ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ
ᠥᠪᠥᠷ ᠵᠠᠰᠠᠭ ᠦᠰᠦᠭ 〔2025〕 30 ᠳ᠋ᠤᠭ᠋ᠠᠷ ᠲᠣᠭ᠋ᠠᠲᠤ
ᠥᠪᠥᠷ ᠵᠠᠰᠠᠭ ᠲᠠᠷᠬᠠᠭ᠋ᠠᠭᠰᠠᠨ 〔2017〕 77 ᠳ᠋ᠤᠭ᠋ᠠᠷ ᠲᠣᠭ᠋ᠠᠲᠤ ᠂ ᠥᠪᠥᠷ ᠵᠠᠰᠠᠭ ᠠᠯᠪᠠᠨ ᠲᠠᠷᠬᠠᠭ᠋ᠠᠭᠰᠠᠨ 〔2017〕 174 ᠳ᠋ᠦ᠍ᠭᠡᠷ ᠲᠣᠭ᠋ᠠᠲᠤ ᠂ ᠥᠪᠥᠷ ᠵᠠᠰᠠᠭ ᠠᠯᠪᠠᠨ ᠲᠠᠷᠬᠠᠭ᠋ᠠᠭᠰᠠᠨ 〔2021〕 38 ᠳ᠋ᠤᠭ᠋ᠠᠷ ᠲᠣᠭ᠋ᠠᠲᠤ ᠂ ᠥᠪᠥᠷ ᠵᠠᠰᠠᠭ ᠠᠯᠪᠠᠨ ᠥᠰᠥᠭ 〔2021〕 92 ᠳ᠋ᠤᠭ᠋ᠠᠷ ᠲᠣᠭ᠋ᠠᠲᠤ ᠪᠢᠴᠢᠭ ᠮᠠᠲ᠋ᠧᠷᠢᠶᠠᠯ᠎ᠢ ᠬᠦᠴᠦᠨ ᠦᠭᠡᠢ ᠪᠤᠯᠭ᠋ᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ
ᠡᠯ᠎ᠡ ᠠᠢ᠌ᠮᠠᠭ᠎ᠤᠨ ᠵᠠᠬᠢᠷᠭ᠎ᠠ ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ ᠂ ᠠᠯᠪᠠᠨ ᠭᠡᠷ ᠂ ᠲᠢᠩᠬᠢᠮ ᠂ ᠲᠣᠪᠴᠢᠶ᠎ᠠ ᠂ ᠡᠯ᠎ᠡ ᠲᠣᠮᠣ ᠠᠵᠤ ᠠᠬᠤᠢ᠌ᠯᠠᠯ ᠂ ᠠᠵᠢᠯ ᠦᠢ᠍ᠯᠡᠰ᠎ᠤᠨ ᠨᠢᠭᠡᠴᠢ᠎ᠳᠤ᠄
ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ᠎ᠳᠤ ᠲᠣᠬᠢᠷᠠᠭᠤᠯᠤᠯᠲᠠ ᠬᠢᠭᠰᠡᠨ ᠪᠠᠢ᠌ᠳᠠᠯ᠎ᠢ ᠦᠨᠳᠦᠰᠦᠯᠡᠵᠦ ᠂ 《 〈 ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ ᠪᠠ ᠴᠢᠳᠠᠪᠤᠷᠢᠲᠠᠨ᠎ᠤ ᠰᠢᠯᠵᠢᠯᠲᠡ ᠵᠢᠨ ᠬᠡᠷᠡᠭᠵᠢᠭᠦᠯᠬᠦ ᠠᠷᠭ᠎ᠠ 〉 ᠵᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ 》 ( ᠥᠪᠥᠷ ᠵᠠᠰᠠᠭ ᠲᠠᠷᠬᠠᠭ᠋ᠠᠭᠰᠠᠨ 〔2017〕 77 ᠳ᠋ᠤᠭ᠋ᠠᠷ ᠲᠣᠭ᠋ᠠᠲᠤ ) ᠂ 《 〈 ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠵᠢᠨ ᠠᠵᠤ ᠦᠢ᠍ᠯᠡᠰᠴᠢᠯᠡᠭᠰᠡᠨ ᠭᠣᠣᠯᠳᠠᠯᠭ᠎ᠠ ᠪᠣᠯᠬᠤ ᠬᠥᠲᠥᠴᠢ ᠠᠵᠤ ᠠᠬᠤᠢ᠌ᠯᠠᠯ᠎ᠢ ᠮᠠᠭ᠋ᠠᠳᠯᠠᠨ ᠲᠣᠭᠲᠠᠭ᠋ᠠᠬᠤ ᠬᠠᠮᠢᠶᠠᠷᠤᠯᠲᠠ ᠵᠢᠨ ᠠᠷᠭ᠎ᠠ 〉 ᠵᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ 》 ( ᠥᠪᠥᠷ ᠵᠠᠰᠠᠭ ᠠᠯᠪᠠᠨ ᠲᠠᠷᠬᠠᠭ᠋ᠠᠭᠰᠠᠨ 〔2021〕 174 ᠳ᠋ᠦ᠍ᠭᠡᠷ ᠲᠣᠭ᠋ᠠᠲᠤ ) ᠂ 《 〈 ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ᠌ᠯᠠᠯ᠎ᠤᠨ ᠰᠲ᠋ᠣᠺ᠎ᠤᠨ ᠵᠠᠬ᠎ᠠ ᠳᠡᠯᠭᠡᠭᠦᠷ᠎ᠲᠤ ᠭᠠᠷᠴᠤ ᠫᠠᠢ᠌ᠰᠠ ᠡᠯᠭᠦᠨ ᠠᠵᠢᠯᠯᠠᠬᠤ ᠵᠢ ᠵᠣᠷᠢᠭᠵᠢᠭᠤᠯᠤᠨ ᠱᠠᠩᠨᠠᠵᠤ ᠨᠥᠬᠥᠪᠦᠷᠢᠯᠡᠬᠦ ᠠᠷᠭ᠎ᠠ 〉 ᠵᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ 》 ( ᠥᠪᠥᠷ ᠵᠠᠰᠠᠭ ᠠᠯᠪᠠᠨ ᠲᠠᠷᠬᠠᠭ᠋ᠠᠭᠰᠠᠨ 〔2021〕 38 ᠳ᠋ᠤᠭ᠋ᠠᠷ ᠲᠣᠭ᠋ᠠᠲᠤ ) ᠂ 《 ᠥᠪᠥᠷ ᠵᠠᠰᠠᠭ ᠠᠯᠪᠠᠨ ᠲᠠᠷᠬᠠᠭ᠋ᠠᠭᠰᠠᠨ 〔2021〕 38 ᠳ᠋ᠤᠭ᠋ᠠᠷ ᠲᠣᠭ᠋ᠠᠲᠤ ᠪᠢᠴᠢᠭ ᠮᠠᠲ᠋ᠧᠷᠢᠶᠠᠯ᠎ᠤᠨ ᠬᠠᠮᠢᠶ᠎ᠠ ᠪᠦᠬᠦᠢ ᠠᠭᠤᠯᠭ᠎ᠠ᠎ᠳᠤ ᠵᠠᠰᠠᠪᠤᠷᠢ ᠣᠷᠣᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ 》 ( ᠥᠪᠥᠷ ᠵᠠᠰᠠᠭ ᠠᠯᠪᠠᠨ ᠥᠰᠥᠭ 〔2021〕 92 ᠳ᠋ᠤᠭ᠋ᠠᠷ ᠲᠣᠭ᠋ᠠᠲᠤ ) ᠵᠡᠷᠭᠡ 4 ᠪᠢᠴᠢᠭ ᠮᠠᠲ᠋ᠧᠷᠢᠶᠠᠯ᠎ᠢ ᠬᠦᠴᠦᠨ ᠦᠭᠡᠢ ᠪᠣᠯᠭ᠋ᠠᠪᠠ ᠃
ᠲᠤᠰ ᠮᠡᠳᠡᠭᠳᠡᠯ᠎ᠢ ᠳᠠᠷᠤᠮᠠᠯᠯᠠᠨ ᠲᠠᠷᠬᠠᠭ᠋ᠠᠭᠰᠠᠨ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠨᠢᠭᠡᠴᠢ ᠵᠢᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠠᠵᠢᠯ᠎ᠤᠨ ᠭᠣᠣᠯ ᠰᠢᠵᠢᠮ ᠪᠣᠯᠭ᠋ᠠᠬᠤ ᠵᠢ ᠪᠠᠷᠢᠮᠲᠠᠯᠠᠵᠤ ᠂ ᠬᠠᠮᠢᠶ᠎ᠠ ᠪᠦᠬᠦᠢ ᠪᠢᠴᠢᠭ ᠮᠠᠲ᠋ᠧᠷᠢᠶᠠᠯ᠎ᠢ ᠴᠠᠭ ᠲᠤᠬᠠᠢ᠎ᠳᠤ ᠨᠢ ᠢᠯᠭ᠋ᠠᠷᠠᠭᠤᠯᠤᠨ ᠴᠡᠪᠡᠷᠯᠡᠵᠦ ᠂ ᠲᠦᠷᠦ ᠵᠢᠨ ᠪᠣᠳᠣᠯᠭ᠎ᠠ ᠵᠢᠨ ᠵᠣᠯᠭ᠋ᠠᠯᠳᠤᠭᠤᠯᠬᠤ ᠠᠵᠢᠯ᠎ᠢ ᠰᠠᠢ᠌ᠲᠤᠷ ᠬᠢᠬᠦ ᠬᠡᠷᠡᠭᠲᠡᠢ ᠃
2025 ᠣᠨ᠎ᠤ 3 ᠳ᠋ᠤᠭ᠋ᠠᠷ ᠰᠠᠷ᠎ᠠ ᠵᠢᠨ 1᠎ᠤ ᠡᠳᠦᠷ
( ᠲᠤᠰ ᠪᠢᠴᠢᠭ ᠮᠠᠲ᠋ᠧᠷᠢᠶᠠᠯ᠎ᠢ ᠢᠯᠡ ᠨᠡᠢ᠌ᠲᠡᠯᠡᠨ᠎ᠡ )