ᠢᠯᠡ ᠵᠠᠰᠠᠭ   -   ᠵᠠᠰᠠᠭ᠎ᠤᠨ ᠤᠷᠳᠤᠨ᠎ᠤ ᠪᠢᠴᠢᠭ ᠮᠠᠲ᠋ᠧᠷᠢᠶᠠᠯ
ᠬᠥᠬᠡᠬᠣᠲᠠ ᠵᠢᠨ ᠰᠢᠨ᠎ᠡ ᠬᠣᠲᠠ ᠲᠣᠭᠣᠷᠢᠭ ᠵᠡᠷᠭᠡ ᠬᠣᠰᠢᠭᠤ ᠰᠢᠶᠠᠨ (ᠲᠣᠭᠣᠷᠢᠭ)᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) ᠵᠢᠨ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠴᠣᠬᠣᠯᠠᠪᠤᠷᠢ
ᠨᠡᠶ᠋ᠢᠲᠡᠯᠡᠭᠰᠡᠨ ᠴᠠᠭ᠄ 2025-01-26

ᠥᠪᠥᠷ ᠮᠣᠩᠭᠣᠯ᠎ᠤᠨ ᠥᠪᠡᠷᠲᠡᠭᠡᠨ ᠵᠠᠰᠠᠬᠤ

ᠣᠷᠣᠨ᠎ᠤ ᠠᠷᠠᠳ᠎ᠤᠨ ᠵᠠᠰᠠᠭ᠎ᠤᠨ ᠣᠷᠳᠣᠨ

ᠥᠪᠥᠷ ᠵᠠᠰᠠᠭ ᠥᠰᠦᠭ  [2024 ] 245 ᠳ᠋ᠤᠭ᠋ᠠᠷ ᠲᠣᠭ᠋ᠠᠲᠤ


ᠬᠥᠬᠡᠬᠣᠲᠠ ᠵᠢᠨ ᠰᠢᠨ᠎ᠡ ᠬᠣᠲᠠ ᠲᠣᠭᠣᠷᠢᠭ ᠵᠡᠷᠭᠡ ᠬᠣᠰᠢᠭᠤ ᠰᠢᠶᠠᠨ (ᠲᠣᠭᠣᠷᠢᠭ)᠎ᠤ ᠤᠯᠤᠰ᠎ᠤᠨ

ᠨ᠊ ᠊ᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) ᠵᠢᠨ

ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠴᠣᠬᠣᠯᠠᠪᠤᠷᠢ


ᠬᠦᠬᠡᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠳᠤ᠄

       ᠲᠠᠨ᠎ᠤ ᠬᠣᠲᠠ ᠵᠢᠨ 《  ᠲᠦᠮᠡᠳ ᠵᠡᠭᠦᠨ ᠬᠣᠰᠢᠭᠤ ᠵᠡᠷᠭᠡ ᠶᠢᠰᠦᠨ ᠬᠣᠰᠢᠭᠤ ᠰᠢᠶᠠᠨ ᠲᠣᠭᠣᠷᠢᠭ᠎ᠤᠨ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ ᠵᠢ ᠬᠢᠨᠠᠨ ᠪᠠᠢ᠌ᠴᠠᠭ᠋ᠠᠯᠭ᠋ᠠᠵᠤ ᠵᠥᠪᠰᠢᠶᠡᠷᠡᠭᠦᠯᠬᠦ ᠲᠤᠬᠠᠢ ᠡᠰᠢᠯᠡᠯᠲᠡ》 (ᠬᠥᠬᠡᠬᠣᠲᠠ ᠵᠠᠰᠠᠭ ᠲᠠᠷᠬᠠᠭ᠋ᠠᠭᠰᠠᠨ [ 2024 ] 333 ᠳ᠋ᠤᠭ᠋ᠠᠷ ᠲᠣᠭ᠋ᠠᠲᠤ) ᠵᠢ ᠬᠦᠯᠢᠶᠡᠨ ᠠᠪᠴᠤ ᠣᠢ᠌ᠯᠠᠭ᠋ᠠᠯ᠎ᠠ ᠃  ᠡᠳᠦᠭᠡ ᠳᠣᠣᠷᠠᠬᠢ ᠮᠡᠲᠦ ᠴᠣᠬᠣᠯᠠᠪᠤᠷᠢᠯᠠᠪᠠ ᠄

       ᠨᠢᠭᠡ ᠂  ᠥᠪᠡᠷᠲᠡᠭᠡᠨ ᠵᠠᠰᠠᠬᠤ ᠣᠷᠣᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠳ᠎ᠤᠨ ᠬᠣᠯᠪᠤᠭ᠋ᠠᠯᠠᠨ ᠬᠢᠨᠠᠨ ᠪᠠᠢ᠌ᠴᠠᠭ᠋ᠠᠵᠤ ᠪᠠᠲᠤᠯᠠᠭᠰᠠᠨ 《ᠬᠥᠬᠡᠬᠣᠲᠠ ᠵᠢᠨ ᠰᠢᠨ᠎ᠡ ᠬᠣᠲᠠ ᠲᠣᠭᠣᠷᠢᠭ᠎ᠤᠨ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《ᠬᠥᠬᠡᠬᠣᠲᠠ ᠵᠢᠨ  ᠬᠣᠲᠣᠩ ᠠᠷᠠᠳ᠎ᠤᠨ ᠲᠣᠭᠣᠷᠢᠭ᠎ᠤᠨ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 - 2035 ᠣᠨ) 》᠂ 《  ᠬᠥᠬᠡᠬᠣᠲᠠ ᠵᠢᠨ ᠢᠦᠢ ᠴᠢᠤᠸᠠᠨ ᠲᠣᠭᠣᠷᠢᠭ᠎ᠤᠨ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021- 2035 ᠣᠨ) 》᠂ 《  ᠬᠥᠬᠡᠬᠣᠲᠠ ᠵᠢᠨ ᠰᠠᠢ᠌ᠬᠠᠨ ᠲᠣᠭᠣᠷᠢᠭ᠎ᠤᠨ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《  ᠬᠥᠬᠡᠬᠣᠲᠠ ᠵᠢᠨ ᠲᠦᠮᠡᠳ ᠵᠡᠭᠦᠨ ᠬᠣᠰᠢᠭᠤᠨ᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《  ᠬᠥᠬᠡᠬᠣᠲᠠ ᠵᠢᠨ ᠲᠣᠭᠲᠠᠬᠤ ᠰᠢᠶᠠᠨ᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《  ᠬᠥᠬᠡᠬᠣᠲᠠ ᠵᠢᠨ ᠬᠣᠷᠢᠨᠭᠡᠷ ᠰᠢᠶᠠᠨ᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《  ᠬᠥᠬᠡᠬᠣᠲᠠ ᠵᠢᠨ ᠴᠢᠩ ᠱᠦᠢ ᠾᠧ ᠰᠢᠶᠠᠨ᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ) 》᠂ 《  ᠬᠥᠬᠡᠬᠣᠲᠠ ᠵᠢᠨ ᠦᠴᠦᠸᠠᠨ ᠰᠢᠶᠠᠨ᠎ᠤ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ (2021 – 2035 ᠣᠨ)》 (ᠳᠣᠷᠣᠭᠰᠢ 《  ᠲᠥᠯᠦᠪᠵᠢᠭᠦᠯᠭᠡ 》  ᠭᠡᠵᠦ ᠶᠡᠷᠦᠩᠬᠡᠢ᠌ᠯᠡᠨ ᠨᠡᠷᠡᠢ᠌ᠳᠦᠨ᠎ᠡ) ᠵᠢ ᠵᠠᠷᠴᠢᠮ ᠳᠡᠭᠡᠷ᠎ᠡ᠎ᠪᠠᠨ ᠵᠥᠪᠰᠢᠶᠡᠷᠡᠪᠡ ᠃  ᠲᠠᠨ᠎ᠤ ᠬᠣᠲᠠ ᠵᠢᠨ᠎ᠬᠢᠨ ᠡᠯ᠎ᠡ ᠬᠣᠰᠢᠭᠤ ᠰᠢᠶᠠᠨ (ᠲᠣᠭᠣᠷᠢᠭ)᠎ᠢ ᠵᠢᠯᠤᠭᠣᠳᠴᠤ ᠪᠠᠢ᠌ᠭ᠋ᠠᠳ ᠬᠢᠨᠠᠮᠠᠭ᠋ᠠᠢ ᠵᠣᠬᠢᠶᠠᠨ ᠪᠠᠢ᠌ᠭᠤᠯᠤᠨ ᠬᠡᠷᠡᠭᠵᠢᠭᠦᠯᠵᠦ ᠂  ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭ᠋ᠠᠬᠤ ᠵᠢ ᠪᠠᠷᠢᠮᠲᠠᠯᠠᠨ ᠂  ᠨᠠᠮ᠎ᠤᠨ ᠬᠣᠷᠢᠳᠤᠭ᠋ᠠᠷ ᠶᠡᠬᠡ ᠬᠤᠷᠠᠯ ᠪᠠ ᠬᠣᠷᠢᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ ᠂  ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ ᠎ᠪᠠᠷ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ ᠂  ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ ᠂  ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠠ ᠵᠠᠰᠠᠭ᠎ᠤᠨ ᠣᠷᠳᠣᠨ᠎ᠤ ᠡᠯ᠎ᠡ ᠵᠦᠢ᠍ᠯ᠎ᠤᠨ ᠰᠢᠢ᠍ᠳᠪᠦᠷᠢᠲᠦ ᠪᠣᠳᠣᠯᠭ᠎ᠠ ᠪᠠᠢ᠌ᠷᠢᠯᠠᠭᠤᠯᠤᠯᠲᠠ ᠵᠢ ᠬᠢᠨᠠᠮᠠᠭ᠋ᠠᠢ ᠨᠠᠢ᠌ᠳᠠᠪᠤᠷᠢᠵᠢᠭᠤᠯᠵᠤ ᠂  ᠰᠢᠨ᠎ᠡ ᠬᠥᠭᠵᠢᠯᠲᠡ ᠵᠢᠨ ᠣᠨᠣᠯᠵᠢᠬᠤᠨ᠎ᠢ ᠪᠦᠷᠢᠨ ᠪᠦᠲᠦᠨ ᠂  ᠵᠥᠪ ᠣᠨᠣᠪᠴᠢᠲᠠᠶ ᠂  ᠪᠦᠬᠦ ᠲᠠᠯ᠎ᠠ ᠎ᠪᠠᠷ ᠲᠤᠭᠤᠰᠢᠯᠠᠭᠤᠯᠵᠤ ᠂  ᠠᠷᠠᠳ ᠲᠦᠮᠡᠨ ᠵᠶ᠋ᠡᠷ ᠭᠣᠣᠯ ᠪᠣᠯᠭ᠋ᠠᠬᠤ ᠵᠢ ᠪᠠᠷᠢᠮᠲᠠᠯᠠᠨ ᠂  ᠬᠥᠭᠵᠢᠯᠲᠡ ᠪᠠ ᠠᠮᠤᠷ ᠲᠦᠪᠰᠢᠨ᠎ᠢ ᠨᠢᠭᠡᠳᠦᠯᠲᠡᠢ ᠲᠥᠯᠥᠪᠯᠡᠵᠦ ᠂  ᠬᠥᠮᠥᠨ ᠬᠢᠭᠡᠳ ᠪᠠᠢ᠌ᠭ᠋ᠠᠯᠢ ᠵᠢᠨ ᠡᠶ᠎ᠡ ᠵᠣᠬᠢᠴᠠᠯ᠎ᠲᠠᠢ᠎ᠪᠠᠷ ᠬᠠᠮᠲᠤ ᠣᠷᠣᠰᠢᠬᠤ ᠵᠢ ᠠᠬᠢᠭᠤᠯᠤᠨ ᠂  ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠠᠵᠢᠯ᠎ᠤᠨ ᠭᠣᠣᠯ ᠰᠢᠵᠢᠮ᠎ᠢ ᠪᠠᠲᠤ ᠡᠵᠡᠮᠰᠢᠵᠦ ᠂  ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠴᠢᠬᠤᠯᠠ ᠶᠡᠬᠡ ᠬᠥᠭᠵᠢᠯᠲᠡ ᠵᠢᠨ ᠪᠠᠢ᠌ᠯᠳᠤᠬᠤ ᠪᠣᠳᠣᠯᠭ᠎ᠠ ᠵᠢ ᠭᠦᠨᠵᠡᠭᠡᠢ᠌ᠷᠡᠭᠦᠯᠦᠨ ᠬᠡᠷᠡᠭᠵᠢᠭᠦᠯᠵᠦ ᠂  ᠰᠢᠨ᠎ᠡ ᠬᠣᠲᠠ ᠲᠣᠭᠣᠷᠢᠭ᠎ᠢ ᠥᠪᠡᠷᠲᠡᠭᠡᠨ ᠵᠠᠰᠠᠬᠤ ᠣᠷᠣᠨ᠎ᠤ ᠲᠥᠪ ᠬᠣᠲᠠ ᠵᠢᠨ ᠰᠣᠶᠣᠯ ᠵᠢᠭᠤᠯᠴᠢᠯᠠᠯ ᠠᠭᠤᠰᠤᠯᠴᠠᠭᠰᠠᠨ ᠵᠢᠴᠢ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠵᠢ ᠡᠭᠦᠳᠦᠨ ᠬᠥᠭᠵᠢᠭᠰᠡᠨ ᠬᠣᠰᠢᠭᠤᠴᠢ ᠲᠣᠭᠣᠷᠢᠭ ᠪᠣᠯᠭ᠋ᠠᠨ ᠪᠠᠢ᠌ᠭᠤᠯᠵᠤ ᠂  ᠬᠣᠲᠣᠩ ᠠᠷᠠᠳ᠎ᠤᠨ ᠲᠣᠭᠣᠷᠢᠭ᠎ᠢ ᠥᠪᠡᠷᠲᠡᠭᠡᠨ ᠵᠠᠰᠠᠬᠤ ᠣᠷᠣᠨ᠎ᠤ ᠲᠥᠪ ᠬᠣᠲᠠ ᠵᠢᠨ ᠬᠤᠳᠠᠯᠳᠤᠭ᠋ᠠᠨ᠎ᠤ ᠦᠢ᠍ᠯᠡᠴᠢᠯᠡᠭᠡ ᠵᠢᠴᠢ ᠰᠣᠶᠣᠯ ᠵᠢᠭᠤᠯᠴᠢᠯᠠᠯ᠎ᠤᠨ ᠴᠢᠨᠠᠷ ᠰᠠᠢ᠌ᠲᠠᠢ ᠬᠥᠭᠵᠢᠯᠲᠡ ᠵᠢᠨ ᠲᠣᠭᠣᠷᠢᠭ ᠪᠣᠯᠭ᠋ᠠᠨ ᠪᠠᠢ᠌ᠭᠤᠯᠵᠤ ᠂  ᠢᠦᠢ ᠴᠢᠤᠸᠠᠨ ᠲᠣᠭᠣᠷᠢᠭ᠎ᠢ ᠥᠪᠡᠷᠲᠡᠭᠡᠨ ᠵᠠᠰᠠᠬᠤ ᠣᠷᠣᠨ᠎ᠤ ᠲᠥᠪ ᠬᠣᠲᠠ ᠵᠢᠨ ᠰᠣᠶᠣᠯ ᠵᠢᠭᠤᠯᠴᠢᠯᠠᠯ ᠠᠭᠤᠰᠤᠯᠴᠠᠭᠰᠠᠨ ᠵᠢᠴᠢ ᠬᠣᠲᠠ ᠬᠥᠳᠡᠭᠡ ᠵᠢ ᠨᠢᠭᠡᠳᠦᠯᠲᠡᠢ ᠲᠥᠯᠥᠪᠯᠡᠨ ᠬᠥᠭᠵᠢᠭᠦᠯᠦᠭᠰᠡᠨ ᠵᠢᠱ᠌ᠢᠶ᠎ᠡ ᠦᠵᠡᠭᠦᠯᠬᠦ ᠬᠣᠰᠢᠭᠤᠴᠢ ᠲᠣᠭᠣᠷᠢᠭ ᠪᠣᠯᠭ᠋ᠠᠨ ᠪᠠᠢ᠌ᠭᠤᠯᠵᠤ ᠂  ᠰᠠᠢ᠌ᠬᠠᠨ ᠲᠣᠭᠣᠷᠢᠭ᠎ᠢ ᠥᠪᠡᠷᠲᠡᠭᠡᠨ ᠵᠠᠰᠠᠬᠤ ᠣᠷᠣᠨ᠎ᠤ ᠲᠥᠪ ᠬᠣᠲᠠ ᠵᠢᠨ ᠮᠥᠩᠭᠥᠨ ᠭᠦᠢ᠍ᠯᠭᠡᠭᠡ ᠵᠠᠰᠠᠭ ᠵᠠᠬᠢᠷᠭ᠎ᠠ ᠬᠤᠳᠠᠯᠳᠤᠭ᠋ᠠᠨ᠎ᠤ ᠶᠠᠪᠤᠳᠠᠯ᠎ᠤᠨ ᠲᠣᠭᠣᠷᠢᠭ ᠂  ᠴᠡᠷᠢᠭ ᠠᠷᠠᠳ᠎ᠤᠨ ᠬᠠᠮ ᠬᠥᠭᠵᠢᠭᠦᠯᠦᠯᠲᠡ ᠵᠢᠨ ᠵᠢᠱ᠌ᠢᠶ᠎ᠡ ᠦᠵᠡᠭᠦᠯᠬᠦ ᠲᠣᠭᠣᠷᠢᠭ ᠵᠢᠴᠢ ᠪᠠᠢ᠌ᠯᠳᠤᠬᠤ ᠪᠣᠳᠣᠯᠭ᠎ᠠ ᠵᠢᠨ ᠴᠢᠨᠠᠷᠲᠠᠢ ᠰᠢᠨ᠎ᠡ᠎ᠪᠠᠷ ᠬᠥᠭᠵᠢᠭᠰᠡᠨ ᠠᠵᠤ ᠦᠢ᠍ᠯᠡᠰ᠎ᠤᠨ ᠰᠠᠭᠤᠷᠢᠨ ᠭᠠᠵᠠᠷ ᠪᠣᠯᠭ᠋ᠠᠨ ᠪᠠᠢ᠌ᠭᠤᠯᠵᠤ ᠂  ᠲᠦᠮᠡᠳ ᠵᠡᠭᠦᠨ ᠬᠣᠰᠢᠭᠤ ᠵᠢ ᠬᠥᠬᠡᠬᠣᠲᠠ ᠵᠢᠨ ᠰᠦ ᠰᠠᠭ᠋ᠠᠯᠢ ᠵᠢᠨ ᠦᠢ᠍ᠯᠡᠰ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠡᠭᠦᠳᠦᠯᠲᠡ ᠵᠢᠴᠢ ᠲᠡᠷᠢᠭᠦᠨ᠎ᠤ ᠦᠢ᠍ᠯᠡᠳᠬᠦ ᠦᠢ᠍ᠯᠡᠰ᠎ᠤᠨ ᠴᠢᠬᠤᠯᠠ ᠰᠠᠭᠤᠷᠢᠨ ᠭᠠᠵᠠᠷ ᠪᠣᠯᠭ᠋ᠠᠨ ᠪᠠᠢ᠌ᠭᠤᠯᠵᠤ ᠂  ᠲᠣᠭᠲᠠᠬᠤ ᠰᠢᠶᠠᠨ᠎ᠢ ᠬᠥᠬᠡᠬᠣᠲᠠ ᠵᠢᠨ ᠡᠨᠧᠷᠭᠢ ᠬᠢᠮᠢ ᠵᠢᠨ ᠠᠵᠤ ᠦᠢ᠍ᠯᠡᠳᠪᠦᠷᠢ ᠵᠢᠴᠢ ᠪᠣᠬᠢᠷᠲᠤᠯ ᠦᠭᠡᠢ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ ᠦᠢ᠍ᠯᠡᠳᠪᠦᠷᠢᠯᠡᠯ ᠭᠠᠷᠭ᠋ᠠᠯᠲᠠ ᠵᠢᠨ ᠰᠠᠭᠤᠷᠢᠨ ᠭᠠᠵᠠᠷ ᠪᠣᠯᠭ᠋ᠠᠨ ᠪᠠᠢ᠌ᠭᠤᠯᠵᠤ ᠂  ᠬᠣᠷᠢᠨᠭᠡᠷ ᠰᠢᠶᠠᠨ᠎ᠢ ᠬᠥᠬᠡᠬᠣᠲᠠ ᠵᠢᠨ ᠬᠣᠲᠠ ᠵᠢᠨ ᠳᠡᠳ᠋ ᠲᠥᠪ ᠪᠠ ᠥᠪᠡᠷᠲᠡᠭᠡᠨ ᠵᠠᠰᠠᠬᠤ ᠣᠷᠣᠨ᠎ᠤ ᠪᠣᠬᠢᠷᠲᠤᠯ ᠦᠭᠡᠢ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠡᠳ᠋ᠰᠢᠭᠦᠯᠦᠨ ᠪᠣᠯᠪᠠᠰᠤᠷᠠᠭᠤᠯᠬᠤ ᠵᠢᠴᠢ ᠪᠠᠢ᠌ᠯᠳᠤᠬᠤ ᠪᠣᠳᠣᠯᠭ᠎ᠠ ᠵᠢᠨ ᠴᠢᠨᠠᠷᠲᠠᠢ ᠰᠢᠨ᠎ᠡ᠎ᠪᠠᠷ ᠬᠥᠭᠵᠢᠭᠰᠡᠨ ᠠᠵᠤ ᠦᠢ᠍ᠯᠡᠰ᠎ᠤᠨ ᠰᠠᠭᠤᠷᠢᠨ ᠭᠠᠵᠠᠷ ᠪᠣᠯᠭ᠋ᠠᠨ ᠪᠠᠢ᠌ᠭᠤᠯᠵᠤ ᠂  ᠴᠢᠩ ᠱᠦᠢ ᠾᠧ ᠰᠢᠶᠠᠨ᠎ᠢ ᠬᠥᠬᠡᠬᠣᠲᠠ ᠵᠢᠨ ᠠᠮᠢ ᠠᠬᠤᠢ ᠵᠢᠨ ᠵᠢᠭᠤᠯᠴᠢᠯᠠᠯ ᠂  ᠣᠳᠣ ᠦᠶ᠎ᠡ ᠵᠢᠨ ᠬᠢᠮᠢ ᠵᠢᠨ ᠠᠵᠤ ᠦᠢ᠍ᠯᠡᠳᠪᠦᠷᠢ ᠵᠢᠨ ᠡᠨᠧᠷᠭᠢ ᠵᠢᠴᠢ ᠣᠨᠴᠠᠯᠢᠭᠲᠤ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠦᠢ᠍ᠯᠡᠳᠪᠦᠷᠢᠯᠡᠵᠦ ᠡᠳ᠋ᠰᠢᠭᠦᠯᠦᠨ ᠪᠣᠯᠪᠠᠰᠤᠷᠠᠭᠤᠯᠬᠤ ᠰᠠᠭᠤᠷᠢᠨ ᠭᠠᠵᠷ ᠪᠣᠯᠭ᠋ᠠᠨ ᠪᠠᠢ᠌ᠭᠤᠯᠵᠤ ᠂  ᠦᠴᠦᠸᠠᠨ ᠰᠢᠶᠠᠨ᠎ᠢ ᠬᠥᠬᠡᠬᠣᠲᠠ ᠵᠢᠨ ᠰᠣᠶᠣᠯ ᠵᠢᠭᠤᠯᠴᠢᠯᠠᠯ ᠂  ᠴᠡᠪᠡᠷ ᠡᠨᠧᠷᠭᠢ ᠵᠢᠴᠢ ᠪᠣᠬᠢᠷᠲᠤᠯ ᠦᠭᠡᠢ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠦᠢ᠍ᠯᠡᠳᠪᠦᠷᠢᠯᠡᠵᠦ ᠡᠳ᠋ᠰᠢᠭᠦᠯᠦᠨ ᠪᠣᠯᠪᠠᠰᠤᠷᠠᠭᠤᠯᠬᠤ ᠰᠠᠭᠤᠷᠢᠨ ᠭᠠᠵᠠᠷ ᠪᠣᠯᠭ᠋ᠠᠨ ᠪᠠᠢ᠌ᠭᠤᠯᠬᠤ᠎ᠪᠠᠷ ᠴᠢᠷᠮᠠᠢ᠌ᠨ᠎ᠠ ᠃ 

       ᠬᠣᠶᠠᠷ ᠂  ᠠᠮᠤᠷ ᠲᠦᠪᠰᠢᠨ ᠵᠶ᠋ᠠᠷ ᠬᠥᠭᠵᠢᠭᠦᠯᠬᠦ ᠣᠷᠣᠨ ᠵᠠᠢ ᠵᠢᠨ ᠰᠠᠭᠤᠷᠢ ᠵᠢ ᠪᠠᠲᠤ ᠪᠡᠬᠢ ᠴᠣᠭᠴᠠᠯᠠᠨ᠎ᠠ ᠃ 2035 ᠣᠨ ᠪᠣᠯᠬᠤ᠎ᠳᠤ ᠂  ᠰᠢᠨ᠎ᠡ ᠬᠣᠲᠠ ᠲᠣᠭᠣᠷᠢᠭ᠎ᠤᠨ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 5.9256 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 4.8472 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 412.7094 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.1529 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠬᠣᠲᠣᠩ ᠠᠷᠠᠳ᠎ᠤᠨ ᠲᠣᠭᠣᠷᠢᠭ᠎ᠤᠨ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 0.4405 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 116.5343 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.0569 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠢᠦᠢ ᠴᠢᠤᠸᠠᠨ ᠲᠣᠭᠣᠷᠢᠭ᠎ᠤᠨ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 10.4584 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 9.0003 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 0.0835   ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.4499 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠰᠠᠢ᠌ᠬᠠᠨ ᠲᠣᠭᠣᠷᠢᠭ᠎ᠤᠨ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 56.4608 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 51.2195 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 34.4406 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.4412 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠲᠦᠮᠡᠳ ᠵᠡᠭᠦᠨ ᠬᠣᠰᠢᠭᠤᠨ᠎ᠤ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 172.9627 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 146.0652 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 1031.3292 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.3081 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠲᠣᠭᠲᠠᠬᠤ ᠰᠢᠶᠠᠨ᠎ᠤ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 111.8605 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 89.2857 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 8.0322 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.2892 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠬᠣᠷᠢᠨᠭᠡᠷ ᠰᠢᠶᠠᠨ᠎ᠤ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 156.9247 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 135.3773 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 196.9298 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.4808 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠴᠢᠩ ᠱᠦᠢ ᠾᠧ ᠰᠢᠶᠠᠨ᠎ᠤ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 91.8812 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠂  ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 72.9291 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠢ ᠵᠢ 543.2347 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.2857 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠦᠴᠦᠸᠠᠨ ᠰᠢᠶᠠᠨ᠎ᠤ ᠲᠠᠷᠢᠶᠠᠯᠠᠬᠤ ᠭᠠᠵᠠᠷ᠎ᠤᠨ ᠪᠠᠲᠤᠯᠠᠬᠤ ᠬᠡᠮᠵᠢᠶ᠎ᠡ ᠵᠢ 213.8319 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ ᠂  ᠡᠭᠦᠨ᠎ᠳᠤ ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢᠨ ᠲᠠᠯᠠᠪᠠᠶ ᠵᠢ 184.6769 ᠲᠦᠮᠡᠨ ᠮᠦ᠍᠎ᠠᠴᠠ ᠳᠣᠣᠷ᠎ᠠ ᠪᠠᠢ᠌ᠯᠭ᠋ᠠᠬᠤ ᠦᠭᠡᠢ; ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 757.1624 ᠺᠦᠸᠠᠳ᠋ ᠺᠢᠯᠣᠮᠧᠲᠷ᠎ᠠᠴᠠ ᠳᠣᠣᠷ᠎ᠠ ᠪᠠᠢ᠌ᠯᠭ᠋ᠠᠬᠤ ᠦᠭᠡᠢ; ᠬᠣᠲᠠ ᠪᠠᠯᠭ᠋ᠠᠰᠤᠨ᠎ᠤ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠥᠷᠭᠡᠳᠬᠡᠬᠦ ᠳᠠᠬᠢᠨ ᠲᠣᠭ᠎ᠠ ᠵᠢ 2020 ᠣᠨ᠎ᠤ ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶᠡᠵᠢᠯ᠎ᠤᠨ ᠰᠠᠭᠤᠷᠢᠨ ᠳᠡᠭᠡᠷ᠎ᠡ 1.2892 ᠳᠠᠬᠢᠨ ᠲᠣᠭ᠋ᠠᠨ᠎ᠤ ᠳᠣᠲᠣᠷ᠎ᠠ ᠬᠢᠵᠠᠭ᠋ᠠᠷᠯᠠᠨ᠎ᠠ ᠃  ᠳᠡᠭᠡᠷᠡᠬᠢ ᠬᠣᠰᠢᠭᠤ ᠰᠢᠶᠠᠨ (ᠲᠣᠭᠣᠷᠢᠭ)᠎ᠤ ᠤᠰᠤ ᠬᠡᠷᠡᠭᠯᠡᠬᠦ ᠶᠡᠷᠦᠩᠬᠡᠢ ᠬᠡᠮᠵᠢᠶ᠎ᠡ ᠵᠢ ᠬᠥᠬᠡᠬᠣᠲᠠ ᠵᠢᠨ ᠳᠣᠷᠣᠭᠰᠢ ᠪᠠᠭᠤᠯᠭ᠋ᠠᠭᠰᠠᠨ ᠭᠦᠢ᠍ᠴᠡᠳᠬᠡᠯ ᠲᠣᠭ᠎ᠠ ᠎ᠠᠴᠠ ᠳᠠᠪᠠᠭᠤᠯᠬᠤ ᠦᠭᠡᠢ ᠂  ᠦᠨᠳᠦᠰᠦᠨ ᠨᠤᠲᠤᠭ ᠪᠡᠯᠴᠢᠭᠡᠷ᠎ᠤᠨ ᠲᠠᠯᠠᠪᠠᠶ ᠵᠢ ᠲᠣᠰ ᠭᠠᠵᠠᠷ ᠣᠷᠣᠨ᠎ᠤ ᠬᠤᠪᠢᠶᠠᠷᠢᠯᠠᠨ ᠲᠣᠭᠲᠠᠭ᠋ᠠᠭᠰᠠᠨ ᠲᠠᠯᠠᠪᠠᠶ᠎ᠠᠴᠠ ᠳᠣᠣᠷ᠎ᠠ ᠪᠠᠢ᠌ᠯᠭ᠋ᠠᠬᠤ ᠦᠭᠡᠢ ᠃ 

       ᠭᠤᠷᠪᠠ ᠂  ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢ ᠨᠡᠭᠡᠭᠡᠨ ᠬᠥᠭᠵᠢᠭᠦᠯᠵᠦ ᠬᠠᠮᠠᠭ᠋ᠠᠯᠠᠬᠤ ᠪᠠᠢ᠌ᠷᠢᠰᠢᠯ᠎ᠢ ᠰᠢᠯᠢᠳᠡᠭᠵᠢᠭᠦᠯᠦᠨ᠎ᠡ ᠃  ᠲᠠᠷᠢᠶᠠᠯᠠᠩ ᠮᠠᠯ ᠠᠵᠤ ᠠᠬᠤᠢ ᠵᠢᠨ ᠣᠷᠣᠨ ᠵᠠᠢ ᠵᠢᠨ ᠪᠦᠲᠦᠴᠡ ᠵᠢᠨ ᠰᠢᠯᠢᠳᠡᠭᠵᠢᠭᠦᠯᠦᠯᠲᠡ ᠵᠢ ᠠᠬᠢᠭᠤᠯᠵᠤ ᠂  ᠲᠠᠷᠢᠶᠠᠯᠠᠩ ᠮᠠᠯ ᠠᠵᠤ ᠠᠬᠤᠢ ᠵᠢᠨ ᠠᠮᠤᠷ ᠲᠦᠪᠰᠢᠨ ᠂  ᠪᠣᠬᠢᠷᠲᠤᠯ ᠦᠭᠡᠢ ᠂  ᠥᠨᠳᠥᠷ ᠪᠦᠲᠦᠮᠵᠢᠲᠡᠶ ᠬᠥᠭᠵᠢᠯᠲᠡ ᠵᠢ ᠠᠬᠢᠭᠤᠯᠤᠨ ᠂  ᠲᠠᠷᠢᠶᠠᠯᠠᠬᠤ ᠭᠠᠵᠠᠷ ᠪᠠ ᠥᠨᠢᠳᠡ ᠵᠢᠨ ᠦᠨᠳᠦᠰᠦᠨ ᠲᠠᠷᠢᠶᠠᠨ ᠭᠠᠵᠠᠷ᠎ᠢ ᠴᠢᠩᠳᠠ ᠬᠠᠮᠠᠭ᠋ᠠᠯᠠᠵᠤ ᠂  ᠠᠮᠤ ᠪᠤᠳᠠᠭ᠎ᠠ ᠪᠠ ᠴᠢᠬᠤᠯᠠ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠠᠮᠤᠷ ᠲᠦᠪᠰᠢᠨ ᠵᠶ᠋ᠠᠷ ᠬᠠᠩᠭ᠋ᠠᠬᠤ ᠵᠢ ᠪᠠᠲᠤᠯᠠᠨ᠎ᠠ ᠃  ᠠᠮᠢ ᠠᠬᠤᠢ ᠵᠢᠨ ᠣᠷᠣᠨ ᠵᠠᠢ ᠵᠢ ᠬᠠᠮᠠᠭ᠋ᠠᠯᠠᠬᠤ ᠪᠠ ᠬᠠᠮᠢᠶᠠᠷᠤᠨ ᠡᠵᠡᠮᠳᠡᠬᠦ᠎ᠪᠠᠨ ᠴᠢᠩᠭ᠋ᠠᠳᠬᠠᠵᠤ ᠂  ᠠᠮᠢ ᠠᠬᠤᠢ ᠵᠢ ᠰᠡᠷᠭᠦᠭᠡᠬᠦ ᠠᠵᠢᠯ᠎ᠢ ᠥᠷᠨᠢᠭᠦᠯᠵᠦ ᠂  ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢ ᠦᠷᠭᠦᠯᠵᠢᠯᠡᠨ ᠠᠬᠢᠭᠤᠯᠤᠨ᠎ᠠ ᠃  ᠬᠤᠳᠠ ᠬᠥᠳᠡᠭᠡ ᠵᠢ ᠠᠭᠤᠰᠤᠯᠴᠠᠭᠤᠯᠤᠨ ᠬᠥᠭᠵᠢᠭᠦᠯᠬᠦ ᠵᠢ ᠴᠢᠩᠭ᠋ᠠᠳᠬᠠᠵᠤ ᠂  ᠪᠠᠯᠭ᠋ᠠᠰᠤ ᠪᠠ ᠲᠣᠰᠬᠣᠨ᠎ᠤ ᠪᠠᠢ᠌ᠷᠢᠰᠢᠭᠤᠯᠤᠯᠲᠠ ᠵᠢ ᠰᠢᠯᠢᠳᠡᠭᠵᠢᠭᠦᠯᠦᠨ ᠂  ᠣᠷᠣᠰᠢᠨ ᠰᠠᠭᠤᠷᠢᠰᠢᠬᠤ᠎ᠳᠤ ᠲᠣᠬᠢᠷᠠᠮᠵᠢᠲᠠᠢ ᠦᠢ᠍ᠯᠡᠰ ᠪᠣᠰᠬᠠᠬᠤ᠎ᠳᠤ ᠲᠣᠬᠢᠷᠠᠮᠵᠢᠲᠠᠢ ᠨᠠᠢ᠌ᠷᠠᠮᠳᠠᠭᠤ ᠰᠠᠢ᠌ᠬᠠᠨ ᠬᠥᠳᠡᠭᠡ ᠲᠣᠰᠬᠣᠨ᠎ᠤ ᠪᠦᠲᠦᠭᠡᠨ ᠪᠠᠢ᠌ᠭᠤᠯᠤᠯᠲᠠ ᠵᠢ ᠠᠬᠢᠭᠤᠯᠤᠨ᠎ᠠ ᠃  ᠬᠣᠲᠠ ᠪᠠᠯᠭ᠋ᠠᠰᠤ ᠵᠢ ᠨᠡᠭᠡᠭᠡᠨ ᠬᠥᠭᠵᠢᠭᠦᠯᠬᠦ ᠬᠥᠪᠡᠭᠡ ᠬᠢᠵᠠᠭ᠋ᠠᠷ᠎ᠢ ᠴᠢᠩᠭ᠎ᠠ ᠰᠠᠬᠢᠵᠤ ᠂  ᠬᠣᠲᠠ ᠪᠠᠯᠭ᠋ᠠᠰᠤᠨ᠎ᠤ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠢ ᠰᠢᠨ᠎ᠡ᠎ᠪᠠᠷ ᠨᠡᠮᠡᠭᠳᠡᠭᠦᠯᠬᠦ ᠵᠢ ᠴᠢᠩᠭ᠎ᠠ ᠬᠢᠵᠠᠭ᠋ᠠᠷᠯᠠᠵᠤ ᠂  ᠱᠠᠲᠤ ᠦᠶ᠎ᠡ ᠪᠠ ᠴᠠᠭ᠎ᠤᠨ ᠳᠠᠷᠠᠭ᠋ᠠᠯᠠᠯ ᠬᠤᠪᠢᠶᠠᠵᠤ ᠬᠠᠮᠢᠶᠠᠷᠤᠨ ᠡᠵᠡᠮᠳᠡᠬᠦ ᠠᠵᠢᠯ᠎ᠢ ᠰᠠᠢ᠌ᠲᠤᠷ ᠬᠢᠨ᠎ᠡ ᠃  ᠬᠤᠳᠠ ᠬᠥᠳᠡᠭᠡ ᠵᠢᠨ ᠦᠯᠡᠳᠡᠭᠡᠯ ᠬᠡᠷᠡᠭᠯᠡᠭᠡᠨ᠎ᠤ ᠭᠠᠵᠠᠷ ᠰᠢᠷᠣᠢ ᠵᠢᠨ ᠲᠠᠯᠳᠠ ᠬᠦᠴᠦᠨ᠎ᠢ ᠠᠭᠤᠳᠠᠯᠬᠤ ᠡᠷᠴᠢᠮ ᠵᠶ᠋ᠠᠨ ᠴᠢᠩᠭ᠋ᠠᠷᠠᠭᠤᠯᠤᠨ ᠂  ᠬᠥᠷᠥᠰᠥ ᠰᠢᠷᠣᠢ ᠵᠢᠨ ᠬᠠᠮ ᠠᠰᠢᠭᠯᠠᠯᠲᠠ ᠵᠢ ᠬᠥᠲᠥᠯᠥᠨ ᠵᠢᠯᠤᠭᠣᠳᠴᠤ ᠂  ᠬᠥᠷᠥᠰᠥ ᠰᠢᠷᠣᠢ ᠵᠢ ᠠᠷᠪᠢᠲᠠᠢ ᠡᠷᠴᠢᠮᠯᠢᠭ ᠠᠰᠢᠭᠯᠠᠬᠤ ᠬᠢᠷᠢ ᠬᠡᠮᠵᠢᠶ᠎ᠡ᠎ᠪᠠᠨ ᠳᠡᠭᠡᠭᠰᠢᠯᠡᠭᠦᠯᠦᠨ ᠂  ᠬᠤᠳᠠ ᠪᠠᠯᠭ᠋ᠠᠰᠤᠨ᠎ᠤ ᠠᠭᠤᠯᠤᠭᠳᠠᠬᠤᠨ ᠮᠠᠶᠢᠭ᠎ᠤᠨ ᠡᠷᠴᠢᠮᠯᠢᠭ ᠬᠥᠭᠵᠢᠯᠲᠡ ᠵᠢ ᠠᠬᠢᠭᠤᠯᠤᠨ᠎ᠠ ᠃ 

       ᠳᠥᠷᠪᠡ ᠂  ᠬᠣᠲᠠ ᠬᠥᠳᠡᠭᠡ ᠵᠢᠨ ᠣᠷᠣᠨ ᠵᠠᠢ ᠵᠢᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠦᠨ᠎ᠡ ᠃  ᠲᠥᠪ ᠪᠣᠯᠬᠤ ᠬᠣᠲᠠ ᠲᠣᠭᠣᠷᠢᠭ᠎ᠤᠨ ᠣᠷᠣᠨ ᠵᠠᠢ ᠵᠢᠨ ᠪᠦᠲᠦᠴᠡ ᠪᠠ ᠭᠠᠵᠠᠷ ᠰᠢᠷᠣᠢ ᠬᠡᠷᠡᠭᠯᠡᠬᠦ ᠪᠠᠢ᠌ᠷᠢᠰᠢᠭᠤᠯᠤᠯᠲᠠ ᠵᠢ ᠰᠢᠯᠢᠳᠡᠭᠵᠢᠭᠦᠯᠦᠨ ᠂  ᠰᠤᠷᠭ᠋ᠠᠨ ᠬᠥᠮᠦᠵᠢᠯ ᠂  ᠰᠣᠶᠣᠯ ᠂  ᠪᠡᠶ᠎ᠡ ᠵᠢᠨ ᠲᠠᠮᠢᠷ ᠂  ᠡᠮᠴᠢᠯᠡᠭᠡ ᠂  ᠨᠠᠰᠤᠵᠢᠯ᠎ᠤᠨ ᠠᠰᠠᠷᠠᠮᠵᠢ ᠵᠡᠷᠭᠡ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠪᠡᠯᠡᠳᠬᠡᠮᠵᠢ ᠵᠢ ᠨᠢᠭᠡᠳᠦᠯᠲᠡᠢ ᠲᠥᠯᠥᠪᠯᠡᠨ ᠲᠣᠬᠢᠷᠠᠭᠤᠯᠵᠤ ᠂  ᠣᠷᠣᠨ ᠰᠠᠭᠤᠴᠠ᠎ᠳᠤ ᠬᠡᠷᠡᠭᠯᠡᠬᠦ ᠭᠠᠵᠠᠷ ᠰᠢᠷᠣᠢ ᠵᠢ ᠵᠦᠢ ᠵᠣᠬᠢᠰᠲᠠᠢ ᠲᠣᠬᠢᠷᠠᠭᠤᠯᠤᠨ ᠂  ᠨᠡᠢ᠌ᠭᠡᠮ ᠲᠣᠭᠣᠷᠢᠭ᠎ᠤᠨ᠎ᠬᠢᠨ᠎ᠤ ᠠᠮᠢᠳᠤᠷᠠᠯ᠎ᠤᠨ ᠲᠣᠭᠣᠷᠢᠭ᠎ᠤᠨ ᠪᠦᠲᠦᠭᠡᠨ ᠪᠠᠢ᠌ᠭᠤᠯᠤᠯᠲᠠ ᠵᠢ ᠠᠬᠢᠭᠤᠯᠵᠤ ᠂  ᠬᠣᠲᠠ ᠬᠥᠳᠡᠭᠡ ᠵᠢᠨ ᠬᠥᠮᠥᠰ᠎ᠤᠨ ᠣᠷᠣᠰᠢᠨ ᠰᠠᠭᠤᠬᠤ ᠣᠷᠴᠢᠨ ᠲᠣᠭᠣᠷᠢᠨ᠎ᠤ ᠴᠢᠨᠠᠷ ᠴᠢᠨᠰᠠᠭ᠎ᠠ ᠵᠢ ᠳᠡᠭᠡᠭᠰᠢᠯᠡᠭᠦᠯᠦᠨ᠎ᠡ ᠃  ᠬᠤᠳᠠ ᠵᠢᠨ 《ᠲᠦᠷᠪᠡᠨ ᠱᠤᠭᠤᠮ 》᠎ᠤᠨ ᠬᠠᠮᠢᠶᠠᠷᠤᠯᠲᠠ ᠡᠵᠡᠮᠳᠡᠯ᠎ᠢ ᠴᠢᠩᠳᠠᠯᠠᠵᠤ ᠂  ᠤᠯᠠᠨ ᠨᠡᠶ᠋ᠢᠲᠡ ᠵᠢᠨ ᠴᠢᠯᠦᠭᠡᠲᠦ ᠵᠠᠳᠠᠭ᠋ᠠᠢ ᠣᠷᠣᠨ ᠵᠠᠢ ᠵᠢ ᠰᠢᠰᠲ᠋ᠧᠮ᠎ᠲᠠᠢ᠎ᠪᠠᠷ ᠪᠠᠢ᠌ᠭᠤᠯᠤᠨ ᠂  ᠬᠤᠳᠠ ᠵᠢᠨ ᠰᠢᠨᠡᠴᠢᠯᠡᠯᠲᠡ ᠵᠢ ᠯᠠᠪᠳᠠᠭᠤᠨ ᠵᠶ᠋ᠠᠷ ᠠᠬᠢᠭᠤᠯᠤᠨ᠎ᠠ ᠃  ᠲᠡᠦᠬᠡ ᠰᠣᠶᠣᠯ᠎ᠤᠨ ᠬᠠᠮᠠᠭ᠋ᠠᠯᠠᠯᠲᠠ ᠵᠢᠨ ᠱᠤᠭᠤᠮ᠎ᠤᠨ ᠬᠠᠮᠢᠶᠠᠷᠤᠯᠲᠠ ᠵᠢᠨ ᠱᠠᠭ᠋ᠠᠷᠳᠠᠯᠭ᠎ᠠ ᠵᠢ ᠨᠠᠢ᠌ᠳᠠᠪᠤᠷᠢᠵᠢᠭᠤᠯᠵᠤ ᠂  ᠡᠯ᠎ᠡ ᠱᠠᠲᠤᠨ᠎ᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠢ ᠵᠢᠴᠢ ᠡᠷᠬᠢᠨ ᠲᠣᠭᠣᠷᠢᠨ᠎ᠤ ᠣᠷᠴᠢᠨ ᠠᠬᠤᠢ ᠵᠢ ᠰᠠᠢ᠌ᠲᠤᠷ ᠬᠠᠮᠠᠭ᠋ᠠᠯᠠᠵᠤ ᠂  ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠪᠠ ᠤᠯᠠᠮᠵᠢᠯᠠᠨ ᠵᠠᠯᠭ᠋ᠠᠮᠵᠢᠯᠠᠨ᠎ᠠ ᠃  ᠬᠤᠳᠠ ᠵᠢᠨ ᠵᠢᠷᠤᠭ ᠲᠥᠯᠥᠪᠯᠡᠭᠡ ᠂  ᠠᠢ᠌ᠯ ᠲᠣᠰᠬᠣᠨ᠎ᠤ ᠵᠢᠷᠤᠭ ᠲᠥᠯᠥᠪᠯᠡᠭᠡ ᠵᠢᠨ ᠠᠵᠢᠯ᠎ᠢ ᠴᠢᠩᠭ᠋ᠠᠷᠠᠭᠤᠯᠤᠨ ᠂  ᠬᠤᠳᠠ ᠬᠥᠳᠡᠭᠡ ᠵᠢᠨ ᠣᠷᠣᠨ ᠵᠠᠢ ᠵᠢᠨ ᠬᠡᠯᠪᠡᠷᠢ ᠪᠠᠢ᠌ᠳᠠᠯ᠎ᠢ ᠰᠢᠯᠢᠳᠡᠭᠵᠢᠭᠦᠯᠵᠦ ᠂  ᠨᠤᠲᠤᠭ ᠪᠦᠰᠡ ᠵᠢᠨ ᠣᠨᠴᠠᠯᠢᠭ᠎ᠢ ᠭᠦᠢ᠍ᠴᠡᠳ ᠠᠭᠤᠯᠤᠭᠰᠠᠨ ᠬᠤᠳᠠ ᠬᠥᠳᠡᠭᠡ ᠵᠢᠨ ᠳᠦᠷᠰᠦ ᠪᠠᠢ᠌ᠳᠠᠯ᠎ᠢ ᠢᠯᠡᠷᠡᠭᠦᠯᠦᠨ᠎ᠡ ᠃

       ᠲᠠᠪᠤ ᠂  ᠣᠳᠣᠬᠢᠴᠢᠯᠠᠭᠰᠠᠨ ᠰᠠᠭᠤᠷᠢ ᠪᠡᠯᠡᠳᠬᠡᠮᠵᠢ ᠵᠢᠨ ᠲᠣᠭᠲᠠᠯᠴᠠᠭ᠎ᠠ ᠵᠢ ᠪᠠᠢ᠌ᠭᠤᠯᠤᠨ᠎ᠠ ᠃  ᠬᠤᠳᠠ ᠬᠥᠳᠡᠭᠡ ᠵᠢᠨ ᠡᠯ᠎ᠡ ᠲᠦᠷᠦᠯ᠎ᠤᠨ ᠰᠠᠭᠤᠷᠢ ᠪᠡᠯᠡᠳᠬᠡᠮᠵᠢ ᠵᠢᠨ ᠪᠦᠲᠦᠭᠡᠨ ᠪᠠᠢ᠌ᠭᠤᠯᠤᠯᠲᠠ ᠵᠢ ᠲᠡᠭᠦᠯᠳᠡᠷᠵᠢᠭᠦᠯᠵᠦ ᠂  ᠰᠠᠭᠤᠷᠢ ᠪᠡᠯᠡᠳᠬᠡᠮᠵᠢ ᠵᠢᠨ ᠪᠠᠲᠤᠯᠠᠭ᠎ᠠ ᠵᠢᠨ ᠴᠢᠳᠠᠪᠤᠷᠢ ᠪᠠ ᠦᠢ᠍ᠯᠡᠴᠢᠯᠡᠭᠡᠨ᠎ᠤ ᠬᠢᠷᠢ ᠲᠦᠪᠰᠢᠨ᠎ᠢ ᠳᠡᠭᠡᠭᠰᠢᠯᠡᠭᠦᠯᠦᠨ᠎ᠡ ᠃  ᠣᠷᠣᠨ ᠪᠦᠰᠡ ᠵᠢᠨ ᠴᠢᠬᠤᠯᠠ ᠬᠤᠳᠠ᠎ᠯᠤᠭ᠎ᠠ ᠵᠢᠨ ᠵᠠᠮ ᠬᠠᠷᠢᠯᠴᠠᠭ᠋ᠠᠨ᠎ᠤ ᠬᠠᠷᠢᠯᠴᠠᠭ᠎ᠠ ᠬᠣᠯᠪᠤᠭ᠎ᠠ ᠵᠢ ᠴᠢᠩᠭ᠋ᠠᠷᠠᠭᠤᠯᠤᠨ ᠂  ᠡᠯ᠎ᠡ ᠵᠦᠢ᠍ᠯ᠎ᠤᠨ ᠵᠠᠮ ᠬᠠᠷᠢᠯᠴᠠᠭ᠋ᠠᠨ᠎ᠤ ᠠᠷᠭ᠎ᠠ ᠮᠠᠶᠢᠭ᠎ᠢ ᠬᠠᠷᠢᠯᠴᠠᠨ ᠵᠣᠬᠢᠴᠠᠭᠤᠯᠤᠭᠰᠠᠨ ᠶᠡᠷᠦᠩᠬᠡᠢ᠌ᠯᠡᠭᠰᠡᠨ ᠵᠠᠮ ᠬᠠᠷᠢᠯᠴᠠᠭ᠋ᠠᠨ᠎ᠤ ᠲᠣᠭᠲᠠᠯᠴᠠᠭ᠎ᠠ ᠵᠢ ᠪᠠᠢ᠌ᠭᠤᠯᠤᠨ᠎ᠠ ᠃  ᠤᠯᠠᠨ ᠨᠡᠶ᠋ᠢᠲᠡ ᠵᠢᠨ ᠠᠮᠤᠷ ᠲᠦᠪᠰᠢᠨ ᠪᠠ ᠭᠠᠮᠰᠢᠭ᠎ᠢ ᠶᠡᠷᠦᠩᠬᠡᠢ᠌ᠯᠡᠨ ᠰᠡᠷᠭᠡᠢ᠌ᠯᠡᠬᠦ ᠲᠣᠭᠲᠠᠯᠴᠠᠭ᠎ᠠ ᠵᠢ ᠪᠦᠷᠢᠨᠰᠢᠭᠦᠯᠵᠦ ᠂  ᠬᠤᠳᠠ ᠵᠢᠨ ᠠᠮᠢᠨ ᠰᠤᠳᠠᠰᠤ ᠪᠦᠬᠦᠢ ᠴᠢᠳᠠᠮᠵᠢ ᠵᠢᠨ ᠲᠣᠭᠲᠠᠭᠤᠨ ᠵᠶ᠋ᠠᠷ ᠠᠵᠢᠯᠯᠠᠬᠤ ᠵᠢ ᠪᠠᠲᠤᠯᠠᠵᠤ ᠂  ᠬᠤᠳᠠ ᠵᠢᠨ ᠠᠮᠤᠷ ᠲᠦᠪᠰᠢᠨ᠎ᠤ ᠤᠶᠠᠨ ᠬᠠᠳᠠᠨ ᠴᠢᠨᠠᠷ᠎ᠢ ᠳᠡᠭᠡᠭᠰᠢᠯᠡᠭᠦᠯᠦᠨ᠎ᠡ ᠃

       ᠵᠢᠷᠭᠤᠭ᠎ᠠ ᠂  ᠲᠥᠯᠦᠪᠵᠢᠭᠦᠯᠭᠡ ᠵᠢᠨ ᠲᠥᠪ ᠴᠢᠩᠭ᠎ᠠ ᠴᠢᠨᠠᠷ ᠡᠷᠬᠡ ᠰᠦᠷᠲᠦ ᠴᠢᠨᠠᠷ᠎ᠢ ᠬᠠᠮᠠᠭ᠋ᠠᠯᠠᠨ᠎ᠠ ᠃ 《  ᠣᠯᠠᠨ ᠲᠥᠯᠦᠪᠵᠢᠭᠦᠯᠭᠡ ᠵᠢ ᠨᠢᠭᠡ ᠪᠣᠯᠭ᠋ᠠᠬᠤ 》  ᠥᠭᠡᠷᠡᠴᠢᠯᠡᠯᠲᠡ ᠵᠢᠨ ᠲᠤᠬᠠᠢ ᠨᠠᠮ᠎ᠤᠨ ᠲᠥᠪ ᠬᠣᠷᠢᠶ᠎ᠠ ᠂  ᠲᠥᠷᠥ ᠵᠢᠨ ᠶᠠᠪᠤᠳᠠᠯ᠎ᠤᠨ ᠬᠣᠷᠢᠶᠠᠨ᠎ᠤ ᠰᠢᠢ᠍ᠳᠪᠦᠷᠢᠲᠦ ᠪᠣᠳᠣᠯᠭ᠎ᠠ ᠪᠠᠢ᠌ᠷᠢᠯᠠᠭᠤᠯᠤᠯᠲᠠ ᠵᠢ ᠡᠷᠡᠰ ᠲᠤᠭᠤᠰᠢᠯᠠᠭᠤᠯᠵᠤ ᠂  ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠲᠥᠯᠦᠪᠵᠢᠭᠦᠯᠭᠡ ᠵᠢᠨ ᠲᠣᠭᠲᠠᠯᠴᠠᠭ᠎ᠠ᠎ᠠᠴᠠ ᠭᠠᠳᠠᠨ᠎ᠠ ᠪᠤᠰᠤᠳ ᠣᠷᠣᠨ ᠵᠠᠢ ᠵᠢᠨ ᠲᠥᠯᠦᠪᠵᠢᠭᠦᠯᠭᠡ ᠵᠢ ᠠᠰᠲᠠᠭ᠋ᠠᠨ ᠭᠠᠷᠭ᠋ᠠᠬᠤ ᠦᠭᠡᠢ ᠃ 《ᠲᠥᠯᠦᠪᠵᠢᠭᠦᠯᠭᠡ 》 ᠵᠢ ᠴᠢᠩᠭ᠎ᠠ ᠬᠡᠷᠡᠭᠵᠢᠭᠦᠯᠵᠦ ᠂  ᠶᠠᠮᠠᠷᠪᠠ ᠰᠠᠯᠠᠭ᠎ᠠ ᠮᠥᠴᠢᠷ ᠪᠠ ᠬᠤᠪᠢ ᠬᠥᠮᠥᠨ ᠭᠡᠳ ᠳᠤᠷ᠎ᠠ᠎ᠪᠠᠷ ᠵᠶ᠋ᠠᠨ ᠵᠠᠰᠠᠪᠤᠷᠢ ᠣᠷᠣᠭᠤᠯᠵᠤ ᠂  ᠲᠣᠭᠲᠠᠭ᠋ᠠᠯ᠎ᠠᠴᠠ ᠵᠥᠷᠢᠴᠡᠨ ᠬᠤᠪᠢᠷᠠᠭ᠋ᠠᠵᠤ ᠪᠣᠯᠬᠤ ᠦᠭᠡᠢ ᠃  ᠨᠢᠭᠡᠨ ᠵᠢᠷᠤᠭ ᠲᠥᠰᠥᠪ᠎ᠢ ᠪᠠᠷᠢᠵᠤ ᠡᠴᠦᠰ᠎ᠲᠤ᠎ᠨᠢ ᠲᠤᠯᠲᠠᠯ᠎ᠠ ᠲᠤᠭᠤᠰᠢᠲᠠᠢ ᠬᠢᠬᠦ ᠵᠢ ᠪᠠᠷᠢᠮᠲᠠᠯᠠᠵᠤ ᠂  ᠲᠥᠯᠦᠪᠵᠢᠭᠦᠯᠭᠡ ᠂  ᠪᠦᠲᠦᠭᠡᠨ ᠪᠠᠢ᠌ᠭᠤᠯᠤᠯᠲᠠ ᠂  ᠵᠠᠰᠠᠯᠲᠠ ᠵᠢᠨ ᠲᠦᠪᠰᠢᠨ ᠵᠶ᠋ᠠᠨ ᠦᠨᠡᠨ ᠬᠦ᠌ ᠳᠡᠭᠡᠭᠰᠢᠯᠡᠭᠦᠯᠦᠨ᠎ᠡ ᠃ 《  ᠭᠤᠷᠪᠠᠨ ᠣᠷᠣᠨ ᠵᠠᠢ ᠭᠤᠷᠪᠠᠨ ᠡᠵᠡᠮᠳᠡᠯ᠎ᠤᠨ ᠱᠤᠭᠤᠮ  》᠎ᠤᠨ ᠬᠠᠮᠢᠶᠠᠷᠤᠨ ᠡᠵᠡᠮᠳᠡᠬᠦ ᠱᠠᠭ᠋ᠠᠷᠳᠠᠯᠭ᠎ᠠ᠎ᠳᠤ ᠨᠡᠢ᠌ᠴᠡᠭᠰᠡᠨ ᠤᠷᠢᠲᠠᠯ ᠳᠣᠣᠷ᠎ᠠ ᠂ 《  ᠲᠥᠯᠦᠪᠵᠢᠭᠦᠯᠭᠡ 》 ᠵᠢᠨ ᠭᠣᠣᠯᠳᠠᠯᠭ᠎ᠠ᠎ᠲᠠᠢ ᠲᠥᠷᠥᠯ ᠵᠦᠢ᠍ᠯ᠎ᠢ ᠴᠢᠩᠭ᠎ᠠ ᠬᠠᠮᠢᠶᠠᠷᠤᠨ᠎ᠠ ᠃  ᠨᠠᠷᠢᠯᠢᠭ ᠲᠥᠯᠦᠪᠵᠢᠭᠦᠯᠭᠡ ᠂  ᠬᠠᠮᠢᠶ᠎ᠠ ᠪᠦᠬᠦᠢ ᠲᠤᠰᠬᠠᠢ ᠵᠦᠢ᠍ᠯ᠎ᠤᠨ ᠲᠥᠯᠦᠪᠵᠢᠭᠦᠯᠭᠡ ᠵᠢ ᠰᠢᠨᠵᠢᠯᠡᠬᠦ ᠤᠬᠠᠭ᠋ᠠᠨᠴᠢ᠎ᠪᠠᠷ ᠨᠠᠢ᠌ᠷᠠᠭᠤᠯᠤᠨ ᠵᠣᠬᠢᠶᠠᠵᠤ ᠂  ᠲᠤᠰᠬᠠᠢ ᠵᠦᠢ᠍ᠯ᠎ᠤᠨ ᠲᠥᠯᠦᠪᠵᠢᠭᠦᠯᠭᠡ᠎ᠳᠠᠬᠢ ᠵᠢᠯᠣᠭᠣᠳᠤᠯᠭ᠎ᠠ ᠬᠢᠵᠠᠭ᠋ᠠᠷᠯᠠᠯ ᠵᠶ᠋ᠠᠨ ᠴᠢᠩᠭ᠋ᠠᠷᠠᠭᠤᠯᠤᠨ᠎ᠠ ᠃  ᠪᠦᠬᠦ ᠤᠯᠤᠰ᠎ᠤᠨ ᠨᠤᠲᠤᠭ ᠳᠡᠪᠢᠰᠬᠡᠷ᠎ᠤᠨ ᠣᠷᠣᠨ ᠵᠠᠢ ᠵᠢᠨ ᠲᠥᠯᠦᠪᠵᠢᠭᠦᠯᠭᠡ ᠵᠢᠨ ᠬᠥᠳᠡᠯᠦᠩᠭᠦᠢ᠎ᠪᠠᠷ ᠬᠢᠨᠠᠨ ᠰᠢᠨᠵᠢᠬᠦ ᠦᠨᠡᠯᠡᠨ ᠵᠢᠱ᠌ᠢᠬᠦ ᠤᠷᠢᠳᠴᠢᠯᠠᠨ ᠰᠡᠷᠡᠮᠵᠢᠯᠡᠭᠦᠯᠬᠦ ᠪᠠ ᠬᠢᠨᠠᠯᠲᠠ ᠬᠠᠮᠢᠶᠠᠷᠤᠯᠲᠠ ᠬᠡᠷᠡᠭᠵᠢᠭᠦᠯᠬᠦ ᠲᠣᠭᠲᠠᠴᠠ ᠵᠢ ᠪᠠᠢ᠌ᠭᠤᠯᠤᠨ ᠪᠦᠷᠢᠨᠰᠢᠭᠦᠯᠦᠨ᠎ᠡ ᠃ 《ᠲᠥᠯᠦᠪᠵᠢᠭᠦᠯᠭᠡ 》 ᠵᠢ ᠳᠠᠷᠤᠮᠠᠯᠯᠠᠨ ᠲᠠᠷᠬᠠᠭ᠋ᠠᠬᠤ ᠪᠠ ᠢᠯᠡ ᠪᠣᠯᠭ᠋ᠠᠬᠤ ᠠᠵᠢᠯ᠎ᠢ ᠰᠠᠢ᠌ᠲᠤᠷ ᠬᠢᠵᠦ ᠂  ᠨᠡᠢ᠌ᠭᠡᠮ᠎ᠤᠨ ᠬᠢᠨᠠᠯᠲᠠ ᠲᠠᠯᠪᠢᠯᠲᠠ ᠵᠢ ᠴᠢᠩᠭ᠋ᠠᠷᠠᠭᠤᠯᠤᠨ᠎ᠠ ᠃ 《ᠲᠥᠯᠦᠪᠵᠢᠭᠦᠯᠭᠡ 》 ᠵᠢ ᠬᠡᠷᠡᠭᠵᠢᠭᠦᠯᠬᠦ ᠶᠠᠪᠤᠴᠠ᠎ᠳᠠᠬᠢ ᠴᠢᠬᠤᠯᠠ ᠶᠡᠬᠡ ᠵᠦᠢ᠍ᠯᠡᠰ᠎ᠢ ᠴᠠᠭ ᠲᠤᠬᠠᠢ᠎ᠳᠤ᠎ᠨᠢ ᠵᠢᠭ᠋ᠠᠪᠤᠷᠢ ᠠᠪᠴᠤ ᠮᠡᠳᠡᠭᠦᠯᠬᠦ ᠬᠡᠷᠡᠭᠲᠡᠢ ᠃

      2024 ᠣᠨ᠎ᠤ12 ᠳ᠋ᠤᠭ᠋ᠠᠷ ᠰᠠᠷ᠎ᠠ ᠵᠢᠨ19᠎ᠤ ᠡᠳᠦᠷ

      (ᠲᠤᠰ ᠪᠢᠴᠢᠭ ᠮᠠᠲ᠋ᠧᠷᠢᠶᠠᠯ᠎ᠢ ᠢᠯᠡ ᠨᠡᠢ᠌ᠲᠡᠯᠡᠨ᠎ᠡ )

      

      

      

 

 

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ