ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠠᠷᠠᠳ᠎ᠤᠨ ᠵᠠᠰᠠᠭ᠎ᠤᠨ ᠣᠷᠳᠣᠨ
ᠥᠪᠥᠷ ᠵᠠᠰᠠᠭ ᠦᠰᠦᠭ [ 2024 ] 230 ᠳ᠋ᠤᠭ᠋ᠠᠷ ᠲᠣᠭ᠋ᠠᠲᠤ
ᠥᠪᠥᠷᠵᠢᠯᠠᠭ᠎ᠠ ᠴᠦᠬᠦᠷᠦᠮ᠎ᠤᠨ ᠪᠠᠷᠢᠯᠭ᠎ᠠ ᠵᠢᠨ ᠤᠰᠤᠨ ᠲᠦᠯᠬᠢᠯᠲᠡ ᠵᠢᠨ ᠣ᠊ ᠷᠣᠨ ᠵᠢᠴᠢ ᠬᠦᠢ᠍ᠰᠦ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠣᠷᠣᠨ ᠬᠡᠪᠴᠢᠶᠡᠨ᠎ᠳᠤ ᠪᠦᠲᠦᠭᠡᠨ ᠪᠠᠢ᠌ᠭᠤᠯᠤᠯᠲᠠ ᠵᠢᠨ ᠲᠦᠷᠦᠯ ᠵᠦᠢ᠍ᠯ ᠰᠢᠨ᠎ᠡ᠎ᠪᠠᠷ ᠨᠡᠮᠡᠭᠳᠡᠭᠦᠯᠬᠦ ᠪᠠ ᠬᠥᠮᠥᠨ ᠠᠮᠠ ᠨᠡᠭᠦᠯᠭᠡᠵᠦ ᠣᠷᠣᠭᠤᠯᠬᠤ ᠵᠢ ᠴᠠᠭ᠋ᠠᠵᠠᠯᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠵᠠᠷᠯᠠᠯ
ᠬᠢᠩᠭ᠋ᠠᠨ ᠠᠢ᠌ᠮᠠᠭ᠎ᠤᠨ ᠵᠠᠬᠢᠷᠭ᠎ᠠ ᠂ ᠥᠪᠡᠷᠲᠡᠭᠡᠨ ᠵᠠᠰᠠᠬᠤ ᠣᠷᠣᠨ᠎ᠤ ᠡᠯ᠎ᠡ ᠬᠣᠯᠪᠣᠭᠳᠠᠯ ᠪᠦᠬᠦᠢ ᠵᠥᠪᠯᠡᠯ ᠂ ᠠᠯᠪᠠᠨ ᠭᠡᠷ ᠂ ᠲᠢᠩᠬᠢᠮ ᠂ ᠲᠣᠪᠴᠢᠶ᠎ᠠ᠎ᠳᠤ ᠄
ᠪᠠᠶ᠋ᠢᠭᠤᠯᠬᠤ᠎ᠪᠠᠷ ᠪᠠᠢ᠌ᠭ᠎ᠠ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠪᠣᠯ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭᠯᠠᠯᠲᠠ ᠵᠢᠨ ᠲᠣᠣᠷᠵᠢᠭᠤᠯᠤᠯᠲᠠ ᠵᠢᠨ ᠲᠥᠯᠥᠪᠵᠢᠭᠦᠯᠦᠨ ᠪᠦᠲᠦᠭᠡᠨ ᠪᠠᠶ᠋ᠢᠭᠤᠯᠬᠤ ᠭᠣᠣᠯᠳᠠᠯᠭ᠎ᠠ᠎ᠲᠠᠢ ᠤᠰᠤᠨ ᠰᠤᠷᠪᠤᠯᠵᠢ ᠵᠢᠨ ᠪᠠᠷᠢᠯᠭ᠎ᠠ ᠪᠣᠯᠣᠨ᠎ᠠ ᠃ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ᠎ᠳᠤ ᠭᠠᠵᠠᠷ ᠰᠢᠷᠣᠢ ᠲᠠᠲᠠᠪᠤᠷᠢᠯᠠᠬᠤ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠠᠵᠢᠯ᠎ᠤᠨ ᠤᠷᠤᠭᠰᠢᠲᠠᠢ ᠶᠠᠪᠤᠭᠳᠠᠬᠤ ᠵᠢ ᠦᠨᠡᠨ ᠬᠦ᠌ ᠪᠠᠲᠤᠯᠠᠬᠤ ᠵᠢᠨ ᠲᠤᠰᠠᠳᠠ ᠂ 《 ᠲᠣᠮᠣ ᠳᠤᠮᠳᠠ ᠬᠡᠯᠪᠡᠷᠢ ᠵᠢᠨ ᠤᠰᠤᠨ ᠠᠰᠢᠭᠯᠠᠯᠲᠠ ᠤᠰᠤᠨ ᠴᠠᠬᠢᠯᠭ᠋ᠠᠨ᠎ᠤ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠭᠠᠵᠠᠷ ᠰᠢᠷᠣᠢ ᠲᠠᠲᠠᠪᠤᠷᠢᠯᠠᠬᠤ᠎ᠳᠤ ᠲᠥᠯᠥᠪᠦᠷᠢ ᠥᠭᠬᠦ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠳᠦᠷᠢᠮ 》 ( ᠲᠦᠷᠦ ᠵᠢᠨ ᠶᠠᠪᠤᠳᠠᠯ᠎ᠤᠨ ᠬᠣᠷᠢᠶᠠᠨ᠎ᠤ ᠵᠠᠷᠯᠢᠭ 679 ᠳ᠋ᠦ᠍ᠭᠡᠷ ᠲᠣᠭ᠋ᠠᠲᠤ )᠎ᠤᠨ ᠬᠣᠯᠪᠣᠭᠳᠠᠯ ᠪᠦᠬᠦᠢ ᠲᠣᠭᠲᠠᠭ᠋ᠠᠯ᠎ᠢ ᠦᠨᠳᠦᠰᠦᠯᠡᠨ ᠂ ᠡᠳᠦᠭᠡ ᠬᠣᠯᠪᠣᠭᠳᠠᠯ ᠪᠦᠬᠦᠢ ᠵᠦᠢ᠍ᠯᠡᠰ᠎ᠢ ᠳᠣᠣᠷᠠᠬᠢ ᠮᠡᠲᠦ ᠵᠠᠷᠯᠠᠨ ᠮᠡᠳᠡᠭᠳᠡᠶ᠎ᠡ ᠄
ᠨᠢᠭᠡ ᠂ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠵᠢᠨ ᠤᠰᠤᠨ ᠲᠦᠯᠬᠢᠯᠲᠡ ᠵᠢᠨ ᠣᠷᠣᠨ ᠵᠢᠴᠢ ᠬᠦᠢ᠍ᠰᠦ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠣᠷᠣᠨ᠎ᠤ ᠬᠦᠷᠢᠶ᠎ᠡ ᠬᠡᠪᠴᠢᠶ᠎ᠡ᠎ᠨᠢ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠤᠯᠠᠭ᠋ᠠᠨᠮᠣᠳᠤ ᠰᠤᠮᠤ ᠵᠢᠨ ᠪᠠᠶᠠᠨᠵᠢᠷᠦᠬᠡ ᠭᠠᠴᠠᠭ᠎ᠠ ᠂ ᠥᠪᠥᠷᠵᠢᠯᠠᠭ᠎ᠠ ᠭᠠᠴᠠᠭ᠎ᠠ᠎ᠳᠤ ᠬᠣᠯᠪᠣᠭᠳᠠᠵᠤ ᠂ ᠪᠣᠳᠠᠲᠠᠢ ᠬᠦᠷᠢᠶ᠎ᠡ ᠬᠡᠪᠴᠢᠶ᠎ᠡ᠎ᠨᠢ ᠲᠤᠬᠠᠢ ᠵᠢᠨ ᠲᠠᠯᠠᠪᠤᠷ᠎ᠲᠤ ᠪᠤᠯᠠᠭ᠋ᠠᠷᠢ ᠲᠣᠭᠲᠠᠭ᠋ᠠᠬᠤ᠎ᠪᠠᠷ ᠪᠠᠷᠢᠮᠵᠢᠶ᠎ᠠ ᠪᠣᠯᠭ᠋ᠠᠨ᠎ᠠ ᠃
ᠬᠣᠶᠠᠷ ᠂ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ᠎ᠨᠢ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠵᠢᠨ ᠤᠰᠤᠨ ᠲᠦᠯᠬᠢᠯᠲᠡ ᠵᠢᠨ ᠣᠷᠣᠨ ᠬᠢᠭᠡᠳ ᠬᠦᠢ᠍ᠰᠦ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠣᠷᠣᠨ ᠬᠡᠪᠴᠢᠶᠡᠨ᠎ᠳᠤ ᠡᠯ᠎ᠡ ᠵᠦᠢ᠍ᠯ᠎ᠤᠨ ᠰᠠᠭᠤᠷᠢ ᠪᠡᠯᠡᠳᠬᠡᠮᠵᠢ ( ᠰᠤᠮᠤ ᠰᠢᠶᠠᠩ ᠪᠠᠯᠭ᠋ᠠᠰᠤᠨ᠎ᠤ ᠠᠵᠤ ᠠᠬᠤᠢ᠌ᠯᠠᠯ ᠪᠠ ᠠᠷᠠᠳ᠎ᠤᠨ ᠬᠡᠷᠡᠭᠯᠡᠭᠡᠨ᠎ᠤ ᠣᠷᠣᠨ ᠰᠠᠭᠤᠴᠠ ᠪᠠᠭᠲᠠᠨ᠎ᠠ ) ᠪᠠᠶ᠋ᠢᠭᠤᠯᠬᠤ ᠵᠢ ᠵᠥᠪᠰᠢᠶᠡᠷᠡᠵᠦ ᠪᠣᠯᠬᠤ ᠦᠭᠡᠢ ᠃
ᠭᠤᠷᠪᠠ ᠂ ᠶᠠᠮᠠᠷᠪᠠ ᠨᠢᠭᠡᠴᠢ ᠪᠠ ᠬᠤᠪᠢ ᠬᠥᠮᠥᠨ ᠭᠡᠳ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠵᠢᠨ ᠤᠰᠤᠨ ᠲᠦᠯᠬᠢᠯᠲᠡ ᠵᠢᠨ ᠣᠷᠣᠨ ᠪᠠ ᠬᠦᠢ᠍ᠰᠦ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠣᠷᠣᠨ ᠬᠡᠪᠴᠢᠶᠡᠨ᠎ᠳᠤ ᠲᠥᠷᠥᠯ ᠵᠦᠢ᠍ᠯ ᠰᠢᠨ᠎ᠡ᠎ᠪᠠᠷ ᠪᠠᠶ᠋ᠢᠭᠤᠯᠬᠤ ᠂ ᠥᠷᠭᠡᠳᠬᠡᠨ ᠪᠠᠶ᠋ᠢᠭᠤᠯᠬᠤ ᠪᠠ ᠥᠭᠡᠷᠡᠴᠢᠯᠡᠨ ᠪᠠᠢ᠌ᠭᠤᠯᠵᠤ ᠪᠣᠯᠬᠤ ᠦᠭᠡᠢ ᠂ ᠭᠡᠷ ᠪᠠᠢ᠌ᠰᠢᠩ ᠪᠠᠷᠢᠬᠤ ᠪᠠ ᠪᠤᠰᠤᠳ ᠪᠡᠯᠡᠳᠬᠡᠮᠵᠢ ᠪᠠᠢ᠌ᠭᠤᠯᠵᠤ ᠪᠣᠯᠬᠤ ᠦᠭᠡᠢ ᠂ ᠤᠤᠯ ᠭᠠᠵᠠᠷ᠎ᠤᠨ ᠲᠦᠷᠦᠯ ᠂ ᠭᠠᠵᠠᠷ᠎ᠤᠨ ᠲᠥᠷᠬᠦ ᠵᠢ ᠬᠤᠪᠢᠷᠠᠭᠤᠯᠵᠤ ᠪᠣᠯᠬᠤ ᠦᠭᠡᠢ ᠂ ᠲᠠᠷᠢᠶᠠᠯᠠᠬᠤ ᠭᠠᠵᠠᠷ ᠂ ᠬᠠᠰᠢᠶ᠎ᠠ ᠬᠦᠷᠢᠶᠡᠯᠡᠩ ᠵᠠᠪᠳᠤᠨ ᠵᠠᠪᠰᠢᠵᠤ ᠬᠠᠭ᠋ᠠᠯᠪᠤᠷᠢᠯᠠᠬᠤ ᠵᠢᠴᠢ ᠡᠯ᠎ᠡ ᠵᠦᠢ᠍ᠯ᠎ᠤᠨ ᠤᠯᠠᠨ ᠨᠠᠰᠤᠲᠤ ᠠᠵᠤ ᠠᠬᠤᠢ ᠵᠢᠨ ᠲᠠᠷᠢᠮᠠᠯ ᠪᠠ ᠣᠢ ᠮᠣᠳᠣ ᠵᠠᠪᠳᠤᠨ ᠵᠠᠪᠰᠢᠵᠤ ᠵᠠᠢ᠌ᠯᠠᠬᠤ ᠵᠡᠷᠭᠡ ᠭᠠᠵᠠᠷ ᠰᠢᠷᠣᠢ ᠵᠢᠨ ᠬᠡᠷᠡᠭᠴᠡᠭᠡ ᠵᠢ ᠬᠤᠪᠢᠷᠠᠭᠤᠯᠬᠤ ᠪᠠ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢ ᠨᠥᠯᠥᠭᠡᠯᠡᠬᠦ ᠠᠵᠢᠯᠯᠠᠭ᠎ᠠ ᠬᠢᠵᠦ ᠪᠣᠯᠬᠤ ᠦᠭᠡᠢ ᠃
ᠳᠥᠷᠪᠡ ᠂ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠵᠢᠨ ᠪᠦᠲᠦᠭᠡᠨ ᠪᠠᠢ᠌ᠭᠤᠯᠬᠤ ᠦᠶᠡᠯᠡᠯ᠎ᠤᠨ ᠬᠤᠭᠤᠴᠠᠭ᠎ᠠ ᠨᠡᠯᠢᠶᠡᠳ ᠤᠷᠲᠤ ᠪᠠᠢ᠌ᠬᠤ ᠵᠢ ᠪᠣᠳᠣᠯᠬᠢᠯᠠᠵᠤ ᠂ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ᠎ᠠᠴᠠ ᠪᠣᠯᠵᠤ ᠲᠤᠬᠠᠢ ᠵᠢᠨ ᠭᠠᠵᠠᠷ᠎ᠤᠨ ᠣᠯᠠᠨ ᠲᠦᠮᠡᠨ᠎ᠤ ᠬᠡᠪ᠎ᠤᠨ ᠦᠢ᠍ᠯᠡᠳᠪᠦᠷᠢᠯᠡᠯ ᠠᠮᠢᠳᠤᠷᠠᠯ ᠳᠤᠨᠢ ᠳᠡᠩᠳᠡᠭᠦᠦ ᠶᠡᠬᠡ ᠨᠥᠯᠥᠭᠡ ᠭᠠᠷᠭ᠋ᠠᠬᠤ ᠦᠭᠡᠢ ᠪᠠᠢ᠌ᠬᠤ ᠵᠢ ᠦᠨᠡᠨ ᠬᠦ᠌ ᠪᠠᠲᠤᠯᠠᠬᠤ ᠵᠢᠨ ᠲᠤᠰᠠᠳᠠ ᠂ ᠲᠤᠬᠠᠢ ᠵᠢᠨ ᠭᠠᠵᠠᠷ᠎ᠤᠨ ᠣᠯᠠᠨ ᠲᠦᠮᠡᠨ᠎ᠤ ᠦᠢ᠍ᠯᠡᠳᠪᠦᠷᠢᠯᠡᠯ ᠠᠮᠢᠳᠤᠷᠠᠯ᠎ᠯᠤᠭ᠎ᠠ ᠰᠢᠭᠤᠳ ᠬᠣᠯᠪᠣᠭ᠎ᠠ᠎ᠲᠠᠢ ᠂ ᠦᠨᠡᠨ ᠬᠦ᠌ ᠪᠦᠲᠦᠭᠡᠨ ᠪᠠᠶ᠋ᠢᠭᠤᠯᠬᠤ ᠴᠢᠬᠤᠯᠠᠲᠠᠢ ᠲᠥᠷᠥᠯ ᠵᠦᠢ᠍ᠯ᠎ᠢ 《ᠲᠣᠮᠣ ᠳᠤᠮᠳᠠ ᠬᠡᠯᠪᠡᠷᠢ ᠵᠢᠨ ᠤᠰᠤᠨ ᠠᠰᠢᠭᠯᠠᠯᠲᠠ ᠤᠰᠤᠨ ᠴᠠᠬᠢᠯᠭ᠋ᠠᠨ᠎ᠤ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠭᠠᠵᠠᠷ ᠰᠢᠷᠣᠢ ᠲᠠᠲᠠᠪᠤᠷᠢᠯᠠᠬᠤ᠎ᠳᠤ ᠲᠥᠯᠥᠪᠦᠷᠢ ᠥᠭᠬᠦ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠳᠦᠷᠢᠮ》᠎ᠤᠨ ᠬᠣᠯᠪᠣᠭᠳᠠᠯ ᠪᠦᠬᠦᠢ ᠲᠣᠭᠲᠠᠭ᠋ᠠᠯ᠎ᠤᠨ ᠵᠣᠷᠢᠭ ᠰᠠᠨᠠᠭ᠎ᠠ ᠵᠢ ᠴᠢᠩᠭ᠎ᠠ ᠵᠢᠷᠤᠮᠯᠠᠨ ᠂ ᠬᠣᠰᠢᠭᠤᠨ᠎ᠤ ᠱᠠᠲᠤᠨ ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠳᠤ ᠮᠡᠳᠡᠭᠦᠯᠵᠦ ᠵᠥᠪᠰᠢᠶᠡᠷᠡᠭᠦᠯᠦᠭᠰᠡᠨ᠎ᠤ ᠳᠠᠷᠠᠭ᠎ᠠ ᠪᠦᠲᠦᠭᠡᠨ ᠪᠠᠢ᠌ᠭᠤᠯᠵᠤ ᠪᠣᠯᠣᠨ᠎ᠠ ᠃
ᠲᠠᠪᠤ ᠂ ᠥᠪᠥᠷᠵᠢᠯᠠᠭ᠎ᠠ ᠴᠥᠭᠥᠷᠥᠮ᠎ᠤᠨ ᠪᠠᠷᠢᠯᠭ᠎ᠠ ᠵᠢᠨ ᠤᠰᠤᠨ ᠲᠦᠯᠬᠢᠯᠲᠡ ᠵᠢᠨ ᠣᠷᠣᠨ ᠬᠢᠭᠡᠳ ᠬᠦᠢ᠍ᠰᠦ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠣᠷᠣᠨ ᠬᠡᠪᠴᠢᠶᠡᠨ᠎ᠳᠠᠬᠢ ᠡᠷᠥᠭᠡ ᠠᠮᠠ ᠵᠢᠨ ᠬᠠᠮᠢᠶᠠᠷᠤᠯᠲᠠ ᠵᠢ ᠴᠢᠩᠭ᠋ᠠᠳᠬᠠᠵᠤ ᠂ ᠪᠦᠲᠦᠭᠡᠨ ᠪᠠᠢ᠌ᠭᠤᠯᠤᠯᠲᠠ ᠵᠢᠨ ᠬᠡᠪᠴᠢᠶᠡᠨ᠎ᠳᠤ ᠬᠥᠮᠥᠨ ᠠᠮᠠ ᠨᠡᠭᠦᠯᠭᠡᠨ ᠣᠷᠤᠭᠤᠯᠬᠤ ᠵᠢ ᠴᠢᠩᠭ᠎ᠠ ᠬᠢᠵᠠᠭ᠋ᠠᠷᠯᠠᠬᠤ ᠬᠡᠷᠡᠭᠲᠡᠢ ᠃ ᠲᠦᠷᠦᠭᠰᠡᠨ ᠂ ᠤᠷᠤᠭᠯᠠᠭᠰᠠᠨ ᠂ ᠴᠡᠷᠢᠭ᠎ᠠᠴᠠ ᠬᠠᠯᠠᠭᠳᠠᠭᠰᠠᠨ ᠪᠠ ᠪᠠᠭᠤᠭᠰᠠᠨ ᠂ ᠶᠡᠬᠡ ᠰᠤᠷᠭ᠋ᠠᠭᠤᠯᠢ ᠪᠠ ᠳᠤᠮᠳᠠ ᠵᠡᠷᠭᠡ ᠵᠢᠨ ᠲᠤᠰᠬᠠᠢ ᠮᠡᠷᠭᠡᠵᠢᠯ᠎ᠤᠨ ᠰᠤᠷᠭ᠋ᠠᠭᠤᠯᠢ ᠲᠡᠭᠦᠰᠦᠭᠰᠡᠨ ᠂ ᠡᠷᠡᠭᠦᠦ ᠵᠢᠨ ᠬᠤᠭᠤᠴᠠᠭ᠎ᠠ᠎ᠨᠢ ᠳᠦᠭᠦᠷᠴᠦ ᠰᠤᠯᠠᠯᠠᠭᠳᠠᠭᠰᠠᠨ ᠬᠥᠮᠥᠰ ᠵᠡᠷᠭᠡ ᠨᠤᠲᠤᠭ᠎ᠲᠤ᠎ᠪᠠᠨ ᠪᠤᠴᠠᠭᠰᠠᠨ ᠬᠥᠮᠥᠰ᠎ᠠᠴᠠ ᠪᠤᠰᠤᠳ ᠲᠤ ᠂ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠪᠠ ᠬᠠᠮᠢᠶ᠎ᠠ ᠪᠦᠬᠦᠢ ᠰᠠᠯᠠᠭ᠎ᠠ ᠮᠥᠴᠢᠷ᠎ᠨᠢ ᠡᠯ᠎ᠡ ᠲᠦᠷᠦᠯ᠎ᠤᠨ ᠬᠥᠮᠥᠨ ᠠᠮᠠ ᠨᠡᠭᠦᠯᠭᠡᠨ ᠣᠷᠤᠭᠤᠯᠬᠤ ᠭᠠᠷᠳᠠᠮ᠎ᠢ ᠭᠦᠢ᠍ᠴᠡᠳᠬᠡᠵᠦ ᠪᠣᠯᠬᠤ ᠦᠭᠡᠢ ᠃
ᠵᠢᠷᠭᠤᠭ᠎ᠠ ᠂ ᠪᠠᠷᠢᠯᠭ᠎ᠠ ᠵᠢᠨ ᠭᠠᠵᠠᠷ ᠰᠢᠷᠣᠢ ᠲᠠᠲᠠᠪᠤᠷᠢᠯᠠᠵᠤ ᠨᠡᠭᠦᠯᠭᠡᠨ ᠰᠢᠯᠵᠢᠭᠦᠯᠬᠦ ᠲᠠᠰᠢᠷᠠᠮᠢ ᠠᠰᠢᠭᠯᠠᠨ ᠤᠯᠠᠨ ᠲᠦᠮᠡᠨ᠎ᠢ ᠥᠳᠥᠭᠡᠵᠦ ᠬᠡᠷᠡᠭ ᠲᠠᠲᠠᠭᠰᠠᠨ ᠂ ᠭᠠᠵᠠᠷ ᠰᠢᠷᠣᠢ ᠲᠠᠲᠠᠪᠤᠷᠢᠯᠠᠵᠤ ᠨᠡᠭᠦᠯᠭᠡᠨ ᠰᠢᠯᠵᠢᠭᠦᠯᠬᠦ ᠠᠵᠢᠯ᠎ᠳᠤ ᠬᠠᠷᠰᠢ ᠰᠠᠭ᠋ᠠᠳ ᠤᠴᠠᠷᠠᠭᠤᠯᠤᠭᠰᠠᠨ ᠂ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢ ᠬᠠᠷᠰᠢᠯᠠᠭᠰᠠᠨ ᠵᠡᠷᠭᠡ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ᠎ᠳᠤ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ 《 ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠢ᠍ᠳᠬᠡᠯ ᠲᠣᠷᠭ᠋ᠠᠭᠤᠯᠢ ᠵᠢᠨ ᠬᠠᠤᠯᠢ 》 ᠵᠢᠨ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠢ᠍ᠳᠬᠡᠯ ᠲᠣᠷᠭ᠋ᠠᠭᠤᠯᠢ ᠥᠭᠭᠦᠨ᠎ᠡ ; ᠶᠠᠯᠠᠳᠤ ᠬᠦᠷᠦᠭᠰᠡᠨ ᠪᠠᠢ᠌ᠪᠠᠯ ᠬᠠᠤᠯᠢ ᠶᠣᠰᠣᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ ᠃
ᠲᠤᠰ ᠵᠠᠷᠯᠠᠯ᠎ᠢ ᠨᠡᠢ᠌ᠲᠡᠯᠡᠭᠰᠡᠨ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ ᠃
2024 ᠣᠨ᠎ᠤ 11 ᠳ᠋ᠦ᠍ᠭᠡᠷ ᠰᠠᠷ᠎ᠠ ᠵᠢᠨ 14᠎ᠤ ᠡᠳᠦᠷ
(ᠲᠤᠰ ᠪᠢᠴᠢᠭ ᠮᠠᠲ᠋ᠧᠷᠢᠶᠠᠯ᠎ᠢ ᠢᠯᠡ ᠨᠡᠢ᠌ᠲᠡᠯᠡᠨ᠎ᠡ )