠠᠷ ᠢᠯᠡᠴᠢᠯᠡᠨ ᠮᠡᠳᠡᠭᠦᠯᠣᠭ᠌ᠰᠡᠨ ᠬᠡᠷᠡᠭ 119 ᠬᠤᠪᠢ ᠂ ᠵᠠᠬᠢᠳᠡᠯ ᠵᠶ᠋ᠠᠷ ᠢᠯᠡᠴᠢᠯᠡᠨ ᠮᠡᠳᠡᠭᠦᠯᠣᠭ᠌ᠰᠡᠨ ᠬᠡᠷᠡᠭ 56 ᠬᠤᠪᠢ ᠪᠣᠢ ᠃ 175 ᠬᠤᠪᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠠᠨ ᠮᠡᠳᠡᠭᠦᠯᠤᠭ᠌ᠰᠠᠨ  ᠬᠡᠷᠡᠭ᠎ᠲᠤ ᠬᠥᠬᠡᠬᠣᠲᠠ᠎ᠳᠤ ᠬᠣᠯᠪᠣᠭᠲᠠᠬᠤ 40 ᠬᠤᠪᠢ ᠂  ᠪᠣᠭᠤᠲᠤ  ᠬᠣᠲᠠ᠎ᠳᠤ ᠬᠣᠯᠪᠣᠭᠳᠠᠬᠤ 8 ᠬᠤᠪᠢ ᠂  ᠬᠦᠯᠣᠨ  ᠪᠣᠢ᠌ᠷ  ᠬᠣᠲᠠ᠎ᠳᠤ  ᠬᠣᠯᠪᠣᠭᠲᠠᠬᠤ 14 ᠬᠣᠪᠢ ᠂  ᠬᠢᠩᠭ᠋ᠠᠨ ᠠᠢ᠌ᠮᠠᠭ᠎ᠲᠤ ᠬᠣᠯᠪᠣᠭᠲᠠᠬᠤ 9 ᠬᠤᠪᠢ ᠂ ᠲᠦᠩᠯᠢᠶᠣᠣ  ᠬᠣᠲᠠ᠎ᠳᠤ ᠬᠣᠯᠪᠣᠭᠲᠠᠬᠤ 20 ᠬᠤᠪᠢ ᠂ ᠤᠯᠠᠭ᠋ᠠᠨᠬᠠᠳᠠ  ᠬᠣᠲᠠ᠎ᠳᠤ ᠬᠣᠯᠪᠣᠭᠳᠠᠬᠤ 19 ᠬᠤᠪᠢ ᠂  ᠰᠢᠯᠢ ᠵᠢᠨ  ᠭᠣᠣᠯ ᠠᠢ᠌ᠮᠠᠭ᠎ᠲᠤ ᠬᠣᠯᠪᠣᠭᠳᠠᠬᠤ 6 ᠬᠤᠪᠢ ᠂  ᠣᠯᠠᠭ᠋ᠠᠨᠴᠠᠪ ᠬᠣᠲᠠ ᠎ᠳᠤ ᠬᠣᠯᠪᠣᠭᠳᠠᠬᠤ 8 ᠬᠤᠪᠢ ᠂  ᠤᠷᠳᠤᠰ ᠬᠤᠲᠠ᠎ᠳᠤ  ᠬᠣᠯᠪᠣᠭᠳᠠᠬᠤ 27 ᠬᠤᠪᠢ ᠂ ᠪᠠᠶᠠᠨᠨᠠᠭᠤᠷ  ᠬᠣᠲᠠ᠎ᠳᠤ ᠬᠣᠯᠪᠣᠭᠳᠠᠬᠤ 16 ᠬᠤᠪᠢ ᠂  ᠦᠬᠠᠢ ᠬᠣᠲᠠ᠎ᠳᠤ ᠬᠣᠯᠪᠣᠭᠲᠠᠬᠤ 5 ᠬᠤᠪᠢ ᠂ ᠠᠯᠠᠱ᠌ᠠ  ᠠᠢ᠌ᠮᠠᠭ᠎ᠲᠤ ᠬᠣᠯᠪᠣᠭᠳᠠᠬᠤ 3 ᠬᠤᠪᠢ ᠪᠣᠢ ᠃

 

 


ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ