ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠠᠷᠠᠳᠤᠨ ᠵᠠᠰᠠᠭᠤᠨ ᠣᠷᠳᠣᠨ
ᠥᠪᠥᠷ ᠵᠠᠰᠠᠭ ᠦᠰᠦᠭ [2025] 6 ᠳ᠋ᠤᠭ᠋ᠠᠷ ᠲᠣᠭ᠋ᠠᠲᠤ
《 ᠤᠯᠠᠭ᠋ᠠᠨᠬᠠᠳᠠ ᠬᠤᠲᠠ ᠵᠢᠨ ᠰᠦᠩ ᠱᠠᠨ ᠲᠣᠭᠣᠷᠢᠭᠤᠨ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠲᠥᠰᠥᠯ ( 2025 ᠣᠨ ) 》ᠤᠨ ᠲᠤᠬᠠᠢ ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠠᠷᠠᠳᠤᠨ ᠵᠠᠰᠠᠭᠤᠨ ᠣᠷᠳᠣᠨᠤ ᠴᠣᠬᠣᠯᠠᠪᠤᠷᠢ
ᠤᠯᠠᠭ᠋ᠠᠨᠬᠠᠳᠠ ᠬᠤᠲᠠ ᠵᠢᠨ ᠠᠷᠠᠳᠤᠨ ᠵᠠᠰᠠᠭᠤᠨ ᠣᠷᠳᠣᠨᠳᠤ ᠄
ᠲᠠᠨᠤ ᠬᠤᠲᠠ ᠵᠢᠨ 《ᠤᠯᠠᠭ᠋ᠠᠨᠬᠠᠳᠠ ᠬᠤᠲᠠ ᠵᠢᠨ ᠰᠦᠩ ᠱᠠᠨ ᠲᠣᠭᠣᠷᠢᠭᠤᠨ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠲᠥᠰᠥᠯ ( 2024 ᠣᠨ - 2025 ᠣᠨ )ᠤᠨ ᠲᠤᠬᠠᠢ ᠡᠰᠢᠯᠡᠯᠲᠡ 》 (ᠤᠯᠠᠭ᠋ᠠᠨᠬᠠᠳᠠ ᠵᠠᠰᠠᠭ ᠮᠡᠳᠡᠭᠦᠯᠦᠯᠲᠡ [2024] 195 ᠳ᠋ᠤᠭ᠋ᠠᠷ ᠲᠣᠭ᠋ᠠᠲᠤ ) ᠵᠢ ᠭᠥᠯᠢᠶᠡᠨ ᠠᠪᠴᠤ ᠣᠢ᠌ᠯᠠᠭ᠋ᠠᠯᠠ ᠃ ᠡᠳᠦᠭᠡ ᠳᠣᠣᠷᠠᠬᠢ ᠮᠡᠲᠦ ᠴᠣᠬᠣᠯᠠᠪᠤᠷᠢᠯᠠᠪᠠ ᠄
ᠥᠪᠡᠷᠲᠡᠭᠡᠨ ᠵᠠᠰᠠᠬᠤ ᠣᠷᠣᠨᠤ ᠪᠠᠢ᠌ᠭ᠋ᠠᠯᠢ ᠵᠢᠨ ᠡᠬᠢ ᠪᠠᠶᠠᠯᠢᠭᠤᠨ ᠲᠢᠩᠬᠢᠮ ᠲᠤᠰᠬᠠᠢ ᠮᠡᠷᠭᠡᠵᠢᠯᠲᠡᠨᠢ ᠵᠣᠬᠢᠶᠠᠨ ᠪᠠᠢ᠌ᠭᠤᠯᠵᠤ ᠨᠤᠲᠠᠯᠠᠭᠤᠯᠬᠤ ᠪᠠ ᠬᠢᠨᠠᠨ ᠪᠠᠢ᠌ᠴᠠᠭ᠋ᠠᠯᠭ᠋ᠠᠭ᠋ᠠᠳ ᠂ 《 ᠤᠯᠠᠭ᠋ᠠᠨᠬᠠᠳᠠ ᠬᠤᠲᠠ ᠵᠢᠨ ᠰᠦᠩ ᠱᠠᠨ ᠲᠣᠭᠣᠷᠢᠭᠤᠨ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠲᠥᠰᠥᠯ ( 2025 ᠣᠨ ) 》 ᠨᠢ 《ᠪᠦᠭᠦᠳᠡ ᠨᠠᠢ᠌ᠷᠠᠮᠳᠠᠬᠤ ᠲᠤᠮᠳᠠᠳᠤ ᠠᠷᠠᠳ ᠤᠯᠤᠰᠤᠨ ᠭᠠᠵᠠᠷ ᠰᠢᠷᠣᠢ ᠵᠢᠨ ᠬᠠᠮᠢᠶᠠᠷᠤᠯᠲᠠ ᠵᠢᠨ ᠬᠠᠤᠯᠢ 》 ᠪᠠ 《 〈ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠪᠠᠷᠢᠮᠵᠢᠶᠠ 〉 ᠵᠢ ᠳᠠᠷᠤᠮᠠᠯᠯᠠᠨ ᠶᠠᠪᠤᠭᠤᠯᠬᠤ ᠲᠤᠬᠠᠢ ᠪᠠᠢ᠌ᠭ᠋ᠠᠯᠢ ᠵᠢᠨ ᠡᠬᠢ ᠪᠠᠶᠠᠯᠢᠭᠤᠨ ᠶᠠᠮᠤᠨᠤ ᠮᠡᠳᠡᠭᠳᠡᠯ 》 (ᠪᠠᠢ᠌ᠭ᠋ᠠᠯᠢ ᠡᠬᠢ ᠪᠠᠶᠠᠯᠢᠭ ᠲᠣᠭᠲᠠᠭ᠋ᠠᠯ [2023 ] 7 ᠳ᠋ᠤᠭ᠋ᠠᠷ ᠲᠣᠭ᠋ᠠᠲᠤ ) ᠵᠢᠴᠢ 《ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠵᠢ ᠬᠡᠷᠡᠭᠵᠢᠭᠦᠯᠬᠦ ᠨᠠᠷᠢᠨ ᠳᠦᠷᠢᠮ (ᠲᠤᠷᠰᠢᠨ ᠬᠡᠷᠡᠭᠵᠢᠭᠦᠯᠬᠦ ) 》ᠤᠨ ᠬᠣᠯᠪᠣᠭᠳᠠᠯ ᠪᠦᠬᠦᠢ ᠲᠣᠭᠲᠠᠭ᠋ᠠᠯ ᠪᠠ ᠱᠠᠭ᠋ᠠᠷᠳᠠᠯᠭᠠᠳᠤ ᠨᠡᠢ᠌ᠴᠡᠵᠦ ᠂ ᠤᠯᠤᠰᠤᠨ ᠨᠤᠲᠤᠭ ᠳᠡᠪᠢᠰᠬᠡᠷᠤᠨ ᠣᠷᠣᠨ ᠵᠠᠢ ᠵᠢᠨ ᠶᠡᠷᠦᠩᠬᠡᠢ ᠲᠥᠯᠦᠪᠵᠢᠭᠦᠯᠭᠡ ᠵᠢᠨ ᠬᠠᠮᠢᠶᠠᠷᠤᠨ ᠡᠵᠡᠮᠳᠡᠬᠦ ᠳᠦᠷᠢᠮᠳᠤ ᠨᠡᠢ᠌ᠴᠡᠵᠦ ᠪᠠᠢ᠌ᠨᠠ ᠃ ᠡᠢ᠌ᠨ ᠬᠦ᠌ 《 ᠤᠯᠠᠭ᠋ᠠᠨᠬᠠᠳᠠ ᠬᠤᠲᠠ ᠵᠢᠨ ᠰᠦᠩ ᠱᠠᠨ ᠲᠣᠭᠣᠷᠢᠭᠤᠨ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠡᠷ ᠨᠡᠭᠡᠭᠡᠨ ᠬᠥᠭᠵᠢᠭᠦᠯᠬᠦ ᠲᠥᠰᠥᠯ ( 2025 ᠣᠨ ) 》ᠢ ᠵᠠᠷᠴᠢᠮ ᠳᠡᠭᠡᠷᠡᠪᠠᠨ ᠵᠥᠪᠰᠢᠶᠡᠷᠡᠪᠡ ᠂ ᠡᠯᠡ ᠵᠦᠢ᠍ᠯᠤᠨ ᠠᠵᠢᠯ ᠵᠶ᠋ᠠᠨ ᠬᠠᠤᠯᠢ ᠲᠣᠭᠲᠠᠭ᠋ᠠᠯ ᠶᠣᠰᠣᠭ᠋ᠠᠷ ᠰᠠᠢ᠌ᠲᠤᠷ ᠬᠢᠲᠦᠭᠡᠢ ᠃
2025 ᠣᠨᠤ 1 ᠳ᠋ᠦ᠍ᠭᠡᠷ ᠰᠠᠷᠠ ᠵᠢᠨ 8ᠤ ᠡᠳᠦᠷ
(ᠲᠤᠰ ᠪᠢᠴᠢᠭ ᠮᠠᠲ᠋ᠧᠷᠢᠶᠠᠯᠢ ᠢᠯᠡ ᠨᠡᠢ᠌ᠲᠡᠯᠡᠨᠡ )