ᠨᠢᠭᠡ ᠭᠣᠣᠯ ᠰᠢᠵᠢᠮ᠎ᠢ ᠲᠤᠭᠤᠰᠢᠲᠠᠢ ᠨᠠᠢ᠌ᠳᠠᠪᠤᠷᠢᠵᠢᠭᠤᠯᠤᠨ᠎ᠠ   -   ᠲᠥᠷᠥ ᠵᠢᠨ ᠪᠣᠳᠣᠯᠭ᠎ᠠ ᠵᠢᠨ ᠲᠠᠢ᠌ᠯᠤᠮᠵᠢ
【ᠦᠨᠳᠦᠰᠦᠲᠡᠨ᠎ᠤ ᠲᠤᠬᠠᠢ ᠬᠠᠤᠯᠢ᠎ᠪᠠᠷ ᠵᠠᠰᠠᠬᠤ ᠤᠬᠠᠭᠤᠯᠭ᠎ᠠ ᠵᠢᠨ ᠭᠠᠷᠠᠭ】 ᠨᠠᠮ᠎ᠤᠨ ᠦᠨᠳᠦᠰᠦᠲᠡᠨ᠎ᠤ ᠲᠤᠬᠠᠢ ᠣᠨᠣᠯ᠎ᠤᠨ ᠲᠥᠷᠥ ᠵᠢᠨ ᠪᠣᠳᠣᠯᠭ᠎ᠠ ᠪᠠ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠮᠡᠳᠡᠯᠭᠡ ᠵᠢᠨ ᠰᠦᠯᠵᠢᠶᠡᠨ᠎ᠳᠠᠬᠢ ᠱᠠᠩᠨᠠᠯᠲᠤ ᠤᠷᠤᠯᠳᠤᠭ᠋ᠠᠨ᠎ᠤ ᠠᠵᠢᠯᠯᠠᠭ᠎ᠠ ᠡᠬᠢᠯᠡᠯ᠎ᠡ!
ᠨᠡᠶ᠋ᠢᠲᠡᠯᠡᠭᠰᠡᠨ ᠴᠠᠭ᠄ 2025-05-26


   ᠨᠢᠭᠡ᠂  ᠠᠵᠢᠯᠯᠠᠭ᠎ᠠ ᠵᠢᠨ  ᠵᠣᠷᠢᠯᠭ᠎ᠠ 

   ᠰᠢ  ᠵᠢᠨ  ᠫᠢᠩ᠎ᠤᠨ  ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠎ᠲᠠᠢ  ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭ᠋ᠠᠵᠤ᠂ ᠨᠠᠮ᠎ᠤᠨ ᠬᠣᠷᠢᠳᠤᠭ᠋ᠠᠷ ᠶᠡᠬᠡ ᠬᠤᠷᠠᠯ  ᠪᠠ  ᠬᠣᠷᠢᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ᠂ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ  ᠪᠦᠬᠦ ᠲᠠᠯ᠎ᠠ᠎ᠪᠠᠷ  ᠲᠤᠭᠤᠰᠢᠯᠠᠭᠤᠯᠤᠨ  ᠨᠠᠢ᠌ᠳᠠᠪᠤᠷᠢᠵᠢᠭᠤᠯᠵᠤ᠂ ᠰᠢ  ᠵᠢᠨ  ᠫᠢᠩ᠎ᠤᠨ  ᠬᠠᠤᠯᠢᠵᠢᠯ᠎ᠤᠨ ᠦᠵᠡᠯ ᠰᠠᠨᠠᠭ᠎ᠠ᠂ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠢ᠌ᠵᠢᠷᠠᠭᠤᠯᠬᠤ ᠲᠤᠬᠠᠢ ᠶᠡᠷᠦᠩᠬᠡᠢ ᠱᠦᠵᠢ ᠰᠢ  ᠵᠢᠨ  ᠫᠢᠩ᠎ᠤᠨ  ᠴᠢᠬᠤᠯᠠ ᠦᠵᠡᠯ ᠰᠠᠨᠠᠭ᠎ᠠ  ᠪᠠ  ᠥᠪᠥᠷ ᠮᠣᠩᠭᠣᠯ᠎ᠳᠤ  ᠲᠠᠯᠪᠢᠭᠰᠠᠨ  ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠤᠬᠠᠭᠤᠯᠤᠨ  ᠲᠤᠭᠤᠰᠢᠯᠠᠭᠤᠯᠵᠤ ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ  ᠪᠠᠲᠤ ᠴᠣᠭᠴᠠᠯᠠᠬᠤ᠎ᠪᠠᠷ ᠠᠵᠢᠯ᠎ᠤᠨ ᠭᠣᠣᠯ  ᠰᠢᠵᠢᠮ  ᠪᠣᠯᠭ᠋ᠠᠵᠤ᠂ ᠨᠠᠮ᠎ᠤᠨ ᠦᠨᠳᠦᠰᠦᠲᠡᠨ᠎ᠤ  ᠲᠤᠬᠠᠢ  ᠣᠨᠣᠯ᠎ᠤᠨ ᠲᠥᠷᠥ ᠵᠢᠨ ᠪᠣᠳᠣᠯᠭ᠎ᠠ ᠪᠠ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠮᠡᠳᠡᠯᠭᠡ ᠵᠢ ᠤᠬᠠᠭᠤᠯᠤᠨ ᠲᠦᠭᠡᠮᠡᠯᠵᠢᠭᠦᠯᠬᠦ ᠠᠵᠢᠯ᠎ᠢ  ᠭᠦᠨᠵᠡᠭᠡᠢ᠌ᠷᠡᠭᠦᠯᠦᠨ ᠂ ᠦᠨᠳᠦᠰᠦᠲᠡᠨ᠎ᠨᠦᠭᠦᠳ᠎ᠤᠨ ᠺᠠᠳ᠋ᠷ ᠤᠯᠠᠨ ᠲᠦᠮᠡᠨ᠎ᠤ ᠤᠯᠤᠰ  ᠭᠡᠷ᠎ᠤᠨ ᠤᠬᠠᠮᠰᠠᠷ ᠂ ᠠᠷᠠᠳ  ᠢᠷᠭᠡᠨ᠎ᠤ  ᠤᠬᠠᠮᠰᠠᠷ ᠂ ᠬᠠᠤᠯᠢᠵᠢᠯ᠎ᠤᠨ ᠤᠬᠠᠮᠰᠠᠷ᠎ᠢ ᠴᠢᠩᠭ᠋ᠠᠳᠬᠠᠵᠤ ᠂ 《  ᠨᠢᠭᠡ ᠭᠣᠣᠯ ᠰᠢᠵᠢᠮ᠎ᠢ  ᠲᠤᠭᠤᠰᠢᠯᠠᠭᠤᠯᠤᠨ᠂ ᠬᠣᠶᠠᠷ ᠶᠡᠬᠡ ᠶᠠᠪᠤᠳᠠᠯ᠎ᠢ ᠰᠠᠢ᠌ᠲᠤᠷ ᠬᠢᠵᠦ ᠂ ᠮᠣᠩᠭᠣᠯ ᠮᠣᠷᠢᠨ᠎ᠤ ᠵᠣᠷᠢᠭ ᠰᠠᠨᠠᠭ᠎ᠠ ᠵᠢ  ᠪᠠᠳᠠᠷᠠᠭᠤᠯᠤᠨ᠂ ᠰᠢᠨ᠎ᠡ ᠵᠠᠮ ᠵᠶ᠋ᠠᠷ ᠵᠠᠮᠨᠠᠵᠤ ᠳᠤᠮᠳᠠ  ᠲᠦᠪᠰᠢᠨ᠎ᠳᠤ ᠳᠠᠪᠰᠢᠬᠤ》  ᠲᠠᠯ᠎ᠠ᠎ᠪᠠᠷ ᠨᠡᠩ ᠶᠡᠬᠡ ᠠᠬᠢᠴᠠ᠎ᠲᠠᠢ ᠪᠣᠯᠬᠤ᠎ᠪᠠᠷ  ᠴᠢᠷᠮᠠᠢ᠌ᠨ᠂ ᠳᠤᠮᠳᠠᠳᠤ ᠤᠯᠤᠰ᠎ᠤᠨ ᠮᠠᠶᠢᠭ᠎ᠤᠨ  ᠣᠳᠣᠬᠢᠴᠢᠯᠠᠯᠲᠠ ᠵᠢᠨ  ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠲᠠᠰᠤᠷᠠᠯᠲᠠ ᠦᠭᠡᠢ ᠪᠢᠴᠢᠭᠯᠡᠬᠦ᠎ᠳᠤ ᠬᠦᠴᠦᠷᠬᠡᠭ ᠶᠡᠬᠡ ᠬᠠᠮᠲᠤᠷᠠᠯ᠎ᠤᠨ ᠬᠦᠴᠦᠨ᠎ᠢ  ᠨᠢᠭᠲᠠᠷᠠᠭᠤᠯᠤᠨ᠎ᠠ᠃

   ᠬᠣᠶᠠᠷ᠂ ᠠᠵᠢᠯᠯᠠᠭ᠎ᠠ ᠵᠢᠨ ᠭᠣᠣᠯ ᠰᠡᠳᠦᠪ 

   ᠰᠠᠬᠢᠨ ᠪᠠᠷᠠᠯᠠᠵᠦ ᠬᠠᠷᠢᠯᠴᠠᠨ  ᠬᠠᠪᠰᠤᠷᠤᠯᠴᠠᠨ  ᠪᠦᠯᠬᠦᠮᠳᠡᠨ  ᠲᠡᠮᠡᠴᠡᠵᠦ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ  ᠤᠬᠠᠮᠰᠠᠷ᠎ᠤᠨ ᠪᠠᠢ᠌ᠭᠤᠯᠤᠯᠲᠠ ᠵᠢ ᠪᠦᠬᠦ ᠲᠠᠯ᠎ᠠ᠎ᠪᠠᠷ ᠲᠦᠯᠬᠢᠨ ᠠᠬᠢᠭᠤᠯᠤᠨ᠎ᠠ 

   ᠭᠤᠷᠪᠠ᠂  ᠠᠵᠢᠯᠯᠠᠭ᠎ᠠ ᠵᠢᠨ  ᠴᠠᠭ 

  2025 ᠣᠨ᠎ᠤ 5  ᠳ᠋ᠤᠭ᠋ᠠᠷ  ᠰᠠᠷ᠎ᠠ ᠵᠢᠨ 25᠎ᠤ ᠡᠳᠦᠷ — 2025 ᠣᠨ᠎ᠤ 5  ᠳ᠋ᠤᠭ᠋ᠠᠷ  ᠰᠠᠷ᠎ᠠ ᠵᠢᠨ 31᠎ᠤ ᠡᠳᠦᠷ

  8:30 - 17:30 ᠂ 7 ᠡᠳᠦᠷ᠎ᠤᠨ ᠬᠤᠭᠤᠴᠠᠭ᠎ᠠ᠎ᠲᠠᠢ  ᠶᠠᠪᠤᠭᠳᠠᠨ᠎ᠠ 

   ᠳᠥᠷᠪᠡ᠂ ᠣᠷᠣᠯᠴᠠᠬᠤ ᠠᠷᠭ᠎ᠠ ᠮᠠᠶᠢᠭ 

   ᠸᠢᠴᠠᠲ ᠵᠶ᠋ᠠᠷ  ᠤᠷᠤᠯᠳᠤᠭ᠋ᠠᠨ᠎ᠤ ᠠᠵᠢᠯᠯᠠᠭ᠎ᠠ ᠵᠢᠨ  ᠬᠣᠶᠠᠷ ᠬᠡᠮᠵᠢᠯᠲᠦ ᠺᠣᠳ᠋᠎ᠢ  ᠰᠢᠷᠪᠢᠵᠤ  ᠰᠡᠳᠦᠪ  ᠬᠠᠷᠢᠭᠤᠯᠤᠨ᠎ᠠ


0526.png


   ᠠᠵᠢᠯᠯᠠᠭ᠎ᠠ ᠵᠢᠨ ᠬᠠᠭᠤᠳᠠᠰᠤᠨ᠎ᠳᠤ ᠣᠷᠣᠭᠰᠠᠨ᠎ᠤ ᠳᠠᠷᠠᠭ᠎ᠠ᠂ 《ᠰᠡᠳᠦᠪ ᠬᠠᠷᠢᠭᠤᠯᠬᠤ》 ᠵᠢ  ᠲᠣᠪᠴᠢᠳᠠᠨ  ᠳᠠᠩᠰᠠᠯᠠᠬᠤ ᠬᠠᠭᠤᠳᠠᠰᠤᠨ᠎ᠳᠤ  ᠣᠷᠣᠨ᠎ᠠ ᠂ 《ᠣᠪᠣᠭ ᠨᠡᠷ᠎ᠡ +  ᠤᠲᠠᠰᠤ 》᠎ᠪᠠᠨ  ᠦᠨᠡᠨ ᠮᠥᠨ ᠵᠶ᠋ᠡᠷ᠎ᠨᠢ ᠲᠠᠭᠯᠠᠵᠤ  ᠲᠤᠰᠢᠶᠠᠪᠠᠯ  ᠳᠠᠷᠤᠢ ᠰᠡᠳᠦᠪ ᠬᠠᠷᠢᠭᠤᠯᠵᠤ ᠪᠣᠯᠣᠨ᠎ᠠ᠂ ᠰᠡᠳᠦᠪ  ᠬᠠᠷᠢᠭᠤᠯᠵᠤ  ᠱᠠᠩᠨᠠᠯ ᠰᠤᠭᠤᠯᠤᠭᠰᠠᠨ᠎ᠤ ᠳᠠᠷᠠᠭ᠎ᠠ ᠪᠠᠰᠠ ᠪᠤᠷᠤᠭᠤ ᠬᠠᠷᠢᠭᠤᠯᠤᠭᠰᠠᠨ ᠰᠡᠳᠦᠪ ᠵᠶ᠋ᠡᠨ ᠡᠷᠭᠢᠴᠡᠭᠦᠯᠦᠨ ᠦᠵᠡᠵᠦ ᠪᠣᠯᠣᠨ᠎ᠠ ᠰᠢᠸ᠋!


05262.png

05263.png


   ᠲᠠᠪᠤ᠂  ᠠᠵᠢᠯᠯᠠᠭ᠎ᠠ ᠵᠢᠨ  ᠳᠦᠷᠢᠮ 

   ᠤᠳᠠᠭ᠎ᠠ ᠪᠦᠷᠢ ᠵᠢᠨ ᠥᠷᠢᠰᠦᠯᠳᠦᠨ ᠬᠠᠷᠢᠭᠤᠯᠬᠤ᠎ᠳᠤ  ᠰᠡᠳᠦᠪ᠎ᠤᠨ  ᠰᠠᠩ᠎ᠠᠴᠠ  ᠲᠠᠰᠢᠷᠠᠮ ᠵᠶ᠋ᠠᠷ 5 ᠰᠡᠳᠦᠪ  ᠰᠤᠩᠭᠤᠵᠤ ᠂ 10 ᠮᠢᠨᠦ᠋ᠲ᠎ᠤᠨ ᠳᠣᠲᠣᠷ᠎ᠠ 2 ᠰᠡᠳᠦᠪ᠎ᠠᠴᠠ ᠳᠡᠭᠡᠭᠰᠢ (2 ᠰᠡᠳᠦᠪ ᠪᠠᠭᠲᠠᠨ᠎ᠠ)  ᠵᠥᠪ  ᠬᠠᠷᠢᠭᠤᠯᠪᠠᠯ ᠳᠠᠷᠤᠢ ᠨᠢᠭᠡ ᠤᠳᠠᠭ᠎ᠠ ᠱᠠᠩᠨᠠᠯ ᠰᠤᠭᠤᠯᠬᠤ ᠬᠢᠷᠢ ᠬᠡᠮ ᠎ᠲᠠᠢ  ᠪᠣᠯᠣᠨ᠎ᠠ᠂ ᠠᠳᠠᠯᠢ ᠨᠢᠭᠡᠨ  ᠸᠢᠴᠠᠲ᠎ᠤᠨ ᠳ᠋ᠤᠭ᠋ᠠᠷ᠎ᠲᠤ  ᠡᠳᠦᠷ ᠪᠦᠷᠢ 2  ᠤᠳᠠᠭ᠋ᠠᠨ᠎ᠤ  ᠰᠡᠳᠦᠪ ᠬᠠᠷᠢᠭᠤᠯᠬᠤ ᠪᠠ ᠱᠠᠩᠨᠠᠯ ᠰᠤᠭᠤᠯᠬᠤ  ᠵᠠᠪᠰᠢᠶᠠᠨ᠎ᠲᠠᠢ ᠃

   ᠵᠢᠷᠭᠤᠭ᠎ᠠ᠂ ᠠᠵᠢᠯᠯᠠᠭ᠎ᠠ ᠵᠢᠨ ᠤᠯᠠᠭ᠋ᠠᠨ ᠪᠠᠭᠯᠠᠭ᠎ᠠ ᠵᠢᠴᠢ ᠱᠠᠩᠨᠠᠯ᠎ᠤᠨ ᠵᠦᠢ᠍ᠯ᠎ᠤᠨ ᠲᠣᠬᠢᠷᠠᠭᠤᠯᠤᠯᠲᠠ 

  1. 2 ᠰᠡᠳᠦᠪ ᠵᠥᠪ ᠬᠠᠷᠢᠭᠤᠯᠤᠭᠰᠠᠳ 0.5 ᠲᠥᠭᠥᠷᠢᠭ᠎ᠤᠨ ᠸᠢᠴᠠᠲ᠎ᠤᠨ ᠤᠯᠠᠭ᠋ᠠᠨ ᠪᠠᠭᠯᠠᠭ᠎ᠠ  ᠰᠤᠭᠤᠯᠤᠨ ᠣᠯᠬᠤ  ᠲᠣᠬᠢᠶᠠᠯ᠎ᠲᠠᠢ᠃

  2. 3 ᠰᠡᠳᠦᠪ  ᠵᠦᠪ  ᠬᠠᠷᠢᠭᠤᠯᠤᠭᠰᠠᠳ 0.5 ᠲᠥᠭᠥᠷᠢᠭ᠂ 1 ᠲᠥᠭᠥᠷᠢᠭ᠂ 2 ᠲᠥᠭᠥᠷᠢᠭ᠂ 5 ᠲᠥᠭᠥᠷᠢᠭ᠎ᠤᠨ ᠸᠢᠴᠠᠲ᠎ᠤᠨ ᠤᠯᠠᠭ᠋ᠠᠨ ᠪᠠᠭᠯᠠᠭ᠎ᠠ  ᠰᠤᠭᠤᠯᠤᠨ ᠣᠯᠬᠤ  ᠵᠠᠪᠰᠢᠶᠠᠨ᠎ᠲᠠᠢ᠃

  3. 4 ᠰᠡᠳᠦᠪ  ᠵᠦᠪ  ᠬᠠᠷᠢᠭᠤᠯᠤᠭᠰᠠᠳ 0.5 ᠲᠥᠭᠥᠷᠢᠭ᠂ 1 ᠲᠥᠭᠥᠷᠢᠭ᠂ 2 ᠲᠥᠭᠥᠷᠢᠭ᠂ 5 ᠲᠥᠭᠥᠷᠢᠭ᠂ 10 ᠲᠥᠭᠥᠷᠢᠭ᠎ᠤᠨ ᠸᠢᠴᠠᠲ᠎ᠤᠨ ᠤᠯᠠᠭ᠋ᠠᠨ ᠪᠠᠭᠯᠠᠭ᠎ᠠ  ᠰᠤᠭᠤᠯᠤᠨ ᠣᠯᠬᠤ ᠵᠠᠪᠰᠢᠶᠠᠨ᠎ᠲᠠᠢ ᠃

  4. 5 ᠰᠡᠳᠦᠪ  ᠵᠦᠪ  ᠬᠠᠷᠢᠭᠤᠯᠤᠭᠰᠠᠳ 0.5 ᠲᠥᠭᠥᠷᠢᠭ᠂ 1 ᠲᠥᠭᠥᠷᠢᠭ᠂ 2 ᠲᠥᠭᠥᠷᠢᠭ᠂ 5 ᠲᠥᠭᠥᠷᠢᠭ᠂ 10 ᠲᠥᠭᠥᠷᠢᠭ᠂ 30 ᠲᠥᠭᠥᠷᠢᠭ᠎ᠤᠨ ᠸᠢᠴᠠᠲ᠎ᠤᠨ ᠤᠯᠠᠭ᠋ᠠᠨ ᠪᠠᠭᠯᠠᠭ᠎ᠠ  ᠰᠤᠭᠤᠯᠤᠨ ᠣᠯᠬᠤ ᠵᠠᠪᠰᠢᠶᠠᠨ᠎ᠲᠠᠢ ᠃

   ᠳᠣᠯᠣᠭ᠎ᠠ᠂ ᠤᠯᠠᠭ᠋ᠠᠨ ᠪᠠᠭᠯᠠᠭ᠎ᠠ ᠣᠯᠭᠣᠬᠤ ᠳᠦᠷᠢᠮ 

   ᠤᠯᠠᠭ᠋ᠠᠨ ᠪᠠᠭᠯᠠᠭ᠎ᠠ ᠵᠢ ᠰᠢᠭᠤᠳ ᠸᠢᠴᠠᠲ᠎ᠲᠤ ᠬᠦᠷᠭᠡᠵᠦ᠂ ᠱᠠᠩᠨᠠᠯ ᠣᠯᠣᠭᠰᠠᠨ᠎ᠤ ᠳᠠᠷᠠᠭ᠎ᠠ ᠰᠢᠰᠲ᠋ᠧᠮ᠎ᠤᠨ ᠰᠠᠨᠠᠭᠤᠯᠤᠮᠵᠢ᠎ᠪᠠᠷ ᠤᠯᠠᠭ᠋ᠠᠨ ᠪᠠᠭᠯᠠᠭ᠎ᠠ᠎ᠪᠠᠨ ᠠᠪᠤᠨ᠎ᠠ᠃


ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ