ᠢᠯᠡ ᠵᠠᠰᠠᠭ   -   ᠵᠠᠰᠠᠭ᠎ᠤᠨ ᠤᠷᠳᠤᠨ᠎ᠤ ᠪᠢᠴᠢᠭ ᠮᠠᠲ᠋ᠧᠷᠢᠶᠠᠯ
ᠣᠯᠠᠨ ᠲᠠᠰ ᠳᠠᠪᠬᠤᠷᠭ᠋ᠠᠲᠤ ᠣᠯᠠᠨ ᠲᠤᠯᠭ᠋ᠠᠭᠤᠷᠢᠯᠠᠯ ᠪᠦᠬᠦᠢ ᠨᠠᠰᠤᠵᠢᠯ᠎ᠤᠨ ᠳᠠᠭ᠋ᠠᠳᠬᠠᠯ᠎ᠤᠨ ᠲᠣᠭᠲᠠᠯᠴᠠᠭ᠎ᠠ ᠵᠢ ᠪᠠᠶ᠋ᠢᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠠᠨᠠᠯ
ᠨᠡᠶ᠋ᠢᠲᠡᠯᠡᠭᠰᠡᠨ ᠴᠠᠭ᠄ 2024-12-12

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ

ᠠᠷᠠᠳ᠎ᠤᠨ ᠵᠠᠰᠠᠭ᠎ᠤᠨ ᠣᠷᠳᠣᠨ᠎ᠤ ᠪᠢᠴᠢᠭ ᠮᠠᠲ᠋ᠧᠷᠢᠶᠠᠯ

           ᠥᠪᠥᠷ ᠵᠠᠰᠠᠭ ᠲᠠᠷᠬᠠᠭ᠋ᠠᠭᠰᠠᠨ [ 2024 ] 18 ᠳ᠋ᠤᠭ᠋ᠠᠷ ᠲᠣᠭ᠋ᠠᠲᠤ

 

ᠣᠯᠠᠨ ᠲᠠᠰ ᠳᠠᠪᠬᠤᠷᠭ᠋ᠠᠲᠤ ᠣᠯᠠᠨ ᠲᠤᠯᠭ᠋ᠠᠭᠤᠷᠢᠯᠠᠯ ᠪᠦᠬᠦᠢ ᠨᠠᠰᠤᠵᠢᠯ᠎ᠤᠨ ᠳᠠᠭ᠋ᠠᠳᠬᠠᠯ᠎ᠤᠨ ᠲᠣᠭᠲᠠᠯᠴᠠᠭ᠎ᠠ ᠵᠢ ᠪᠠᠶ᠋ᠢᠭᠤᠯᠬᠤ ᠲᠤᠬᠠᠢ

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠠᠨᠠᠯ

 

ᠡᠯ᠎ᠡ ᠠᠢ᠌ᠮᠠᠭ᠎ᠤᠨ ᠵᠠᠬᠢᠷᠭ᠎ᠠ ᠂  ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠂  ᠥᠪᠡᠷᠲᠡᠭᠡᠨ ᠵᠠᠰᠠᠬᠤ ᠣᠷᠣᠨ᠎ᠤ ᠡᠯ᠎ᠡ ᠬᠣᠯᠪᠣᠭᠳᠠᠯ ᠪᠦᠬᠦᠢ ᠵᠥᠪᠯᠡᠯ ᠂  ᠠᠯᠪᠠᠨ ᠭᠡᠷ ᠂  ᠲᠢᠩᠬᠢᠮ ᠂  ᠲᠣᠪᠴᠢᠶ᠎ᠠ ᠂  ᠡᠯ᠎ᠡ ᠲᠣᠮᠣ ᠠᠵᠤ ᠠᠬᠤᠢ᠌ᠯᠠᠯ ᠂  ᠠᠵᠢᠯ ᠦᠢ᠍ᠯᠡᠰ᠎ᠤᠨ ᠨᠢᠭᠡᠴᠢ᠎ᠳᠤ ᠄ 

      ᠨᠠᠰᠤᠵᠢᠯ᠎ᠤᠨ ᠳᠠᠭ᠋ᠠᠳᠬᠠᠯ᠎ᠤᠨ ᠳᠦᠷᠢᠮ᠎ᠤᠨ ᠥᠭᠡᠷᠡᠴᠢᠯᠡᠯᠲᠡ ᠵᠢ ᠪᠥᠬᠥ ᠲᠠᠯ᠎ᠠ᠎ᠪᠠᠷ ᠭᠦᠨᠵᠡᠭᠡᠢ᠌ᠷᠡᠭᠦᠯᠵᠦ ᠂  ᠣᠯᠠᠨ ᠲᠠᠰ ᠳᠠᠪᠬᠤᠷᠭ᠋ᠠᠲᠤ ᠂  ᠣᠯᠠᠨ ᠲᠤᠯᠭ᠋ᠠᠭᠤᠷᠢᠯᠠᠯ ᠪᠦᠬᠦᠢ ᠨᠠᠰᠤᠵᠢᠯ᠎ᠤᠨ ᠳᠠᠭ᠋ᠠᠳᠬᠠᠯ᠎ᠤᠨ ᠲᠣᠭᠲᠠᠯᠴᠠᠭ᠎ᠠ ᠵᠢ ᠪᠠᠢ᠌ᠭᠤᠯᠤᠨ ᠂  ᠮᠠᠨ᠎ᠤ ᠣᠷᠣᠨ᠎ᠤ ᠨᠠᠰᠤᠵᠢᠯ᠎ᠤᠨ ᠳᠠᠭ᠋ᠠᠳᠬᠠᠯ᠎ᠤᠨ ᠦᠢ᠍ᠯᠡᠰ᠎ᠤᠨ ᠴᠢᠨᠠᠷ ᠰᠠᠢ᠌ᠲᠠᠢ ᠦᠷᠭᠦᠯᠵᠢᠯᠡᠬᠦᠢ᠌ᠴᠡ ᠬᠥᠭᠵᠢᠯᠲᠡ ᠵᠢ ᠠᠬᠢᠭᠤᠯᠬᠤ ᠵᠢᠨ ᠲᠤᠰᠠᠳᠠ ᠂  ᠥᠪᠡᠷᠲᠡᠭᠡᠨ ᠵᠠᠰᠠᠬᠤ ᠣᠷᠣᠨ᠎ᠤ ᠪᠣᠳᠠᠲᠠᠢ᠎ᠲᠠᠢ ᠤᠶᠠᠯᠳᠤᠭᠤᠯᠤᠨ ᠂  ᠡᠳᠦᠭᠡ ᠳᠣᠣᠷᠠᠬᠢ ᠮᠡᠲᠦ ᠰᠠᠨᠠᠯ᠎ᠢ ᠳᠤᠷᠠᠳᠪᠠ ᠃

       ᠨᠢᠭᠡ ᠂  ᠶᠡᠷᠦᠩᠬᠡᠢ ᠱᠠᠭ᠋ᠠᠷᠳᠠᠯᠭ᠎ᠠ 

       ᠰᠢ ᠵᠢᠨ ᠫᠢᠩ᠎ᠤᠨ  ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠤᠯᠭ᠋ᠠᠬᠤ ᠵᠢ ᠪᠠᠷᠢᠮᠲᠠᠯᠠᠨ ᠂  ᠶᠡᠷᠦᠩᠬᠡᠢ ᠱᠦᠵᠢ ᠰᠢ ᠵᠢᠨ ᠫᠢᠩ᠎ᠤᠨ ᠨᠡᠢ᠌ᠭᠡᠮ᠎ᠤᠨ ᠪᠠᠲᠤᠯᠠᠭ᠎ᠠ ᠵᠢᠨ ᠦᠢ᠍ᠯᠡᠰ᠎ᠤᠨ ᠲᠤᠬᠠᠢ ᠴᠢᠬᠤᠯᠠ ᠥᠭᠦᠯᠡᠯᠲᠡ ᠵᠢᠨ ᠵᠣᠷᠢᠭ ᠰᠠᠨᠠᠭ᠎ᠠ ᠪᠠ ᠥᠪᠥᠷ ᠮᠣᠩᠭᠣᠯ᠎ᠤᠨ  ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠪᠦᠬᠦ ᠲᠠᠯ᠎ᠠ᠎ᠪᠠᠷ  ᠲᠤᠭᠤᠰᠢᠯᠠᠭᠤᠯᠵᠤ ᠂  ᠠᠷᠠᠳ᠎ᠤᠨ ᠠᠮᠢᠳᠤᠷᠠᠯ᠎ᠤᠨ ᠪᠤᠶᠠᠨ ᠵᠢᠷᠭ᠋ᠠᠯ᠎ᠢ ᠨᠡᠮᠡᠭᠳᠡᠭᠦᠯᠬᠦ ᠂  ᠨᠡᠢ᠌ᠭᠡᠮ᠎ᠤᠨ ᠡᠷᠬᠡ ᠲᠡᠭᠰᠢ ᠪᠠ ᠬᠠᠮᠲᠤ᠎ᠪᠠᠷ ᠴᠢᠨᠡᠭᠡᠯᠢᠭᠵᠢᠬᠦ ᠵᠢ ᠠᠬᠢᠭᠤᠯᠬᠤ᠎ᠪᠠᠷ ᠦᠨᠳᠦᠰᠦᠨ ᠡᠭᠦᠰᠴᠡ ᠪᠠ ᠲᠤᠰᠤᠯᠲᠠ ᠪᠣᠯᠭ᠋ᠠᠨ ᠂  ᠪᠦᠬᠦᠨ᠎ᠳᠤ  ᠬᠠᠮᠤᠷᠤᠭᠤᠯᠬᠤ ᠂  ᠦᠨᠳᠦᠰᠦᠨ ᠵᠦᠢ᠍ᠯ᠎ᠢ ᠪᠠᠲᠤᠯᠠᠬᠤ ᠂  ᠣᠯᠠᠨ ᠲᠠᠰ ᠳᠠᠪᠬᠤᠷᠭ᠎ᠠ᠎ᠲᠠᠢ ᠂  ᠦᠷᠭᠦᠯᠵᠢᠯᠡᠬᠦᠢ᠌ᠴᠡ ᠪᠠᠢ᠌ᠬᠤ᠎ᠪᠠᠷ ᠬᠠᠷᠠᠯᠲᠠ ᠪᠤᠯᠭ᠋ᠠᠵᠦ ᠂  ᠥᠪᠡᠷᠲᠡᠭᠡᠨ ᠵᠠᠰᠠᠬᠤ ᠣᠷᠣᠨ᠎ᠤ ᠪᠠᠢ᠌ᠳᠠᠯ᠎ᠳᠤ᠎ᠪᠠᠨ  ᠰᠠᠭᠤᠷᠢᠯᠠᠨ ᠂  ᠢᠳᠡᠪᠬᠢᠲᠡᠢ᠎ᠪᠠᠷ ᠬᠠᠢ᠌ᠨ ᠰᠦᠪᠡᠭᠴᠢᠯᠡᠵᠦ ᠂  ᠴᠢᠳᠠᠯ᠎ᠤᠨ ᠵᠶ᠋ᠠᠨ ᠬᠢᠷᠢ᠎ᠪᠠᠷ ᠴᠢᠷᠮᠠᠢ᠌ᠵᠤ ᠂  ᠬᠡᠮᠵᠢᠶᠡᠨ᠎ᠤ᠎ᠪᠠᠨ ᠬᠢᠷᠢ᠎ᠪᠠᠷ ᠬᠢᠵᠦ ᠂  ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠪᠥᠬᠥ ᠤᠯᠤᠰ᠎ᠲᠤ ᠨᠢᠭᠡᠳᠦᠯᠲᠡᠢ ᠲᠥᠯᠥᠪᠯᠡᠬᠦ ᠳᠦᠷᠢᠮ᠎ᠢ ᠭᠦᠨᠵᠡᠭᠡᠢ ᠨᠠᠢ᠌ᠳᠠᠪᠤᠷᠢᠵᠢᠭᠤᠯᠤᠨ᠎ᠠ ;  ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠨᠠᠰᠤᠵᠢᠯ᠎ᠤᠨ ᠳᠠᠭ᠋ᠠᠳᠬᠠᠯ᠎ᠤᠨ ᠰᠠᠭᠤᠷᠢ ᠮᠥᠩᠭᠥ ᠵᠢ ᠨᠢᠭᠡᠳᠦᠯᠲᠡᠢ ᠲᠥᠯᠥᠪᠯᠡᠬᠦ ᠲᠠᠰ ᠳᠠᠪᠬᠤᠷᠭ᠎ᠠ ᠵᠢ ᠠᠯᠬᠤᠮ ᠠᠯᠬᠤᠮ ᠵᠶ᠋ᠠᠷ ᠳᠡᠭᠡᠭᠰᠢᠯᠡᠭᠦᠯᠵᠦ ᠂  ᠥᠪᠡᠷᠲᠡᠭᠡᠨ ᠵᠠᠰᠠᠬᠤ ᠣᠷᠣᠨ᠎ᠤ ᠳᠡᠰ᠎ᠠᠴᠠ  ᠨᠢᠭᠡᠳᠦᠯᠲᠡᠢ ᠲᠥᠯᠥᠪᠯᠡᠬᠦ ᠵᠢ ᠠᠬᠢᠭᠤᠯᠤᠨ ᠪᠡᠶᠡᠯᠡᠭᠦᠯᠦᠨ᠎ᠡ ;  ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠪᠡᠯᠡ ᠴᠤᠭᠯᠠᠭᠤᠯᠬᠤ ᠪᠠ ᠣᠯᠭᠣᠮᠵᠢ ᠬᠠᠷᠠᠭ᠋ᠠᠯᠵᠠᠯ᠎ᠢ ᠲᠣᠬᠢᠷᠠᠭᠤᠯᠬᠤ ᠲᠣᠭᠲᠠᠴᠠ ᠵᠢ ᠲᠠᠰᠤᠷᠠᠯᠲᠠ ᠦᠭᠡᠢ ᠪᠦᠷᠢᠨᠰᠢᠭᠦᠯᠵᠦ ᠂  ᠣᠯᠭᠣᠮᠵᠢ ᠬᠠᠷᠠᠭ᠋ᠠᠯᠵᠠᠯ᠎ᠤᠨ ᠬᠢᠷᠢ ᠲᠦᠪᠰᠢᠨ᠎ᠢ ᠪᠥᠬᠥ ᠤᠯᠤᠰ᠎ᠤᠨ ᠳᠤᠮᠳᠠᠴᠢ ᠬᠢᠷᠢ ᠲᠦᠪᠰᠢᠨ᠎ᠠᠴᠠ ᠳᠡᠭᠡᠭᠰᠢ ᠪᠠᠢ᠌ᠯᠭ᠋ᠠᠬᠤ ᠵᠢ ᠦᠨᠡᠨ ᠬᠦ᠌ ᠪᠠᠲᠤᠯᠠᠨ᠎ᠠ ;  ᠨᠠᠰᠤᠵᠢᠯ᠎ᠤᠨ ᠳᠠᠭ᠋ᠠᠳᠬᠠᠯ᠎ᠳᠤ ᠣᠷᠣᠯᠴᠠᠬᠤ ᠬᠡᠪᠴᠢᠶ᠎ᠡ ᠵᠢ ᠥᠷᠭᠡᠳᠬᠡᠬᠦ ᠠᠵᠢᠯ᠎ᠢ ᠦᠷᠭᠦᠯᠵᠢᠯᠡᠨ ᠠᠬᠢᠭᠤᠯᠵᠤ ᠂ 2030 ᠣᠨ ᠪᠣᠯᠬᠤ᠎ᠳᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠳᠤ ᠣᠷᠣᠯᠴᠠᠬᠤ ᠨᠣᠷᠮ᠎ᠠ ᠵᠢ 95%᠎ᠠᠴᠠ  ᠳᠡᠭᠡᠭᠰᠢ᠎ᠳᠤ ᠬᠦᠷᠦᠭᠦᠯᠦᠨ᠎ᠡ ;  ᠠᠵᠤ ᠠᠬᠤᠢ᠌ᠯᠠᠯ᠎ᠤᠨ ᠣᠨ᠎ᠤ ᠮᠥᠩᠭᠥᠨ᠎ᠤ ᠬᠡᠪᠴᠢᠶ᠎ᠡ ᠵᠢ ᠥᠷᠭᠡᠳᠬᠡᠬᠦ ᠡᠷᠴᠢᠮ ᠵᠶ᠋ᠠᠨ ᠴᠢᠩᠭ᠋ᠠᠷᠠᠭᠤᠯᠵᠤ ᠂ 2030 ᠣᠨ᠎ᠤ ᠰᠡᠭᠦᠯᠴᠢ᠎ᠳᠤ  ᠤᠯᠤᠰ᠎ᠤᠨ ᠥᠮᠴᠢᠯᠡᠯᠲᠦ ᠨᠢᠭᠡᠴᠢ ᠪᠦᠬᠦᠨ᠎ᠳᠤ  ᠬᠠᠮᠤᠷᠤᠭᠤᠯᠬᠤ ᠂  ᠬᠤᠪᠢ ᠵᠢᠨ ᠡᠵᠡᠩᠨᠡᠯᠲᠡ ᠵᠢᠨ ᠨᠢᠭᠡᠴᠢ ᠵᠢᠨ 《  ᠪᠠᠢ᠌ᠭᠤᠯᠵᠤ ᠳᠡᠶ᠋ᠢᠯᠬᠦ ᠪᠦᠬᠦᠨ᠎ᠳᠤ  ᠪᠠᠶ᠋ᠢᠭᠤᠯᠬᠤ 》 ᠵᠢ ᠪᠡᠶᠡᠯᠡᠭᠦᠯᠦᠨ᠎ᠡ ;  ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠳᠦᠷᠢᠮ᠎ᠢ ᠪᠦᠬᠦ ᠲᠠᠯ᠎ᠠ᠎ᠪᠠᠷ ᠬᠡᠷᠡᠭᠵᠢᠭᠦᠯᠵᠦ ᠂  ᠭᠤᠷᠪᠠᠳᠤᠭ᠋ᠠᠷ ᠲᠤᠯᠭ᠋ᠠᠭᠤᠷᠢᠯᠠᠯ ᠨᠠᠰᠤᠵᠢᠯ᠎ᠤᠨ ᠳᠠᠭ᠋ᠠᠳᠬᠠᠯ᠎ᠢ ᠵᠢᠷᠤᠮᠵᠢᠭᠤᠯᠤᠨ ᠬᠥᠭᠵᠢᠭᠦᠯᠵᠦ ᠂  ᠠᠷᠠᠳ ᠤᠯᠠᠨ᠎ᠤ ᠤᠯᠠᠨ ᠶᠠᠩᠵᠤ ᠵᠢᠨ ᠬᠡᠷᠡᠭᠴᠡᠭᠡ ᠱᠠᠭ᠋ᠠᠷᠳᠠᠯᠭ᠎ᠠ ᠵᠢ ᠨᠡᠩ ᠰᠠᠢ᠌ᠲᠤᠷ ᠬᠠᠩᠭ᠋ᠠᠨ᠎ᠠ ᠃ 

       ᠬᠣᠶᠠᠷ ᠂  ᠭᠣᠣᠯ ᠠᠷᠭ᠎ᠠ ᠬᠡᠮᠵᠢᠶ᠎ᠡ 

      (  ᠨᠢᠭᠡ ) ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠢ ᠪᠥᠬᠥ ᠤᠯᠤᠰ᠎ᠲᠤ ᠨᠢᠭᠡᠳᠦᠯᠲᠡᠢ ᠲᠥᠯᠥᠪᠯᠡᠬᠦ ᠵᠢ ᠪᠥᠬᠥ ᠲᠠᠯ᠎ᠠ᠎ᠪᠠᠷ ᠨᠠᠢ᠌ᠳᠠᠪᠤᠷᠢᠵᠢᠭᠤᠯᠤᠨ᠎ᠠ ᠃ 

      1. ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠢ ᠪᠥᠬᠥ ᠤᠯᠤᠰ᠎ᠲᠤ ᠨᠢᠭᠡᠳᠦᠯᠲᠡᠢ ᠲᠥᠯᠥᠪᠯᠡᠬᠦ ᠳᠦᠷᠢᠮ᠎ᠢ ᠤᠯᠠᠮ ᠨᠢᠭᠡ ᠠᠯᠬᠤᠮ ᠵᠢᠷᠤᠮᠵᠢᠭᠤᠯᠤᠨ ᠨᠠᠢ᠌ᠳᠠᠪᠤᠷᠢᠵᠢᠭᠤᠯᠤᠨ᠎ᠠ ᠃  ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠤᠯᠤᠰ᠎ᠤᠨ ᠨᠢᠭᠡᠳᠦᠯᠲᠡᠢ ᠲᠥᠷᠥ ᠵᠢᠨ ᠪᠣᠳᠣᠯᠭ᠎ᠠ ᠵᠢ ᠬᠡᠷᠡᠭᠵᠢᠭᠦᠯᠵᠦ ᠂  ᠣᠲᠣ ᠵᠢᠨ ᠬᠡᠷᠡᠭᠵᠢᠭᠦᠯᠵᠦ ᠪᠠᠢ᠌ᠭ᠎ᠠ ᠨᠠᠰᠤᠵᠢᠯ᠎ᠤᠨ ᠳᠠᠭ᠋ᠠᠳᠬᠠᠯ᠎ᠤᠨ ᠲᠥᠷᠥ ᠵᠢᠨ ᠪᠣᠳᠣᠯᠭ᠎ᠠ᠎ᠨᠢ  ᠤᠯᠤᠰ᠎ᠤᠨ ᠲᠥᠷᠥ ᠵᠢᠨ ᠪᠣᠳᠣᠯᠭ᠎ᠠ᠎ᠯᠤᠭ᠎ᠠ ᠨᠢᠭᠡᠳᠦᠯ ᠦᠭᠡᠢ ᠪᠠᠢ᠌ᠪᠠᠯ ᠂  ᠴᠠᠭ ᠲᠤᠬᠠᠢ᠎ᠳᠤ᠎ᠨᠢ  ᠵᠢᠷᠤᠮᠵᠢᠭᠤᠯᠤᠨ ᠲᠣᠬᠢᠷᠠᠭᠤᠯᠵᠤ ᠪᠣᠳᠠᠲᠠᠢ᠌ᠵᠢᠭᠤᠯᠤᠨ᠎ᠠ ;  ᠪᠥᠬᠥ ᠤᠯᠤᠰ᠎ᠤᠨ  ᠨᠢᠭᠡᠳᠦᠯᠲᠡᠢ ᠭᠠᠷᠳᠠᠨ ᠭᠦᠢ᠍ᠴᠡᠳᠬᠡᠬᠦ ᠦᠢ᠍ᠯᠡᠴᠢᠯᠡᠭᠡᠨ᠎ᠤ ᠪᠠᠷᠢᠮᠵᠢᠶ᠎ᠠ ᠪᠠ ᠮᠡᠳᠡᠭᠡ ᠵᠠᠩᠭᠢ ᠵᠢᠨ ᠰᠢᠰᠲ᠋ᠧᠮ᠎ᠤᠨ ᠪᠦᠲᠦᠭᠡᠨ ᠪᠠᠢ᠌ᠭᠤᠯᠤᠯᠲᠠ ᠵᠢᠨ ᠪᠠᠷᠢᠮᠵᠢᠶ᠎ᠠ ᠵᠢ ᠬᠡᠷᠡᠭᠵᠢᠭᠦᠯᠦᠨ᠎ᠡ ;  ᠰᠠᠭᠤᠷᠢ ᠮᠥᠩᠭᠥᠨ᠎ᠤ ᠬᠠᠮᠢᠶᠠᠷᠤᠯᠲᠠ ᠵᠢ ᠨᠢᠭᠡᠳᠦᠭᠦᠯᠵᠦ ᠵᠢᠷᠤᠮᠵᠢᠭᠤᠯᠤᠨ᠎ᠠ ᠃  ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠡᠯ᠎ᠡ ᠠᠢ᠌ᠮᠠᠭ᠎ᠤᠨ ᠵᠠᠬᠢᠷᠭ᠎ᠠ ᠂  ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠢ ᠰᠢᠯᠭ᠋ᠠᠨ ᠬᠢᠨᠠᠬᠤ ᠲᠣᠭᠲᠠᠴᠠ ᠵᠢ ᠪᠦᠷᠢᠨᠰᠢᠭᠦᠯᠦᠨ᠎ᠡ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ ᠃  ᠨᠢᠭᠡᠳᠦᠭᠡᠷ᠎ᠲᠤ ᠵᠢᠭᠰᠠᠭ᠋ᠠᠭᠳᠠᠭᠰᠠᠨ᠎ᠨᠢ  ᠲᠦᠷᠦᠭᠦᠯᠡᠬᠦ ᠨᠢᠭᠡᠴᠢ ᠪᠣᠯᠣᠨ᠎ᠠ ᠂  ᠳᠣᠷᠣᠭᠰᠢ᠎ᠪᠠᠨ  ᠠᠳᠠᠯᠢ )

      2. ᠨᠠᠰᠤᠵᠢᠯ᠎ᠤᠨ ᠳᠠᠭ᠋ᠠᠳᠬᠠᠯ᠎ᠤᠨ ᠣᠷᠣᠨ ᠨᠤᠲᠤᠭ᠎ᠤᠨ ᠡᠳ᠋᠎ᠤᠨ ᠵᠠᠰᠠᠭ᠎ᠤᠨ ᠵᠠᠷᠤᠯᠭ᠎ᠠ ᠵᠢᠨ ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠤᠨ᠎ᠠ ᠃  ᠡᠯ᠎ᠡ ᠠᠢ᠌ᠮᠠᠭ᠎ᠤᠨ ᠵᠠᠬᠢᠷᠭ᠎ᠠ ᠂  ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠵᠠᠷᠤᠯᠭ᠎ᠠ ᠵᠢᠨ ᠬᠠᠷᠢᠭᠤᠴᠠᠯᠭ᠎ᠠ ᠵᠢ ᠴᠢᠩᠭ᠋ᠠᠷᠠᠭᠤᠯᠤᠨ ᠪᠣᠳᠠᠲᠠᠢ᠌ᠵᠢᠭᠤᠯᠵᠤ ᠂  ᠣᠷᠣᠨ ᠨᠤᠲᠤᠭ᠎ᠤᠨ ᠡᠳ᠋᠎ᠤᠨ ᠵᠠᠰᠠᠭ ᠵᠶ᠋ᠠᠷ ᠨᠠᠰᠤᠵᠢᠯ᠎ᠤᠨ ᠳᠠᠭ᠋ᠠᠳᠬᠠᠯ᠎ᠤᠨ ᠰᠠᠭᠤᠷᠢ ᠮᠥᠩᠭᠥᠨ᠎ᠤ ᠣᠷᠣᠭᠤᠯᠤᠯᠲᠠ ᠵᠢ ᠨᠥᠬᠥᠪᠦᠷᠢᠯᠡᠬᠦ ᠣᠷᠳᠣ ᠬᠤᠭᠤᠴᠠᠭ᠋ᠠᠨ᠎ᠤ ᠪᠦᠲᠦᠮᠵᠢᠲᠡᠶ ᠲᠣᠭᠲᠠᠴᠠ ᠵᠢ ᠨᠠᠢ᠌ᠳᠠᠪᠤᠷᠢᠵᠢᠭᠤᠯᠤᠨ ᠂  ᠲᠣᠰ ᠬᠤᠭᠤᠴᠠᠭ᠋ᠠᠨ᠎ᠤ ᠣᠷᠣᠨ ᠨᠤᠲᠤᠭ᠎ᠤᠨ ᠡᠳ᠋᠎ᠤᠨ ᠵᠠᠰᠠᠭ᠎ᠤᠨ ᠨᠥᠬᠥᠪᠦᠷᠢ ᠵᠢ ᠲᠣᠭ᠎ᠠ ᠶᠣᠰᠣᠭ᠋ᠠᠷ᠎ᠨᠢ  ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠤᠰᠬᠠᠢ ᠳᠠᠩᠰᠠᠨ ᠡᠷᠦᠬᠡ᠎ᠳᠤ ᠰᠢᠯᠵᠢᠭᠦᠯᠦᠨ ᠥᠭᠬᠦ ᠵᠢ ᠦᠨᠡᠨ ᠬᠦ᠌ ᠪᠠᠲᠤᠯᠠᠨ᠎ᠠ ᠃  ᠰᠠᠭᠤᠷᠢ ᠮᠥᠩᠭᠥᠨ᠎ᠤ ᠲᠥᠰᠥᠪ᠎ᠲᠤ  ᠬᠠᠮᠢᠶᠠᠷᠤᠯᠲᠠ ᠬᠢᠬᠦ᠎ᠪᠠᠨ  ᠴᠢᠩᠭ᠋ᠠᠳᠬᠠᠵᠤ ᠂  ᠰᠠᠭᠤᠷᠢ ᠮᠥᠩᠭᠥᠨ᠎ᠤ ᠲᠥᠰᠥᠪ᠎ᠤᠨ ᠠᠮᠵᠢᠯᠲᠠ ᠪᠦᠲᠦᠮᠵᠢ ᠵᠢᠨ ᠬᠠᠮᠢᠶᠠᠷᠤᠯᠲᠠ ᠵᠢ ᠠᠬᠢᠭᠤᠯᠤᠨ᠎ᠠ ᠃ (  ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ ᠂  ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ )

      3. ᠨᠠᠰᠤᠵᠢᠯ᠎ᠤᠨ ᠳᠠᠭ᠋ᠠᠳᠬᠠᠯ᠎ᠤᠨ ᠰᠦᠢ᠍ᠳᠬᠡᠯ᠎ᠢ ᠲᠠᠲᠠᠪᠤᠷᠢᠯᠠᠨ ᠬᠤᠷᠢᠶᠠᠬᠤ ᠠᠷᠭ᠎ᠠ ᠮᠠᠶᠢᠭ᠎ᠢ ᠨᠢᠭᠡᠳᠬᠡᠨ᠎ᠡ ᠃  ᠬᠥᠮᠥᠨ ᠬᠡᠷᠡᠭᠯᠡᠬᠦ ᠨᠢᠭᠡᠴᠢ ᠵᠢᠨ ᠨᠡᠢ᠌ᠭᠡᠮ᠎ᠤᠨ ᠳᠠᠭ᠋ᠠᠳᠬᠠᠯ᠎ᠤᠨ ᠰᠦᠢ᠍ᠳᠬᠡᠯ ᠵᠶ᠋ᠠᠨ ᠭᠤᠶᠤᠴᠢᠯᠠᠨ ᠮᠡᠳᠡᠭᠦᠯᠵᠦ ᠰᠦᠢ᠍ᠳᠬᠡᠯ ᠲᠤᠰᠢᠶᠠᠬᠤ ᠠᠷᠭ᠎ᠠ ᠮᠠᠶᠢᠭ᠎ᠢ ᠨᠢᠭᠡᠳᠦᠯᠲᠡᠢ ᠪᠣᠯᠭ᠋ᠠᠵᠤ ᠂  ᠭᠤᠶᠤᠴᠢᠯᠠᠨ ᠮᠡᠳᠡᠭᠦᠯᠵᠦ ᠰᠦᠢ᠍ᠳᠬᠡᠯ ᠲᠤᠰᠢᠶᠠᠬᠤ ᠴᠠᠭ ᠬᠤᠭᠤᠴᠠᠭ᠎ᠠ ᠵᠢ ᠵᠢᠷᠤᠮᠵᠢᠭᠤᠯᠤᠨ ᠂  ᠭᠤᠶᠤᠴᠢᠯᠠᠨ ᠮᠡᠳᠡᠭᠦᠯᠵᠦ ᠰᠦᠢ᠍ᠳᠬᠡᠯ ᠲᠤᠰᠢᠶᠠᠬᠤ ᠴᠤᠪᠤᠷᠠᠯ᠎ᠢ ᠨᠢᠭᠡᠳᠦᠯᠲᠡᠢ ᠪᠣᠯᠭ᠋ᠠᠵᠤ ᠂  ᠬᠥᠮᠥᠨ ᠬᠡᠷᠡᠭᠯᠡᠬᠦ ᠨᠢᠭᠡᠴᠢ ᠵᠢ ᠬᠥᠲᠥᠯᠥᠨ ᠵᠢᠯᠤᠭᠣᠳᠴᠤ ᠪᠠᠢ᠌ᠭ᠋ᠠᠳ ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠰᠦᠢ᠍ᠳᠬᠡᠯ ᠵᠶ᠋ᠠᠨ ᠬᠠᠤᠯᠢ ᠲᠣᠭᠲᠠᠭ᠋ᠠᠯ ᠶᠣᠰᠣᠭ᠋ᠠᠷ ᠭᠤᠶᠤᠴᠢᠯᠠᠨ ᠮᠡᠳᠡᠭᠦᠯᠵᠦ ᠲᠤᠰᠢᠶᠠᠯᠭ᠋ᠠᠨ᠎ᠠ ᠃ (  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ ᠂  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ )

      (  ᠬᠣᠶᠠᠷ ) ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ  ᠨᠠᠰᠤᠵᠢᠯ᠎ᠤᠨ ᠳᠠᠭ᠋ᠠᠳᠬᠠᠯ᠎ᠤᠨ ᠬᠠᠮᠢᠶᠠᠷᠤᠯᠲᠠ ᠵᠢ ᠴᠢᠩᠭ᠋ᠠᠳᠬᠠᠨ᠎ᠠ ᠃ 

      4. ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠨᠠᠰᠤᠵᠢᠯ᠎ᠤᠨ ᠳᠠᠭ᠋ᠠᠳᠬᠠᠯ᠎ᠤᠨ ᠳᠦᠷᠢᠮ᠎ᠢ ᠵᠢᠷᠤᠮᠵᠢᠭᠤᠯᠤᠨ᠎ᠠ ᠃  ᠪᠥᠬᠥ ᠣᠷᠣᠨ᠎ᠳᠤ ᠨᠢᠭᠡᠳᠦᠯᠲᠡᠢ ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠨᠠᠰᠤᠵᠢᠯ᠎ᠤᠨ ᠳᠠᠭ᠋ᠠᠳᠬᠠᠯ᠎ᠤᠨ ᠲᠥᠷᠥ ᠵᠢᠨ ᠪᠣᠳᠣᠯᠭ᠎ᠠ ᠂  ᠨᠢᠭᠡᠳᠦᠯᠲᠡᠢ ᠭᠠᠷᠳᠠᠨ ᠭᠦᠢ᠍ᠴᠡᠳᠬᠡᠬᠦ ᠳᠦᠷᠢᠮᠯᠡᠯ᠎ᠢ ᠬᠡᠷᠡᠭᠵᠢᠭᠦᠯᠵᠦ ᠂  ᠨᠢᠭᠡᠳᠦᠯᠲᠡᠢ ᠮᠡᠳᠡᠭᠡ ᠵᠠᠩᠭᠢ ᠵᠢᠨ ᠰᠢᠰᠲ᠋ᠧᠮ᠎ᠢ ᠬᠡᠷᠡᠭᠯᠡᠨ ᠨᠠᠰᠤᠵᠢᠯ᠎ᠤᠨ ᠳᠠᠭ᠋ᠠᠳᠬᠠᠯ᠎ᠤᠨ ᠲᠤᠬᠠᠢ᠌ᠯᠠᠭᠰᠠᠨ ᠠᠵᠢᠯ᠎ᠢ ᠭᠦᠢ᠍ᠴᠡᠳᠬᠡᠵᠦ ᠂  ᠡᠯ᠎ᠡ ᠠᠢ᠌ᠮᠠᠭ᠎ᠤᠨ ᠵᠠᠬᠢᠷᠭ᠎ᠠ ᠂  ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠠᠵᠢᠯ᠎ᠤᠨ ᠰᠢᠯᠭ᠋ᠠᠨ ᠬᠢᠨᠠᠬᠤ ᠲᠣᠭᠲᠠᠴᠠ ᠵᠢ ᠪᠦᠷᠢᠨᠰᠢᠭᠦᠯᠦᠨ᠎ᠡ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ )

      5. ᠰᠠᠭᠤᠷᠢ ᠮᠥᠩᠭᠥᠨ᠎ᠤ ᠲᠥᠰᠥᠪ᠎ᠤᠨ ᠬᠠᠮᠢᠶᠠᠷᠤᠯᠲᠠ ᠵᠢ ᠴᠢᠩᠭ᠋ᠠᠷᠠᠭᠤᠯᠤᠨ᠎ᠠ ᠃  ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠨᠢ  ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠨᠠᠰᠤᠵᠢᠯ᠎ᠤᠨ ᠦᠨᠳᠦᠰᠦᠨ ᠳᠠᠭ᠋ᠠᠳᠬᠠᠯ ᠪᠠ ᠠᠵᠢᠯ ᠮᠡᠷᠭᠡᠵᠢᠯ᠎ᠤᠨ ᠣᠨ᠎ᠤ  ᠮᠥᠩᠭᠥᠨ᠎ᠤ ᠰᠦᠢ᠍ᠳᠬᠡᠯ ᠲᠤᠰᠢᠶᠠᠬᠤ ᠲᠥᠰᠥᠪ ᠵᠢᠴᠢ ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠰᠠᠭᠤᠷᠢ ᠮᠥᠩᠭᠥᠨ᠎ᠤ ᠣᠷᠣᠯᠭ᠎ᠠ ᠵᠠᠷᠤᠯᠭ᠎ᠠ ᠵᠢᠨ ᠳᠤᠲᠠᠭᠤᠳᠠᠯ᠎ᠤᠨ ᠨᠥᠬᠥᠪᠦᠷᠢ ᠵᠢᠨ ᠲᠥᠰᠥᠪ᠎ᠢ ᠲᠣᠭᠲᠠᠭ᠋ᠠᠯ ᠶᠣᠰᠣᠭ᠋ᠠᠷ ᠭᠦᠢ᠍ᠴᠡᠳ ᠲᠣᠬᠢᠷᠠᠭᠤᠯᠵᠤ ᠂  ᠲᠥᠰᠥᠪ᠎ᠤᠨ ᠭᠦᠢ᠍ᠴᠡᠳᠭᠡᠯᠲᠡ ᠵᠢ ᠴᠢᠩᠳᠠᠯᠠᠨ ᠂  ᠡᠳ᠋᠎ᠤᠨ ᠵᠠᠰᠠᠭ᠎ᠤᠨ ᠨᠥᠬᠥᠪᠦᠷᠢ   ᠪᠡᠯᠡ ᠮᠥᠩᠭᠥᠨ᠎ᠤ ᠬᠠᠮᠢᠶᠠᠷᠤᠯᠲᠠ ᠵᠢ ᠵᠢᠷᠤᠮᠵᠢᠭᠤᠯᠤᠨ᠎ᠠ ᠃  ᠨᠥᠬᠥᠴᠡᠯ᠎ᠲᠠᠢ ᠭᠠᠵᠠᠷ ᠣᠷᠣᠨ᠎ᠤ ᠰᠠᠭᠤᠷᠢ  ᠮᠥᠩᠭᠥᠨ᠎ᠤ ᠨᠢᠭᠡᠳᠦᠯᠲᠡᠢ ᠲᠥᠯᠥᠪᠯᠡᠬᠦ ᠱᠠᠲᠤ ᠳᠡᠰ ᠵᠶ᠋ᠡᠨ ᠠᠢ᠌ᠮᠠᠭ ᠬᠣᠲᠠ ᠵᠢᠨ ᠱᠠᠲᠤᠨ᠎ᠳᠤ ᠬᠦᠷᠲᠡᠯ᠎ᠡ ᠳᠡᠭᠡᠭᠰᠢᠯᠡᠭᠦᠯᠬᠦ ᠵᠢ᠎ᠨᠢ  ᠵᠣᠷᠢᠭᠵᠢᠭᠤᠯᠤᠨ᠎ᠠ ᠃ (  ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ ᠂  ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ )

      (  ᠭᠤᠷᠪᠠ ) ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠳᠦᠷᠢᠮ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠦᠨ᠎ᠡ ᠃ 

      6. ᠬᠤᠳᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠪᠡᠯᠡ ᠴᠤᠭᠯᠠᠭᠤᠯᠬᠤ ᠲᠣᠭᠲᠠᠴᠠ ᠵᠢ ᠪᠦᠷᠢᠨᠰᠢᠭᠦᠯᠦᠨ᠎ᠡ ᠃  ᠠᠷᠪᠢᠨ ᠲᠤᠰᠢᠶᠠᠪᠠᠯ ᠠᠷᠪᠢᠨ ᠣᠯᠬᠤ ᠂  ᠣᠷᠳᠣ ᠬᠤᠭᠤᠴᠠᠭ᠎ᠠ ᠲᠤᠰᠢᠶᠠᠪᠠᠯ ᠢᠯᠡᠭᠦᠦ ᠣᠯᠬᠤ ᠤᠷᠮᠠᠰᠢᠭᠤᠯᠤᠯ᠎ᠤᠨ ᠲᠣᠭᠲᠠᠴᠠ ᠵᠢ ᠪᠠᠢ᠌ᠭᠤᠯᠵᠤ ᠂  ᠨᠥᠬᠥᠴᠡᠯ᠎ᠲᠠᠢ ᠬᠠᠮᠲᠤ ᠵᠢᠨ ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ ᠵᠢ ᠵᠣᠷᠢᠭᠵᠢᠭᠤᠯᠵᠤ ᠪᠠᠢ᠌ᠭ᠋ᠠᠳ ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠰᠦᠢ᠍ᠳᠬᠡᠯ ᠲᠤᠰᠢᠶᠠᠬᠤ᠎ᠳᠤ ᠨᠥᠬᠥᠪᠦᠷᠢ ᠥᠭᠭᠦᠨ᠎ᠡ ;  ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠣᠷᠣᠯᠭ᠎ᠠ ᠵᠢᠨ ᠨᠡᠮᠡᠭᠳᠡᠯ᠎ᠤᠨ ᠪᠠᠢ᠌ᠳᠠᠯ᠎ᠢ ᠦᠨᠳᠦᠰᠦᠯᠡᠨ ᠂  ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠰᠦᠢ᠍ᠳᠬᠡᠯ ᠲᠤᠰᠢᠶᠠᠬᠤ ᠳᠣᠣᠷ᠎ᠠ ᠵᠠᠬ᠎ᠠ ᠵᠢᠨ ᠪᠠᠷᠢᠮᠵᠢᠶ᠎ᠠ ᠵᠢ ᠳᠡᠭᠡᠭᠰᠢᠯᠡᠭᠦᠯᠦᠨ᠎ᠡ ;  ᠬᠣᠢ᠌ᠰᠢᠯᠠᠭᠤᠯᠤᠨ ᠲᠤᠰᠢᠶᠠᠬᠤ ᠲᠦᠷᠦ ᠵᠢᠨ ᠪᠣᠳᠣᠯᠭ᠎ᠠ ᠵᠢ ᠰᠦᠪᠡᠭᠴᠢᠯᠡᠵᠦ ᠂  ᠨᠥᠬᠥᠪᠦᠷᠢᠯᠡᠨ ᠲᠤᠰᠢᠶᠠᠬᠤ ᠲᠦᠷᠦ ᠵᠢᠨ ᠪᠣᠳᠣᠯᠭ᠎ᠠ ᠵᠢ ᠵᠢᠷᠤᠮᠵᠢᠭᠤᠯᠤᠨ᠎ᠠ ᠃  ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠰᠠᠭᠤᠷᠢ ᠮᠥᠩᠭᠥᠨ᠎ᠤ ᠬᠠᠮᠢᠶᠠᠷᠤᠯᠲᠠ ᠵᠢᠨ ᠲᠠᠰ ᠱᠠᠲᠤ ᠵᠢ ᠠᠯᠬᠤᠮ ᠠᠯᠬᠤᠮ ᠵᠶ᠋ᠠᠷ ᠳᠡᠭᠡᠭᠰᠢᠯᠡᠭᠦᠯᠵᠦ ᠂  ᠰᠠᠭᠤᠷᠢ ᠮᠥᠩᠭᠥᠨ᠎ᠤ ᠬᠠᠮᠢᠶᠠᠷᠤᠯᠲᠠ ᠵᠢᠨ ᠠᠮᠤᠷ ᠲᠦᠪᠰᠢᠨ ᠪᠥᠭᠡᠳ ᠵᠢᠷᠤᠮᠵᠢᠯ᠎ᠲᠠᠢ  ᠪᠠᠢ᠌ᠬᠤ ᠵᠢ ᠦᠨᠡᠨ ᠬᠦ᠌ ᠪᠠᠲᠤᠯᠠᠵᠤ ᠂  ᠬᠤᠪᠢ ᠬᠥᠮᠥᠨ᠎ᠤ ᠲᠠᠩᠰᠠᠨ ᠡᠷᠦᠬᠡ ᠵᠢᠨ ᠰᠠᠭᠤᠷᠢ ᠮᠥᠩᠭᠥ ᠵᠢ ᠨᠡᠭᠦᠯᠭᠡᠨ ᠬᠡᠷᠡᠭᠯᠡᠵᠦ ᠪᠠᠢ᠌ᠭ᠋ᠠᠳ ᠰᠠᠭᠤᠷᠢ ᠨᠠᠰᠤᠵᠢᠯ᠎ᠤᠨ ᠠᠰᠠᠷᠠᠮᠵᠢ ᠵᠢᠨ ᠮᠥᠩᠭᠥ ᠲᠠᠷᠬᠠᠭ᠋ᠠᠬᠤ᠎ᠠᠴᠠ ᠰᠡᠷᠭᠡᠢ᠌ᠯᠡᠨ᠎ᠡ ᠃  ᠤᠯᠤᠰ᠎ᠤᠨ ᠳᠡᠮᠵᠢᠯᠭᠡ ᠵᠢ ᠴᠢᠷᠮᠠᠢ᠌ᠨ ᠣᠯᠵᠤ ᠂  ᠭᠠᠵᠠᠷ ᠲᠠᠷᠢᠶ᠎ᠡ᠎ᠪᠠᠨ ᠠᠯᠳᠠᠭᠰᠠᠨ ᠬᠡᠰᠡᠭ ᠮᠠᠯᠴᠢᠨ ᠲᠠᠷᠢᠶᠠᠴᠢᠳ᠎ᠤᠨ ᠨᠠᠰᠤᠵᠢᠯ᠎ᠤᠨ ᠳᠠᠭ᠋ᠠᠳᠬᠠᠯ᠎ᠤᠨ ᠲᠤᠰᠬᠠᠢ ᠳᠦᠷᠢᠮ ᠬᠡᠷᠡᠭᠵᠢᠭᠦᠯᠵᠦ ᠪᠦᠬᠦᠢ ᠭᠠᠵᠠᠷ ᠣᠷᠣᠨ᠎ᠢ ᠲᠥᠷᠥᠯ ᠬᠤᠪᠢᠶᠠᠨ ᠵᠢᠯᠤᠭᠣᠳᠴᠤ ᠪᠠᠢ᠌ᠭ᠋ᠠᠳ ᠨᠡᠢ᠌ᠯᠡᠭᠦᠯᠦᠨ ᠨᠢᠭᠡᠳᠬᠡᠬᠦ ᠲᠥᠰᠥᠯ᠎ᠢ ᠲᠣᠭᠲᠠᠭ᠋ᠠᠨ ᠂  ᠬᠠᠤᠯᠢ᠎ᠪᠠᠷ ᠲᠣᠭᠲᠠᠭ᠋ᠠᠭᠰᠠᠨ ᠨᠠᠰᠤᠵᠢᠯ᠎ᠤᠨ ᠳᠠᠭ᠋ᠠᠳᠬᠠᠯ᠎ᠤᠨ ᠳᠦᠷᠢᠮ᠎ᠤᠨ ᠲᠣᠭᠲᠠᠯᠴᠠᠭ᠎ᠠ᠎ᠳᠤ ᠣᠷᠣᠭᠤᠯᠤᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ ᠂  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ ᠂  ᠣᠶ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ )

      7. ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠳᠠᠭ᠋ᠠᠳᠬᠠᠯ᠎ᠤᠨ ᠣᠯᠭᠣᠮᠵᠢ ᠬᠠᠷᠠᠭ᠋ᠠᠯᠵᠠᠯ᠎ᠢ ᠲᠣᠬᠢᠷᠠᠭᠤᠯᠬᠤ ᠲᠣᠭᠲᠠᠴᠠ ᠵᠢ ᠪᠦᠷᠢᠨᠰᠢᠭᠦᠯᠦᠨ᠎ᠡ ᠃  ᠰᠠᠭᠤᠷᠢ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠬᠡᠪ᠎ᠤᠨ ᠲᠣᠬᠢᠷᠠᠭᠤᠯᠤᠯᠲᠠ ᠵᠢᠨ ᠲᠣᠭᠲᠠᠴᠠ ᠵᠢ ᠲᠡᠭᠦᠯᠳᠡᠷᠵᠢᠭᠦᠯᠵᠦ ᠂  ᠰᠠᠭᠤᠷᠢ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠪᠥᠬᠥ ᠣᠷᠣᠨ᠎ᠤ ᠳᠣᠣᠷ᠎ᠠ ᠵᠠᠬ᠎ᠠ ᠵᠢᠨ ᠪᠠᠷᠢᠮᠵᠢᠶ᠎ᠠ ᠪᠠ ᠰᠦᠢ᠍ᠳᠬᠡᠯ ᠲᠤᠰᠢᠶᠠᠬᠤ ᠨᠡᠮᠡᠭᠦᠷᠢ ᠵᠢᠨ ᠪᠠᠷᠢᠮᠵᠢᠶ᠎ᠠ ᠵᠢ ᠯᠠᠪᠳᠠᠭᠤᠨ ᠵᠶ᠋ᠠᠷ ᠳᠡᠭᠡᠭᠰᠢᠯᠡᠭᠦᠯᠦᠨ᠎ᠡ ᠃  ᠰᠢᠯᠭ᠋ᠠᠨ ᠬᠢᠨᠠᠯᠲᠠ ᠵᠢᠨ ᠵᠢᠯᠣᠭᠣᠳᠤᠮᠵᠢ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ ᠂  ᠡᠯ᠎ᠡ ᠭᠠᠵᠠᠷ᠎ᠤᠨ᠎ᠬᠢᠨ᠎ᠤ ᠡᠳ᠋᠎ᠤᠨ ᠵᠠᠰᠠᠭ᠎ᠤᠨ ᠣᠷᠣᠭᠤᠯᠤᠯᠲᠠ᠎ᠪᠠᠨ ᠨᠡᠮᠡᠭᠳᠡᠭᠦᠯᠬᠦ ᠵᠢ ᠰᠢᠮᠳᠠᠭᠤᠯᠵᠤ ᠂  ᠲᠤᠬᠠᠢ ᠵᠢᠨ ᠭᠠᠵᠠᠷ᠎ᠤᠨ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠳᠤᠮᠳᠠᠴᠢ ᠬᠢᠷᠢ ᠲᠦᠪᠰᠢᠨ᠎ᠢ ᠤᠯᠤᠰ᠎ᠤᠨ ᠰᠢᠯᠭ᠋ᠠᠨ ᠬᠢᠨᠠᠬᠤ ᠱᠠᠭ᠋ᠠᠷᠳᠠᠯᠭ᠎ᠠ᠎ᠠᠴᠠ ᠳᠣᠣᠷ᠎ᠠ ᠦᠭᠡᠢ ᠂  ᠪᠥᠬᠥ ᠣᠷᠣᠨ᠎ᠤ ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠶᠡᠷᠦᠩᠬᠡᠢ ᠬᠢᠷᠢ ᠲᠦᠪᠰᠢᠨ᠎ᠢ ᠪᠥᠬᠥ ᠤᠯᠤᠰ᠎ᠤᠨ ᠳᠤᠮᠳᠠᠴᠢ ᠬᠢᠷᠢ ᠲᠦᠪᠰᠢᠨ᠎ᠠᠴᠠ ᠳᠣᠣᠷ᠎ᠠ ᠦᠭᠡᠢ ᠪᠠᠢ᠌ᠯᠭ᠋ᠠᠬᠤ ᠵᠢ ᠦᠨᠡᠨ ᠬᠦ᠌ ᠪᠠᠲᠤᠯᠠᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ )

      (  ᠳᠥᠷᠪᠡ ) ᠣᠨ᠎ᠤ ᠮᠥᠩᠭᠥᠨ᠎ᠤ ᠳᠦᠷᠢᠮ᠎ᠤᠨ ᠬᠠᠮᠤᠷᠬᠤ ᠬᠡᠪᠴᠢᠶ᠎ᠡ ᠵᠢ ᠥᠷᠭᠡᠳᠬᠡᠨ᠎ᠡ ᠃ 

      8. ᠤᠯᠤᠰ᠎ᠤᠨ ᠥᠮᠴᠢᠯᠡᠯᠲᠦ ᠠᠵᠤ ᠠᠬᠤᠢ᠌ᠯᠠᠯ᠎ᠤᠨ ᠬᠥᠲᠥᠯᠥᠨ ᠳᠠᠭ᠋ᠠᠭᠤᠯᠵᠤ ᠵᠢᠱ᠌ᠢᠶ᠎ᠡ ᠦᠵᠡᠭᠦᠯᠬᠦ ᠦᠢ᠍ᠯᠡᠳᠦᠯ᠎ᠢ ᠪᠠᠳᠠᠷᠠᠭᠤᠯᠤᠨ᠎ᠠ ᠃  ᠥᠪᠡᠷᠲᠡᠭᠡᠨ ᠵᠠᠰᠠᠬᠤ ᠣᠷᠣᠨ᠎ᠤ ᠬᠠᠷᠢᠶ᠎ᠠ ᠪᠦᠬᠦᠢ ᠤᠯᠤᠰ᠎ᠤᠨ ᠥᠮᠴᠢᠯᠡᠯᠲᠦ ᠠᠵᠤ ᠠᠬᠤᠢ᠌ᠯᠠᠯ ᠂  ᠤᠯᠤᠰ᠎ᠤᠨ ᠥᠮᠴᠢᠯᠡᠯᠲᠦ ᠬᠣᠪᠢᠴᠠᠭ᠎ᠠ ᠡᠵᠡᠮᠳᠡᠭᠰᠡᠨ ᠠᠵᠤ ᠠᠬᠤᠢ᠌ᠯᠠᠯ᠎ᠤᠳ ᠵᠠᠷᠴᠢᠮ ᠳᠡᠭᠡᠷ᠎ᠡ᠎ᠪᠠᠨ ᠴᠥᠮ ᠠᠵᠤ ᠠᠬᠤᠢ᠌ᠯᠠᠯ᠎ᠤᠨ ᠣᠨ᠎ᠤ ᠮᠥᠩᠭᠥ ᠵᠢ ᠪᠠᠢ᠌ᠭᠤᠯᠵᠤ ᠂  ᠡᠵᠡᠩᠨᠡᠯᠲᠡ ᠵᠢᠨ ᠪᠠᠢ᠌ᠳᠠᠯ ᠪᠠᠷᠤᠭᠲᠠᠢ᠎ᠠᠴᠠ  ᠪᠣᠯᠵᠤ ᠲᠦᠷ ᠴᠠᠭ ᠪᠠᠢ᠌ᠭᠤᠯᠬᠤ ᠨᠥᠬᠥᠴᠡᠯ ᠦᠭᠡᠢ ᠪᠠᠢ᠌ᠪᠠᠯ ᠂  ᠡᠵᠡᠩᠨᠡᠯᠲᠡ ᠵᠢᠨ ᠨᠥᠬᠥᠴᠡᠯ᠎ᠨᠢ  ᠰᠠᠢ᠌ᠵᠢᠷᠠᠭᠰᠠᠨ᠎ᠤ ᠳᠠᠷᠠᠭ᠎ᠠ ᠴᠠᠭ ᠲᠤᠬᠠᠢ᠎ᠳᠤ᠎ᠨᠢ  ᠪᠠᠶ᠋ᠢᠭᠤᠯᠬᠤ ᠬᠡᠷᠡᠭᠲᠡᠢ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠤᠯᠤᠰ᠎ᠤᠨ ᠥᠮᠴᠢᠯᠡᠯᠲᠦ ᠡᠳ᠋ ᠬᠥᠷᠥᠩᠭᠡ ᠵᠢᠨ ᠬᠢᠨᠠᠯᠲᠠ ᠬᠠᠮᠢᠶᠠᠷᠤᠯᠲᠠ ᠵᠢᠨ ᠵᠥᠪᠯᠡᠯ )

      9. ᠬᠤᠪᠢ ᠵᠢᠨ ᠡᠵᠡᠩᠨᠡᠯᠲᠡ ᠵᠢᠨ ᠨᠢᠭᠡᠴᠢ ᠵᠢᠨ ᠠᠵᠢᠯᠲᠠᠨ ᠠᠵᠢᠯᠴᠢᠨ᠎ᠳᠤ᠎ᠪᠠᠨ ᠠᠵᠤ ᠠᠬᠤᠢ᠌ᠯᠠᠯ᠎ᠤᠨ ᠣᠨ᠎ᠤ ᠮᠥᠩᠭᠥ ᠪᠠᠢ᠌ᠭᠤᠯᠵᠤ ᠥᠭᠬᠦ ᠵᠢ ᠵᠣᠷᠢᠭᠵᠢᠭᠤᠯᠤᠨ᠎ᠠ ᠃  ᠠᠵᠤ ᠠᠬᠤᠢ ᠵᠢᠨ ᠦᠷ᠎ᠡ ᠠᠰᠢᠭ ᠵᠶ᠋ᠠᠷ ᠨᠡᠯᠢᠶᠡᠳ ᠰᠠᠢ᠌ᠨ ᠬᠤᠪᠢ ᠵᠢᠨ ᠡᠵᠡᠩᠨᠡᠯᠲᠡ ᠵᠢᠨ ᠨᠢᠭᠡᠴᠢ ᠵᠢ ᠬᠥᠲᠥᠯᠥᠨ ᠵᠢᠯᠤᠭᠣᠳᠴᠤ ᠪᠠᠢ᠌ᠭ᠋ᠠᠳ ᠰᠠᠨᠠᠭ᠋ᠠᠴᠢᠯᠠᠭ᠎ᠠ᠎ᠠᠴᠠ᠎ᠪᠠᠨ ᠠᠵᠢᠯᠲᠠᠨ ᠠᠵᠢᠯᠴᠢᠨ᠎ᠳᠤ᠎ᠪᠠᠨ ᠠᠵᠤ ᠠᠬᠤᠢ᠌ᠯᠠᠯ᠎ᠤᠨ ᠣᠨ᠎ᠤ ᠮᠥᠩᠭᠥ ᠪᠠᠢ᠌ᠭᠤᠯᠵᠤ ᠥᠭᠭᠦᠨ᠎ᠡ ᠃  ᠬᠤᠪᠢ ᠵᠢᠨ ᠡᠵᠡᠩᠨᠡᠯᠲᠡ ᠵᠢᠨ ᠨᠢᠭᠡᠴᠢ ᠵᠢ ᠳᠡᠮᠵᠢᠵᠦ ᠂  ᠰᠢᠯᠢᠳᠡᠭ ᠠᠵᠢᠯᠲᠠᠨ ᠂  ᠠᠬᠠᠮᠠᠳ ᠠᠵᠢᠯᠲᠠᠨ᠎ᠳᠤ ᠤᠷᠢᠳ ᠵᠶ᠋ᠠᠷ ᠠᠵᠤ ᠠᠬᠤᠢ᠌ᠯᠠᠯ᠎ᠤᠨ ᠣᠨ᠎ᠤ ᠮᠥᠩᠭᠥ ᠪᠠᠢ᠌ᠭᠤᠯᠵᠤ ᠥᠭᠭᠦᠨ᠎ᠡ ᠃  ᠨᠥᠬᠥᠴᠡᠯ᠎ᠲᠠᠢ ᠭᠠᠵᠠᠷ ᠣᠷᠣᠨ᠎ᠨᠢ  ᠬᠦᠷᠢᠶᠡᠯᠡᠩ ᠲᠣᠭᠣᠷᠢᠭ ᠵᠶ᠋ᠠᠷ ᠨᠢᠭᠡᠴᠢ ᠪᠣᠯᠭ᠋ᠠᠵᠤ ᠂  ᠬᠠᠮᠲᠤ᠎ᠪᠠᠷ ᠵᠥᠪᠳᠡᠯᠴᠡᠬᠦ ᠂  ᠪᠡᠶ᠎ᠡ᠎ᠪᠠᠨ ᠳᠠᠭ᠋ᠠᠭ᠋ᠠᠵᠤ ᠣᠷᠣᠯᠴᠠᠬᠤ ᠠᠷᠭ᠎ᠠ ᠮᠠᠶᠢᠭ ᠵᠶ᠋ᠠᠷ ᠳᠠᠮᠵᠢᠭᠤᠯᠤᠨ ᠂  ᠬᠦᠷᠢᠶᠡᠯᠡᠩ ᠲᠣᠭᠣᠷᠢᠭ᠎ᠲᠠᠬᠢ ᠠᠵᠤ ᠠᠬᠤᠢ᠌ᠯᠠᠯ ᠪᠠ ᠠᠵᠢᠯᠲᠠᠨ᠎ᠢ ᠬᠠᠮᠤᠷᠤᠭᠰᠠᠨ ᠠᠵᠤ ᠠᠬᠤᠢ᠌ᠯᠠᠯ᠎ᠤᠨ ᠣᠨ᠎ᠤ ᠮᠥᠩᠭᠥᠨ᠎ᠤ ᠳᠦᠷᠢᠮ ᠪᠠᠶ᠋ᠢᠭᠤᠯᠬᠤ ᠵᠢ ᠰᠦᠪᠡᠭᠴᠢᠯᠡᠵᠦ ᠪᠣᠯᠣᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ )

      10. ᠴᠢᠳᠠᠪᠤᠷᠢᠲᠠᠨ᠎ᠤ ᠣᠨ᠎ᠤ ᠮᠥᠩᠭᠥᠨ᠎ᠤ ᠳᠦᠷᠢᠮ᠎ᠢ ᠪᠠᠢ᠌ᠭᠤᠯᠤᠨ᠎ᠠ ᠃  ᠴᠢᠳᠠᠪᠤᠷᠢᠲᠠᠨ᠎ᠤ ᠣᠨ᠎ᠤ  ᠮᠥᠩᠭᠥᠨ᠎ᠤ ᠠᠷᠭ᠎ᠠ ᠵᠢ ᠨᠡᠢ᠌ᠲᠡᠯᠡᠵᠦ ᠂  ᠪᠥᠬᠥ ᠠᠵᠢᠯᠲᠠᠨ ᠪᠤᠶᠤ ᠣᠯᠠᠩᠬᠢ ᠬᠥᠮᠥᠰ᠎ᠲᠤ ᠠᠵᠤ ᠠᠬᠤᠢ᠌ᠯᠠᠯ᠎ᠤᠨ ᠣᠨ᠎ᠤ ᠮᠥᠩᠭᠥ ᠪᠠᠶ᠋ᠢᠭᠤᠯᠬᠤ ᠨᠥᠬᠥᠴᠡᠯ᠎ᠢ ᠲᠦᠷ ᠪᠦᠷᠢᠳᠦᠭᠦᠯᠦᠭᠡᠳᠦᠢ ᠬᠥᠮᠥᠨ ᠬᠡᠷᠡᠭᠯᠡᠬᠦ ᠨᠢᠭᠡᠴᠢ᠎ᠨᠢ  ᠠᠵᠤ ᠠᠬᠤᠢ᠌ᠯᠠᠯ᠎ᠤᠨ ᠣᠨ᠎ᠤ ᠮᠥᠩᠭᠥᠨ᠎ᠤ ᠳᠦᠷᠢᠮ᠎ᠤᠨ ᠳᠣᠣᠷ᠎ᠠ ᠂  ᠨᠢᠭᠡᠴᠢ ᠵᠢᠨ ᠵᠶ᠋ᠠᠨ ᠬᠥᠭᠵᠢᠯᠲᠡ ᠵᠢᠨ ᠬᠡᠷᠡᠭᠴᠡᠭᠡ ᠱᠠᠭ᠋ᠠᠷᠳᠠᠯᠭ᠎ᠠ᠎ᠳᠤ ᠨᠡᠢ᠌ᠴᠡᠭᠰᠡᠨ ᠴᠢᠳᠠᠪᠤᠷᠢᠲᠠᠳ᠎ᠲᠤ ᠤᠷᠢᠳ ᠵᠶ᠋ᠠᠷ ᠴᠢᠳᠠᠪᠤᠷᠢᠲᠠᠨ᠎ᠤ ᠣᠨ᠎ᠤ ᠮᠥᠩᠭᠥ ᠪᠠᠢ᠌ᠭᠤᠯᠤᠨ ᠥᠭᠴᠦ ᠪᠣᠯᠣᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ )

      11. ᠠᠵᠤ ᠠᠬᠤᠢ᠌ᠯᠠᠯ᠎ᠤᠨ ᠣᠨ᠎ᠤ ᠮᠥᠩᠭᠥ ᠵᠢ ᠨᠥᠬᠥᠨ ᠲᠡᠮᠳᠡᠭᠯᠡᠬᠦ ᠠᠵᠢᠯ᠎ᠢ ᠰᠠᠢ᠌ᠲᠤᠷ ᠬᠢᠨ᠎ᠡ ᠃  ᠣᠨ᠎ᠤ ᠮᠥᠩᠭᠥ ᠵᠢ ᠰᠢᠨ᠎ᠡ᠎ᠪᠠᠷ ᠪᠠᠢ᠌ᠭᠤᠯᠤᠭᠰᠠᠨ ᠬᠥᠮᠥᠨ ᠬᠡᠷᠡᠭᠯᠡᠬᠦ ᠨᠢᠭᠡᠴᠢ᠎ᠨᠢ  ᠠᠵᠢᠯᠲᠠᠨ ᠠᠵᠢᠯᠴᠢᠨ᠎ᠳᠤ ᠡᠮᠦᠨᠡᠬᠢ ᠵᠢᠯ᠎ᠤᠳ᠎ᠤᠨ ᠠᠵᠤ ᠠᠬᠤᠢ᠌ᠯᠠᠯ᠎ᠤᠨ ᠣᠨ᠎ᠤ ᠮᠥᠩᠭᠥ ᠵᠢ ᠨᠥᠬᠥᠨ ᠪᠠᠢ᠌ᠭᠤᠯᠵᠤ ᠪᠣᠯᠣᠨ᠎ᠠ ᠂  ᠠᠵᠢᠯᠲᠠᠨ ᠠᠵᠢᠯᠴᠢᠨ᠎ᠤ ᠠᠵᠢᠯ᠎ᠠᠴᠠ᠎ᠪᠠᠨ ᠠᠮᠠᠷᠠᠭᠰᠠᠨ᠎ᠤ ᠳᠠᠷᠠᠭ᠋ᠠᠬᠢ ᠠᠮᠢᠳᠤᠷᠠᠯ᠎ᠤᠨ ᠴᠢᠨᠠᠷ ᠴᠢᠨᠰᠠᠭ᠎ᠠ ᠵᠢ᠎ᠨᠢ  ᠳᠡᠭᠡᠭᠰᠢᠯᠡᠭᠦᠯᠵᠦ ᠂  ᠡᠬᠢᠯᠡᠵᠦ ᠨᠥᠬᠥᠨ ᠪᠠᠢ᠌ᠭᠤᠯᠬᠤ ᠴᠠᠭ᠎ᠨᠢ  ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠬᠤᠪᠢ ᠬᠥᠮᠥᠨ᠎ᠤ ᠲᠠᠩᠰᠠᠨ ᠡᠷᠦᠬᠡ ᠪᠠᠢ᠌ᠭᠤᠯᠤᠭᠰᠠᠨ ᠴᠠᠭ᠎ᠠᠴᠠ ᠡᠷᠲᠡ ᠪᠠᠢ᠌ᠵᠤ ᠪᠣᠯᠬᠤ ᠦᠭᠡᠢ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ )

      12. ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠳᠤ ᠤᠷᠤᠯᠴᠠᠨᠨᠰᠠᠨ ᠬᠥᠮᠥᠰ᠎ᠤᠨ ᠣᠯᠭᠣᠮᠵᠢ ᠬᠠᠷᠠᠭ᠋ᠠᠯᠵᠠᠯ᠎ᠤᠨ ᠬᠢᠷᠢ ᠲᠦᠪᠰᠢᠨ᠎ᠢ ᠳᠡᠭᠡᠭᠰᠢᠯᠡᠭᠦᠯᠦᠨ᠎ᠡ ᠃  ᠨᠥᠬᠥᠴᠡᠯ᠎ᠲᠠᠢ ᠪᠠᠢ᠌ᠭᠤᠯᠭ᠎ᠠ ᠠᠵᠢᠯ ᠦᠢ᠍ᠯᠡᠰ᠎ᠤᠨ ᠨᠢᠭᠡᠴᠢ ᠵᠢᠨ ᠲᠣᠰ ᠨᠢᠭᠡᠴᠢ ᠵᠢᠨ ᠵᠶ᠋ᠡᠨ ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠨᠠᠰᠤᠵᠢᠯ᠎ᠤᠨ ᠦᠨᠳᠦᠰᠦᠨ ᠳᠠᠭ᠋ᠠᠳᠬᠠᠯ᠎ᠳᠤ ᠣᠷᠣᠯᠴᠠᠭᠰᠠᠳ᠎ᠲᠤ ᠠᠵᠤ ᠠᠬᠤᠢ᠌ᠯᠠᠯ᠎ᠤᠨ ᠣᠨ᠎ᠤ ᠮᠥᠩᠭᠥ ᠪᠠᠢ᠌ᠭᠤᠯᠤᠨ ᠥᠭᠴᠦ ᠂  ᠲᠡᠳᠡᠨ᠎ᠤ ᠠᠵᠢᠯ᠎ᠠᠴᠠ᠎ᠪᠠᠨ ᠠᠮᠠᠷᠠᠭᠰᠠᠨ᠎ᠤ ᠳᠠᠷᠠᠭ᠋ᠠᠬᠢ ᠣᠯᠭᠣᠮᠵᠢ ᠬᠠᠷᠠᠭ᠋ᠠᠯᠵᠠᠯ᠎ᠤᠨ ᠬᠢᠷᠢ ᠲᠦᠪᠰᠢᠨ᠎ᠢ᠎ᠨᠢ  ᠳᠡᠭᠡᠭᠰᠢᠯᠡᠭᠦᠯᠬᠦ ᠵᠢ ᠵᠣᠷᠢᠭᠵᠢᠭᠤᠯᠤᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ )

      13. ᠭᠠᠷᠲᠠᠨ ᠭᠦᠢ᠍ᠴᠡᠳᠬᠡᠬᠦ ᠦᠢ᠍ᠯᠡᠴᠢᠯᠡᠭᠡ ᠵᠢ ᠰᠢᠯᠢᠳᠡᠭᠵᠢᠭᠦᠯᠦᠨ᠎ᠡ ᠃  ᠠᠵᠤ ᠠᠬᠤᠢ᠌ᠯᠠᠯ᠎ᠤᠨ ᠣᠨ᠎ᠤ ᠮᠥᠩᠭᠥᠨ᠎ᠤ ᠲᠥᠰᠥᠯ᠎ᠤᠨ ᠳᠠᠩᠰᠠᠯᠠᠭᠤᠯᠬᠤ ᠶᠠᠪᠤᠴᠠ ᠵᠢ ᠳᠥᠭᠥᠮᠴᠢᠯᠡᠵᠦ ᠂  ᠮᠡᠳᠡᠭᠦᠯᠦᠨ ᠬᠦᠷᠭᠡᠬᠦ ᠮᠠᠲ᠋ᠧᠷᠢᠶᠠᠯ᠎ᠳᠤ ᠳᠠᠩᠰᠠᠯᠠᠭᠤᠯᠬᠤ ᠠᠮᠠᠯᠠᠯᠲᠠ ᠵᠢᠨ ᠳᠦᠷᠢᠮ᠎ᠢ ᠬᠡᠷᠡᠭᠵᠢᠭᠦᠯᠵᠦ ᠪᠣᠯᠣᠨ᠎ᠠ ᠃  ᠠᠵᠤ ᠠᠬᠤᠢ᠌ᠯᠠᠯ᠎ᠤᠨ ᠣᠨ᠎ᠤ  ᠮᠥᠩᠭᠥᠨ᠎ᠤ ᠮᠡᠳᠡᠭᠡ ᠵᠠᠩᠭᠢ ᠵᠢᠨ ᠰᠢᠰᠲ᠋ᠧᠮ ᠪᠠ ᠳ᠋ᠠᠢ᠌ᠲ᠋ᠠ ᠵᠢᠨ ᠬᠥᠮᠥᠷᠭᠡ ᠵᠢ ᠪᠠᠢ᠌ᠭᠤᠯᠵᠤ ᠂  ᠠᠵᠤ ᠠᠬᠤᠢ᠌ᠯᠠᠯ᠎ᠤᠨ ᠣᠨ᠎ᠤ  ᠮᠥᠩᠭᠥᠨ᠎ᠤ ᠬᠠᠮᠢᠶ᠎ᠠ ᠪᠦᠬᠦᠢ ᠳ᠋ᠠᠢ᠌ᠲ᠋ᠠ ᠵᠢ ᠪᠥᠬᠥ ᠣᠷᠣᠨ᠎ᠤ ᠨᠢᠭᠡᠳᠦᠯᠲᠡᠢ ᠮᠡᠳᠡᠭᠡ ᠵᠠᠩᠭᠢ ᠵᠢᠨ ᠰᠢᠰᠲ᠋ᠧᠮ᠎ᠳᠤ ᠣᠷᠣᠭᠤᠯᠵᠤ ᠂  ᠡᠯ᠎ᠡ ᠭᠠᠵᠠᠷ᠎ᠤᠨ᠎ᠬᠢᠨ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠳ᠋ᠠᠢ᠌ᠲ᠋ᠠ᠎ᠯᠤᠭ᠎ᠠ ᠬᠠᠷᠢᠴᠠᠭᠤᠯᠬᠤ ᠠᠵᠢᠯ᠎ᠢ ᠰᠠᠢ᠌ᠲᠤᠷ ᠬᠢᠵᠦ ᠂  ᠠᠵᠤ ᠠᠬᠤᠢ᠌ᠯᠠᠯ᠎ᠤᠨ ᠣᠨ᠎ᠤ  ᠮᠥᠩᠭᠥᠨ᠎ᠤ ᠦᠢ᠍ᠯᠡᠴᠢᠯᠡᠭᠡᠨ᠎ᠤ ᠪᠠᠢ᠌ᠭᠤᠯᠤᠮᠵᠢ ᠳᠦᠷᠢᠮ᠎ᠤᠨ ᠬᠠᠮᠤᠷᠬᠤ ᠬᠡᠪᠴᠢᠶ᠎ᠡ ᠵᠢ ᠥᠷᠭᠡᠳᠬᠡᠬᠦ᠎ᠳᠤ ᠳ᠋ᠠᠢ᠌ᠲ᠋ᠠ ᠵᠢᠨ ᠲᠤᠯᠭ᠋ᠠᠭᠤᠷᠢᠯᠠᠯ ᠬᠠᠩᠭ᠋ᠠᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ ᠂  ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡ ᠪᠠ ᠳ᠋ᠠᠢ᠌ᠲ᠋ᠠ ᠵᠢᠨ ᠬᠠᠮᠢᠶᠠᠷᠤᠯᠲᠠ ᠵᠢᠨ ᠲᠣᠪᠴᠢᠶ᠎ᠠ ᠂  ᠠᠵᠢᠯᠴᠢᠨ᠎ᠤ ᠶᠡᠷᠦᠩᠬᠡᠢ ᠡᠪᠯᠡᠯ )

      14. ᠠᠵᠢᠯ ᠮᠡᠷᠭᠡᠵᠢᠯ᠎ᠤᠨ ᠣᠨ᠎ᠤ ᠮᠥᠩᠭᠥᠨ᠎ᠤ ᠬᠠᠮᠢᠶᠠᠷᠤᠯᠲᠠ ᠵᠢ ᠵᠢᠷᠤᠮᠵᠢᠭᠤᠯᠤᠨ᠎ᠠ ᠃  ᠠᠵᠢᠯ ᠮᠡᠷᠭᠡᠵᠢᠯ᠎ᠤᠨ ᠣᠨ᠎ᠤ ᠮᠥᠩᠭᠥ ᠵᠢ ᠴᠤᠭᠯᠠᠭᠤᠯᠤᠨ ᠨᠡᠢ᠌ᠯᠡᠭᠦᠯᠬᠦ ᠶᠠᠪᠤᠴᠠ ᠵᠢ ᠵᠢᠷᠤᠮᠵᠢᠭᠤᠯᠵᠤ ᠂  ᠠᠵᠢᠯ ᠮᠡᠷᠭᠡᠵᠢᠯ᠎ᠤᠨ ᠣᠨ᠎ᠤ ᠮᠥᠩᠭᠥ ᠵᠢ ᠴᠠᠭ ᠲᠤᠬᠠᠢ᠎ᠳᠤ᠎ᠨᠢ  ᠴᠤᠭᠯᠠᠭᠤᠯᠤᠨ ᠨᠡᠢ᠌ᠯᠡᠭᠦᠯᠵᠦ ᠰᠢᠯᠵᠢᠭᠦᠯᠦᠨ ᠥᠭᠬᠦ ᠂  ᠠᠵᠢᠯ ᠮᠡᠷᠭᠡᠵᠢᠯ᠎ᠤᠨ ᠣᠨ᠎ᠤ ᠮᠥᠩᠭᠥ ᠵᠢ ᠡᠬᠢᠯᠡᠭᠦᠯᠦᠨ ᠪᠡᠯᠡ ᠣᠷᠣᠭᠤᠯᠵᠤ ᠠᠵᠢᠯᠯᠠᠭᠤᠯᠤᠨ ᠡᠵᠡᠩᠨᠡᠬᠦ᠎ᠠᠴᠠ ᠡᠮᠦᠨᠡᠬᠢ ᠬᠦᠦ ᠮᠥᠩᠭᠥ ᠨᠥᠬᠥᠪᠦᠷᠢᠯᠡᠬᠦ ᠪᠡᠯᠡ ᠮᠥᠩᠭᠥ ᠵᠢ ᠴᠠᠭ ᠲᠤᠬᠠᠢ᠎ᠳᠤ᠎ᠨᠢ  ᠰᠠᠯᠭ᠋ᠠᠨ ᠥᠭᠴᠦ ᠪᠣᠳᠠᠲᠠᠢ᠌ᠵᠢᠭᠤᠯᠬᠤ ᠵᠢ ᠦᠨᠡᠨ ᠬᠦ᠌ ᠪᠠᠲᠤᠯᠠᠨ᠎ᠠ ᠃  ᠠᠵᠢᠯ ᠮᠡᠷᠭᠡᠵᠢᠯ᠎ᠤᠨ ᠣᠨ᠎ᠤ ᠮᠥᠩᠭᠥ ᠵᠢ ᠨᠥᠬᠥᠨ ᠲᠡᠮᠳᠡᠭᠯᠡᠬᠦ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠵᠤ ᠂  ᠨᠥᠬᠥᠴᠡᠯ᠎ᠲᠠᠢ ᠭᠠᠵᠠᠷ ᠣᠷᠣᠨ᠎ᠤ ᠠᠵᠢᠯ ᠮᠡᠷᠭᠡᠵᠢᠯ᠎ᠤᠨ ᠣᠨ᠎ᠤ ᠮᠥᠩᠭᠥᠨ᠎ᠤ ᠲᠠᠩᠰᠠ ᠲᠡᠮᠳᠡᠭᠯᠡᠬᠦ ᠬᠡᠰᠡᠭ᠎ᠤᠨ ᠰᠦᠢ᠍ᠳᠬᠡᠯ ᠲᠤᠰᠢᠶᠠᠬᠤ ᠵᠢ ᠢᠳᠡᠪᠬᠢᠲᠡᠢ᠎ᠪᠠᠷ ᠪᠣᠳᠠᠲᠠᠢ᠌ᠵᠢᠭᠤᠯᠬᠤ ᠵᠢ ᠵᠣᠷᠢᠭᠵᠢᠭᠤᠯᠤᠨ᠎ᠠ ᠃ (  ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ )

      (  ᠲᠠᠪᠤ ) ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥ ᠵᠢ ᠵᠢᠷᠤᠮᠵᠢᠭᠤᠯᠤᠨ ᠬᠥᠭᠵᠢᠭᠦᠯᠦᠨ᠎ᠡ ᠃ 

      15. ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥ ᠵᠢ ᠪᠥᠬᠥ ᠲᠠᠯ᠎ᠠ᠎ᠪᠠᠷ ᠬᠡᠷᠡᠭᠵᠢᠭᠦᠯᠦᠨ᠎ᠡ ᠃  ᠤᠷᠢᠳ ᠵᠶ᠋ᠠᠷ ᠬᠡᠷᠡᠭᠵᠢᠭᠦᠯᠦᠭᠰᠡᠨ ᠭᠠᠵᠠᠷ ᠣᠷᠣᠨ᠎ᠤ ᠲᠤᠷᠰᠢᠯᠭ᠎ᠠ ᠠᠷᠭ᠎ᠠ ᠬᠢᠳᠡᠯ᠎ᠢ ᠳ᠋ᠦᠩᠨᠡᠵᠦ ᠂  ᠣᠯᠠᠨ ᠵᠦᠢ᠍ᠯ᠎ᠤᠨ ᠠᠷᠭ᠎ᠠ ᠮᠠᠶᠢᠭ ᠵᠶ᠋ᠠᠷ ᠳᠠᠮᠵᠢᠭᠤᠯᠤᠨ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠲᠠᠢ᠌ᠯᠤᠮᠵᠢ ᠵᠢ ᠥᠷᠨᠢᠭᠦᠯᠦᠨ᠎ᠡ ᠃  ᠳ᠋ᠠᠢ᠌ᠲ᠋ᠠ ᠵᠢᠨ ᠮᠡᠳᠡᠭᠡ ᠵᠠᠩᠭᠢ ᠵᠢ ᠬᠠᠷᠢᠯᠴᠠᠨ ᠰᠣᠯᠢᠯᠴᠠᠬᠤ ᠲᠣᠭᠲᠠᠴᠠ ᠵᠢ ᠲᠡᠭᠦᠯᠳᠡᠷᠵᠢᠭᠦᠯᠵᠦ ᠂  ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ  ᠮᠥᠩᠭᠥᠨ᠎ᠤ ᠳᠦᠷᠢᠮ᠎ᠤᠨ ᠬᠡᠪᠴᠢᠶ᠎ᠡ ᠵᠢ ᠥᠷᠭᠡᠳᠬᠡᠬᠦ᠎ᠪᠠᠨ  ᠠᠬᠢᠭᠤᠯᠤᠨ ᠂  ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥ᠎ᠳᠤ ᠣᠷᠣᠯᠴᠠᠬᠤ ᠨᠣᠷᠮ᠎ᠠ ᠪᠠ ᠰᠦᠢ᠍ᠳᠬᠡᠯ ᠲᠤᠰᠢᠶᠠᠬᠤ ᠨᠣᠷᠮ᠎ᠠ ᠵᠢ ᠳᠡᠭᠡᠭᠰᠢᠯᠡᠭᠦᠯᠵᠦ ᠂  ᠮᠥᠩᠭᠥᠨ ᠭᠦᠢ᠍ᠯᠭᠡᠭᠡᠨ᠎ᠤ ᠪᠠᠢ᠌ᠭᠤᠯᠤᠮᠵᠢ ᠵᠢ ᠰᠢᠮᠳᠠᠭᠤᠯᠵᠤ ᠪᠠᠢ᠌ᠭ᠋ᠠᠳ ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠤ ᠨᠡᠷᠡᠳᠬᠦᠨ ᠵᠢᠴᠢ ᠦᠢ᠍ᠯᠡᠴᠢᠯᠡᠭᠡ ᠵᠢ ᠦᠷᠭᠦᠯᠵᠢᠯᠡᠨ ᠰᠢᠯᠢᠳᠡᠭᠵᠢᠭᠦᠯᠦᠨ᠎ᠡ ᠃  ᠬᠢᠯᠢ ᠬᠢᠵᠠᠭ᠋ᠠᠷ ᠣᠷᠣᠨ ᠂  ᠴᠢᠯᠦᠭᠡᠲᠦ ᠠᠷᠠᠯᠵᠢᠶᠠᠨ᠎ᠤ ᠲᠤᠷᠰᠢᠯᠲᠠ ᠵᠢᠨ ᠲᠣᠭᠣᠷᠢᠭ ᠪᠠ ᠪᠤᠰᠤᠳ ᠨᠥᠬᠥᠴᠡᠯ᠎ᠲᠠᠢ ᠭᠠᠵᠠᠷ ᠣᠷᠣᠨ᠎ᠨᠢ  ᠪᠣᠳᠠᠲᠠᠢ ᠪᠠᠢ᠌ᠳᠠᠯ ᠵᠶ᠋ᠠᠨ ᠦᠨᠳᠦᠰᠦᠯᠡᠨ ᠂  ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ ᠮᠥᠩᠭᠥᠨ᠎ᠳᠤ ᠣᠷᠣᠯᠴᠠᠭᠰᠠᠨ ᠣᠷᠣᠭᠤᠯᠵᠤ ᠠᠪᠴᠢᠷᠠᠭᠰᠠᠨ ᠴᠢᠳᠠᠪᠤᠷᠢᠲᠠᠳ ᠬᠢᠭᠡᠳ ᠪᠠᠴᠢᠮ ᠳᠤᠲᠠᠭᠳᠠᠵᠤ ᠪᠠᠢ᠌ᠭ᠎ᠠ ᠴᠢᠳᠠᠪᠤᠷᠢᠲᠠᠳ᠎ᠲᠤ ᠬᠤᠪᠢ ᠬᠥᠮᠥᠨ᠎ᠤ ᠨᠠᠰᠤᠵᠢᠯ᠎ᠤᠨ ᠠᠰᠠᠷᠠᠮᠵᠢ ᠵᠢᠨ  ᠮᠥᠩᠭᠥᠨ᠎ᠤ ᠨᠡᠮᠡᠭᠦᠷᠢ ᠵᠢᠨ ᠳᠦᠷᠢᠮ᠎ᠢ ᠪᠠᠢ᠌ᠭᠤᠯᠵᠤ ᠥᠭᠴᠦ ᠪᠣᠯᠣᠨ᠎ᠠ ᠃ (ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠂  ᠡᠳ᠋᠎ᠤᠨ ᠵᠠᠰᠠᠭ᠎ᠤᠨ ᠲᠢᠩᠬᠢᠮ ᠂  ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠢ᠌ᠯᠢ ᠵᠢᠨ ᠶᠠᠪᠤᠳᠠᠯ᠎ᠤᠨ ᠲᠣᠪᠴᠢᠶ᠎ᠠ ᠂  ᠤᠯᠤᠰ᠎ᠤᠨ ᠮᠥᠩᠭᠥᠨ ᠭᠦᠢ᠍ᠯᠭᠡᠭᠡᠨ᠎ᠤ ᠬᠠᠮᠢᠶᠠᠷᠤᠯᠲᠠ ᠵᠢᠨ ᠶᠡᠷᠦᠩᠬᠡᠢ ᠲᠣᠪᠴᠢᠶᠠᠨ᠎ᠤ ᠥᠪᠥᠷ ᠮᠣᠩᠭᠣᠯ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ )

       ᠭᠤᠷᠪᠠ ᠂  ᠪᠠᠲᠤᠯᠠᠭ᠎ᠠ ᠵᠢᠨ ᠠᠷᠭ᠎ᠠ ᠬᠡᠮᠵᠢᠶ᠎ᠡ 

       ᠡᠯ᠎ᠡ ᠭᠠᠵᠠᠷ ᠣᠷᠣᠨ ᠂  ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ᠎ᠨᠢ  ᠣᠯᠠᠨ ᠲᠠᠰ ᠳᠠᠪᠬᠤᠷᠭ᠋ᠠᠲᠤ ᠂  ᠣᠯᠠᠨ ᠲᠤᠯᠭ᠋ᠠᠭᠤᠷᠢᠯᠠᠯ ᠪᠦᠬᠦᠢ  ᠨᠠᠰᠤᠵᠢᠯ᠎ᠤᠨ ᠳᠠᠭ᠋ᠠᠳᠬᠠᠯ᠎ᠤᠨ ᠲᠣᠭᠲᠠᠯᠴᠠᠭ᠎ᠠ ᠵᠢ ᠪᠠᠢ᠌ᠭᠤᠯᠤᠨ ᠪᠦᠷᠢᠨᠰᠢᠭᠦᠯᠬᠦ ᠵᠢᠨ ᠴᠢᠬᠤᠯᠠ ᠠᠴᠢ ᠬᠣᠯᠪᠣᠭᠳᠠᠯ᠎ᠢ ᠭᠦᠢ᠍ᠴᠡᠳ ᠲᠠᠨᠢᠵᠤ ᠂  ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠢᠵᠢ ᠪᠦᠷᠢᠳᠦᠭᠦᠯᠦᠭᠰᠡᠨ ᠲᠥᠰᠥᠯ ᠠᠷᠭ᠎ᠠ ᠬᠡᠮᠵᠢᠶ᠎ᠡ ᠵᠢ ᠲᠣᠭᠲᠠᠭ᠋ᠠᠵᠤ ᠂  ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠤᠨ ᠨᠠᠷᠢᠯᠢᠭᠵᠢᠭᠤᠯᠬᠤ ᠵᠢ ᠦᠨᠡᠨ ᠬᠦ᠌ ᠪᠠᠲᠤᠯᠠᠬᠤ ᠬᠡᠷᠡᠭᠲᠡᠢ ᠃  ᠰᠠᠯᠠᠭ᠎ᠠ ᠮᠥᠴᠢᠷ ᠠᠯᠤᠰᠯᠠᠨ ᠬᠣᠯᠪᠤᠭ᠋ᠠᠯᠠᠨ ᠬᠥᠳᠡᠯᠦᠯᠴᠡᠬᠦ ᠲᠣᠭᠲᠠᠴᠠ ᠵᠢ ᠲᠡᠭᠦᠯᠳᠡᠷᠵᠢᠭᠦᠯᠵᠦ ᠂  ᠮᠡᠳᠡᠭᠡ ᠵᠠᠩᠭᠢ ᠵᠢ ᠬᠠᠮᠲᠤ᠎ᠳᠤ᠎ᠪᠠᠨ  ᠬᠦᠷᠲᠡᠬᠦ ᠂  ᠵᠣᠬᠢᠴᠠᠯᠳᠤᠭᠤᠯᠤᠨ ᠬᠠᠮᠵᠢᠯᠴᠠᠬᠤ᠎ᠪᠠᠨ ᠴᠢᠩᠭ᠋ᠠᠳᠬᠠᠵᠤ ᠂  ᠠᠵᠢᠯ᠎ᠢ ᠠᠬᠢᠭᠤᠯᠬᠤ ᠪᠦᠬᠦᠯᠢ ᠴᠣᠭᠴᠠ ᠵᠢᠨ ᠨᠡᠢ᠌ᠯᠡᠮᠡᠯ ᠬᠦᠴᠦᠨ᠎ᠢ ᠪᠦᠷᠢᠯᠳᠦᠭᠦᠯᠬᠦ ᠬᠡᠷᠡᠭᠲᠡᠢ ᠃  ᠴᠠᠭ ᠦᠶ᠎ᠡ᠎ᠲᠠᠢ ᠵᠡᠷᠭᠡ᠎ᠪᠠᠷ ᠤᠷᠤᠭᠰᠢᠯᠠᠬᠤ ᠵᠢ ᠪᠠᠷᠢᠮᠲᠠᠯᠠᠵᠤ ᠂  ᠥᠭᠡᠷᠡᠴᠢᠯᠡᠯᠲᠡ ᠵᠢᠨ ᠠᠷᠭ᠎ᠠ ᠪᠠ ᠰᠢᠨ᠎ᠡ ᠵᠢ ᠡᠭᠦᠳᠬᠦ ᠰᠡᠳᠬᠢᠬᠦᠢ᠎ᠪᠠᠷ ᠠᠵᠢᠯ᠎ᠤᠨ ᠳᠤᠮᠳᠠᠬᠢ ᠠᠰᠠᠭᠤᠳᠠᠯ ᠵᠶ᠋ᠡᠨ ᠰᠢᠢ᠍ᠳᠪᠦᠷᠢᠯᠡᠵᠦ ᠂  ᠪᠠᠢ᠌ᠭᠤᠯᠤᠯ ᠲᠣᠭᠲᠠᠴᠠ ᠵᠢᠨ ᠰᠠᠭ᠋ᠠᠳ ᠲᠣᠳᠬᠠᠷ᠎ᠢ ᠲᠠᠰᠤᠷᠠᠯᠳᠠ ᠦᠭᠡᠢ ᠠᠷᠢᠯᠭ᠋ᠠᠬᠤ ᠬᠡᠷᠡᠭᠲᠡᠢ ᠃  ᠭᠠᠷᠲᠠᠨ ᠭᠦᠢ᠍ᠴᠡᠳᠬᠡᠬᠦ ᠦᠢ᠍ᠯᠡᠴᠢᠯᠡᠭᠡᠨ᠎ᠤ ᠬᠠᠮᠢᠶᠠᠷᠤᠯᠲᠠ ᠵᠢᠨ ᠲᠣᠭᠲᠠᠯᠴᠠᠭ᠎ᠠ ᠵᠢ ᠦᠷᠭᠦᠯᠵᠢᠯᠡᠨ ᠲᠡᠭᠦᠯᠳᠡᠷᠵᠢᠭᠦᠯᠵᠦ ᠂  ᠳ᠋ᠢᠵᠢᠲ᠋ᠠᠯ ᠵᠶ᠋ᠠᠷ ᠡᠷᠴᠢᠮᠯᠡᠬᠦ ᠵᠢ ᠲᠦᠷᠭᠡᠳᠬᠡᠨ ᠂  ᠦᠢ᠍ᠯᠡᠴᠢᠯᠡᠭᠡᠨ᠎ᠤ ᠴᠤᠪᠤᠷᠠᠯ ᠵᠶ᠋ᠠᠨ ᠰᠢᠯᠢᠳᠡᠭᠵᠢᠭᠦᠯᠵᠦ ᠂  ᠭᠠᠷᠲᠠᠨ ᠭᠦᠢ᠍ᠴᠡᠳᠬᠡᠬᠦ ᠬᠠᠮᠢᠶᠠᠷᠤᠯᠲᠠ ᠦᠢ᠍ᠯᠡᠴᠢᠯᠡᠭᠡᠨ᠎ᠤ ᠴᠢᠳᠠᠪᠤᠷᠢ ᠵᠢᠨ ᠬᠢᠷᠢ ᠲᠦᠪᠰᠢᠨ᠎ᠢ ᠳᠡᠭᠡᠭᠰᠢᠯᠡᠭᠦᠯᠬᠦ ᠬᠡᠷᠡᠭᠲᠡᠢ ᠃  ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠵᠢ ᠴᠢᠩᠭ᠋ᠠᠳᠬᠠᠵᠤ ᠂  ᠡᠯ᠎ᠡ ᠲᠥᠷᠥᠯ᠎ᠤᠨ ᠤᠯᠠᠮᠵᠢᠯᠠᠯᠲᠤ ᠵᠠᠭᠤᠴᠢᠯᠠᠭᠤᠷ ᠪᠠ ᠰᠢᠨ᠎ᠡ ᠵᠠᠭᠤᠴᠢᠯᠠᠭᠤᠷ᠎ᠲᠤ ᠲᠦᠰᠢᠭᠯᠡᠨ ᠂  ᠬᠠᠮᠢᠶ᠎ᠠ ᠪᠦᠬᠦᠢ ᠲᠥᠷᠥ ᠵᠢᠨ ᠪᠣᠳᠣᠯᠭ᠎ᠠ ᠵᠢ ᠪᠥᠬᠥ ᠲᠠᠯ᠎ᠠ᠎ᠪᠠᠷ ᠭᠦᠨᠵᠡᠭᠡᠢ ᠤᠬᠠᠭᠤᠯᠤᠨ ᠲᠠᠢ᠌ᠯᠪᠤᠷᠢᠯᠠᠵᠤ ᠂  ᠲᠥᠷᠥ ᠵᠢᠨ ᠪᠣᠳᠣᠯᠭ᠎ᠠ ᠵᠢᠨ ᠣᠢ᠌ᠯᠠᠭ᠋ᠠᠬᠤ ᠬᠡᠮᠵᠢᠶ᠎ᠡ ᠵᠢ ᠤᠯᠠᠮ ᠨᠢᠭᠡ ᠠᠯᠬᠤᠮ ᠥᠷᠭᠡᠳᠬᠡᠨ ᠂  ᠪᠥᠬᠥ ᠠᠷᠠᠳ ᠵᠶ᠋ᠠᠷ ᠵᠶ᠋ᠠᠨ ᠳᠠᠭ᠋ᠠᠳᠬᠠᠯ᠎ᠳᠤ ᠣᠷᠣᠯᠴᠠᠬᠤ ᠰᠠᠢ᠌ᠨ ᠰᠠᠢ᠌ᠬᠠᠨ ᠨᠡᠢ᠌ᠭᠡᠮ᠎ᠤᠨ ᠣᠷᠴᠢᠨ ᠨᠥᠬᠥᠴᠡᠯ᠎ᠢ ᠢᠳᠡᠪᠬᠢᠲᠡᠢ᠎ᠪᠠᠷ ᠪᠣᠶ ᠪᠣᠯᠭ᠋ᠠᠬᠤ ᠬᠡᠷᠡᠭᠲᠡᠢ ᠃ 

 

                                         2024 ᠣᠨ᠎ᠤ 5 ᠳ᠋ᠤᠭ᠋ᠠᠷ ᠰᠠᠷ᠎ᠠ ᠵᠢᠨ 28᠎ᠤ ᠡᠳᠦᠷ    

      (  ᠲᠣᠰ ᠪᠢᠴᠢᠭ ᠮᠠᠲ᠋ᠧᠷᠢᠶᠠᠯ᠎ᠢ ᠢᠯᠡ ᠨᠡᠢ᠌ᠲᠡᠯᠡᠨ᠎ᠡ )

 

                      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ

                                                2024 ᠣᠨ᠎ᠤ 5 ᠳ᠋ᠤᠭ᠋ᠠᠷ ᠰᠠᠷ᠎ᠠ ᠵᠢᠨ 31᠎ᠤ ᠡᠳᠦᠷ ᠳᠠᠷᠤᠮᠠᠯᠯᠠᠨ ᠲᠠᠷᠬᠠᠭ᠋ᠠᠪᠠ

 

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ