ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠪᠢᠴᠢᠭ ᠮᠠᠲ᠋ᠧᠷᠢᠶᠠᠯ
ᠥᠪᠥᠷ ᠵᠠᠰᠠᠭ ᠠᠯᠪᠠᠨ ᠲᠠᠷᠬᠠᠭ᠋ᠠᠭᠰᠠᠨ [2023] 17 ᠳ᠋ᠤᠭ᠋ᠠᠷ ᠲᠣᠭ᠋ᠠᠲᠤ
ᠲᠠᠸᠠᠷ ᠬᠡᠳᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠬᠦ ᠵᠢ ᠤᠯᠠᠮ ᠨᠢᠭᠡ ᠠᠯᠬᠤᠮ ᠴᠢᠩᠭ᠋ᠠᠳᠬᠠᠬᠤ ᠠᠷᠭ᠎ᠠ ᠬᠡᠮᠵᠢᠶ᠎ᠡ᠎ᠨᠦᠭᠦᠳ᠎ᠤᠨ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ
ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ᠎ᠳᠤ᠄
《ᠲᠠᠸᠠᠷ ᠬᠡᠲᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠬᠦ ᠵᠢ ᠤᠯᠠᠮ ᠨᠢᠭᠡ ᠠᠯᠬᠤᠮ ᠴᠢᠩᠭ᠋ᠠᠳᠬᠠᠬᠤ ᠲᠤᠬᠠᠢ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠮᠡᠳᠡᠭᠳᠡᠯ》 (ᠲᠥᠷᠥ ᠠᠯᠪᠠᠨ ᠲᠠᠷᠬᠠᠭ᠋ᠠᠭᠰᠠᠨ [2022] 29 ᠳ᠋ᠦ᠍ᠭᠡᠷ ᠲᠣᠭ᠋ᠠᠲᠤ)᠎ᠤᠨ ᠵᠣᠷᠢᠭ ᠰᠠᠨᠠᠭ᠎ᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠪᠦᠬᠦ ᠣᠷᠣᠨ᠎ᠤ ᠲᠠᠸᠠᠷ ᠬᠡᠲᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠬᠦ ᠵᠢ ᠤᠯᠠᠮ ᠨᠢᠭᠡ ᠠᠯᠬᠤᠮ ᠴᠢᠩᠭ᠋ᠠᠳᠬᠠᠬᠤ ᠵᠢᠨ ᠲᠤᠰᠠᠳᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠵᠶ᠋ᠠᠷ ᠵᠥᠪᠰᠢᠶᠡᠷᠡᠭᠦᠯᠦᠭᠡᠳ᠂ ᠡᠳᠦᠭᠡ ᠬᠣᠯᠪᠣᠭᠳᠠᠯ ᠪᠦᠬᠦᠢ ᠠᠷᠭ᠎ᠠ ᠬᠡᠮᠵᠢᠶ᠎ᠡ ᠵᠢ ᠳᠣᠣᠷᠠᠬᠢ ᠮᠡᠲᠦ ᠮᠡᠳᠡᠭᠳᠡᠪᠡ᠃
ᠨᠢᠭᠡ᠂ ᠲᠠᠸᠠᠷ ᠬᠡᠲᠦ ᠪᠣᠭᠣᠳᠠᠯᠯᠠᠵᠤ ᠪᠠᠭᠯᠠᠬᠤ ᠪᠦᠬᠦ ᠬᠡᠯᠬᠢᠶᠡᠨ᠎ᠤ ᠵᠠᠰᠠᠯᠲᠠ ᠵᠢ ᠴᠢᠩᠭ᠋ᠠᠳᠬᠠᠨ᠎ᠠ
(ᠨᠢᠭᠡ) ᠪᠣᠭᠣᠳᠠᠯᠯᠠᠵᠤ ᠪᠠᠭᠯᠠᠬᠤ ᠬᠦᠷᠢᠶ᠎ᠡ ᠴᠠᠷᠠᠭ᠋ᠠᠨ᠎ᠳᠠᠬᠢ ᠮᠡᠷᠭᠡᠵᠢᠯ᠎ᠤᠨ ᠰᠢᠨ᠎ᠡ ᠡᠭᠦᠳᠦᠯᠲᠡ ᠵᠢ ᠴᠢᠩᠭ᠋ᠠᠳᠬᠠᠨ᠎ᠠ᠃ ᠪᠦᠬᠦ ᠣᠷᠣᠨ᠎ᠤ ᠪᠣᠭᠣᠳᠠᠯ ᠪᠠᠭᠯᠠᠭ᠎ᠠ ᠦᠢ᠍ᠯᠡᠳᠪᠦᠷᠢᠯᠡᠬᠦ ᠠᠵᠤ ᠠᠬᠤᠢ᠌ᠯᠠᠯ᠎ᠤᠨ ᠰᠠᠭᠤᠷᠢ ᠲᠣᠭ᠎ᠠ ᠵᠢ ᠲᠣᠳᠣᠷᠬᠠᠢ ᠣᠢ᠌ᠯᠠᠭ᠋ᠠᠭᠰᠠᠨ ᠰᠠᠭᠤᠷᠢᠨ ᠳᠡᠭᠡᠷ᠎ᠡ᠂ ᠪᠣᠭᠣᠳᠠᠯ ᠪᠠᠭᠯᠠᠭ᠎ᠠ ᠦᠢ᠍ᠯᠡᠳᠪᠦᠷᠢᠯᠡᠬᠦ ᠠᠵᠤ ᠠᠬᠤᠢ᠌ᠯᠠᠯ᠎ᠤᠨ ᠠᠵᠢᠯ ᠲᠥᠷᠥᠯ᠎ᠤᠨ ᠳᠣᠲᠣᠭ᠋ᠠᠳᠤᠬᠢ ᠵᠢᠷᠤᠭ ᠲᠥᠯᠥᠪᠯᠡᠭᠡ᠎ᠨᠢ ᠵᠦᠢ ᠵᠣᠬᠢᠰᠲᠠᠢ᠂ ᠮᠠᠲ᠋ᠧᠷᠢᠶᠠᠯ ᠬᠡᠷᠡᠭᠯᠡᠬᠦ᠎ᠨᠢ ᠠᠷᠪᠢᠲᠠᠢ᠂ ᠡᠭᠡᠭᠦᠯᠦᠨ ᠬᠤᠷᠢᠶᠠᠬᠤ᠎ᠳᠤ ᠳᠥᠭᠦᠮ᠂ ᠬᠢᠮᠳᠠ ᠲᠣᠬᠢᠯᠢᠭ ᠪᠠᠢ᠌ᠬᠤ ᠲᠠᠯ᠎ᠠ᠎ᠪᠠᠷ᠎ᠬᠢ ᠵᠢᠱ᠌ᠢᠶ᠎ᠡ ᠦᠵᠡᠭᠦᠯᠬᠦ ᠴᠢᠨᠠᠷ ᠪᠠ ᠬᠥᠲᠥᠯᠥᠨ ᠵᠢᠯᠤᠭᠣᠳᠬᠤ ᠴᠢᠨᠠᠷᠲᠠᠢ ᠲᠥᠰᠥᠯ᠎ᠢ ᠦᠨᠳᠦᠰᠦᠯᠡᠵᠦ ᠪᠣᠭᠣᠳᠠᠯ ᠪᠠᠭᠯᠠᠭ᠎ᠠ ᠵᠢᠨ ᠪᠦᠲᠦᠭᠡᠭᠳᠡᠬᠦᠨ ᠦᠢ᠍ᠯᠡᠳᠪᠦᠷᠢᠯᠡᠬᠦ᠂ ᠪᠣᠭᠣᠳᠠᠯᠯᠠᠵᠤ ᠪᠠᠭᠯᠠᠬᠤ ᠮᠠᠲ᠋ᠧᠷᠢᠶᠠᠯ ᠵᠢᠴᠢ ᠦᠢ᠍ᠯᠡᠳᠪᠦᠷᠢᠯᠡᠯ᠎ᠤᠨ ᠲᠥᠬᠦᠭᠡᠷᠦᠮᠵᠢ ᠰᠤᠳᠤᠯᠤᠨ ᠨᠡᠭᠡᠭᠡᠬᠦ ᠵᠢ᠎ᠨᠢ ᠠᠬᠢᠭᠤᠯᠤᠨ᠎ᠠ᠃ ᠪᠣᠭᠣᠳᠠᠯ ᠪᠠᠭᠯᠠᠭ᠎ᠠ ᠦᠢ᠍ᠯᠡᠳᠪᠦᠷᠢᠯᠡᠬᠦ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠪᠠᠢ᠌ᠭ᠋ᠠᠳ ᠦᠢ᠍ᠯᠡᠳᠪᠦᠷᠢᠯᠡᠬᠦ ᠦᠵᠦᠭᠦᠷ᠎ᠠᠴᠠ ᠳᠥᠭᠦᠮ ᠪᠣᠷᠣᠭᠵᠢᠭᠤᠨ ᠪᠣᠭᠣᠳᠠᠯ ᠪᠠᠭᠯᠠᠭ᠎ᠠ ᠵᠢ ᠳᠡᠯᠭᠡᠷᠡᠭᠦᠯᠵᠦ᠂ ᠠᠷᠪᠢᠯᠠᠨ ᠭᠠᠮᠨᠠᠬᠤ ᠣᠨᠣᠯᠵᠢᠬᠤᠨ᠎ᠢ ᠡᠬᠢ ᠢᠷᠡᠯᠲᠡ᠎ᠠᠴᠠ᠎ᠨᠢ ᠦᠢ᠍ᠯᠡᠳᠦᠯᠭᠡᠵᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠬᠣᠶᠠᠷ) ᠲᠠᠸᠠᠷ ᠦᠢ᠍ᠯᠡᠳᠪᠦᠷᠢᠯᠡᠬᠦ ᠭᠣᠭᠴᠣᠭ᠋ᠠᠨ᠎ᠳᠤ ᠬᠡᠲᠦ ᠪᠣᠭᠣᠳᠠᠯᠯᠠᠵᠤ ᠪᠠᠭᠯᠠᠬᠤ ᠵᠢ ᠰᠡᠷᠭᠡᠢ᠌ᠯᠡᠨ᠎ᠡ᠃ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ ᠵᠢ ᠤᠬᠠᠭᠤᠯᠤᠨ ᠲᠤᠭᠤᠰᠢᠯᠠᠭᠤᠯᠬᠤ ᠠᠵᠢᠯ᠎ᠢ ᠴᠢᠩᠭ᠋ᠠᠳᠬᠠᠵᠤ᠂ ᠬᠠᠤᠯᠢ ᠬᠡᠷᠡᠭᠵᠢᠭᠦᠯᠦᠯᠲᠡ ᠬᠢᠨᠠᠯᠲᠠ ᠬᠠᠮᠢᠶᠠᠷᠤᠯᠲᠠ ᠵᠢᠨ ᠡᠷᠴᠢᠮ ᠵᠶ᠋ᠡᠨ ᠴᠢᠩᠭ᠋ᠠᠷᠠᠭᠤᠯᠵᠤ᠂ ᠲᠠᠸᠠᠷ ᠦᠢ᠍ᠯᠡᠳᠪᠦᠷᠢᠯᠡᠬᠦ ᠠᠵᠤ ᠠᠬᠤᠢ᠌ᠯᠠᠯ᠎ᠢ ᠰᠢᠮᠳᠠᠭᠤᠯᠤᠨ ᠵᠢᠯᠤᠭᠣᠳᠴᠤ ᠪᠠᠢ᠌ᠭ᠋ᠠᠳ ᠬᠡᠲᠦ ᠪᠣᠭᠣᠳᠠᠯᠯᠠᠵᠤ ᠪᠠᠭᠯᠠᠬᠤ ᠵᠢᠨ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ ᠵᠢ ᠴᠢᠩᠭ᠎ᠠ ᠬᠡᠷᠡᠭᠵᠢᠭᠦᠯᠦᠨ᠎ᠡ᠃ ᠲᠠᠸᠠᠷ᠎ᠤᠨ ᠪᠣᠭᠣᠳᠠᠯ ᠪᠠᠭᠯᠠᠭ᠎ᠠ ᠵᠢᠷᠤᠵᠤ ᠲᠥᠯᠥᠪᠯᠡᠬᠦ᠂ ᠦᠢ᠍ᠯᠡᠳᠬᠦ ᠪᠠ ᠬᠡᠷᠡᠭᠯᠡᠬᠦ ᠵᠡᠷᠭᠡ ᠲᠠᠯ᠎ᠠ᠎ᠪᠠᠷ᠎ᠬᠢ ᠮᠡᠳᠡᠭᠡ ᠵᠠᠩᠭᠢ ᠵᠢᠨ ᠲᠡᠮᠳᠡᠭᠯᠡᠯ᠎ᠤᠨ ᠳᠠᠩᠰᠠ ᠡᠪᠬᠡᠮᠡᠯ᠎ᠢ ᠪᠠᠢ᠌ᠭᠤᠯᠵᠤ᠂ ᠲᠠᠸᠠᠷ ᠦᠢ᠍ᠯᠡᠳᠪᠦᠷᠢᠯᠡᠬᠦ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠪᠠᠢ᠌ᠭ᠋ᠠᠳ ᠳᠥᠭᠦᠮ ᠪᠣᠷᠣᠭᠵᠢᠭᠤᠨ ᠪᠥᠭᠡᠳ ᠪᠣᠬᠢᠷᠲᠤᠯ ᠦᠭᠡᠢ ᠪᠣᠭᠣᠳᠠᠯ ᠪᠠᠭᠯᠠᠭ᠎ᠠ ᠵᠢ ᠬᠡᠷᠡᠭᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠲᠠᠸᠠᠷ ᠦᠢ᠍ᠯᠡᠳᠪᠦᠷᠢᠯᠡᠬᠦ ᠠᠵᠤ ᠠᠬᠤᠢ᠌ᠯᠠᠯ᠎ᠢ ᠰᠢᠮᠳᠠᠭᠤᠯᠵᠤ ᠪᠠᠢ᠌ᠭ᠋ᠠᠳ ᠪᠠᠷᠢᠮᠵᠢᠶᠠᠵᠢᠭᠤᠯᠤᠯᠲᠠ ᠵᠢᠨ ᠬᠠᠤᠯᠢ ᠵᠢ ᠴᠢᠩᠭ᠎ᠠ ᠬᠡᠷᠡᠭᠵᠢᠭᠦᠯᠵᠦ᠂ ᠲᠡᠳᠡᠨ᠎ᠤ ᠭᠦᠢ᠍ᠴᠡᠳᠬᠡᠨ ᠬᠡᠷᠡᠭᠵᠢᠭᠦᠯᠵᠦ ᠪᠠᠢ᠌ᠭ᠎ᠠ ᠪᠣᠭᠣᠳᠠᠯ ᠪᠠᠭᠯᠠᠭ᠎ᠠ᠎ᠲᠠᠢ ᠬᠣᠯᠪᠣᠭᠳᠠᠬᠤ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ᠂ ᠲᠠᠨᠢᠯᠴᠠᠭᠤᠯᠬᠤ ᠴᠢᠨᠠᠷᠲᠠᠢ ᠪᠠᠷᠢᠮᠵᠢᠶ᠎ᠠ᠂ ᠪᠦᠯᠬᠦᠮ ᠨᠡᠢ᠌ᠲᠡ ᠵᠢᠨ ᠪᠠᠷᠢᠮᠵᠢᠶ᠎ᠠ ᠪᠤᠶᠤ ᠠᠵᠤ ᠠᠬᠤᠢ᠌ᠯᠠᠯ᠎ᠤᠨ ᠪᠠᠷᠢᠮᠵᠢᠶᠠᠨ᠎ᠤ ᠳ᠋ᠤᠭ᠋ᠠᠷᠯᠠᠯ ᠪᠠ ᠨᠡᠷᠡᠢ᠌ᠳᠦᠯ᠎ᠢ᠎ᠨᠢ ᠬᠠᠤᠯᠢ ᠶᠣᠰᠣᠭ᠋ᠠᠷ ᠢᠯᠡ ᠪᠣᠯᠭ᠋ᠠᠵᠤ᠂ ᠱᠠᠭ᠋ᠠᠷᠳᠠᠯᠭ᠎ᠠ ᠶᠣᠰᠣᠭ᠋ᠠᠷ ᠢᠯᠡ ᠪᠣᠯᠭ᠋ᠠᠭᠰᠠᠨ ᠦᠭᠡᠢ ᠪᠤᠶᠤ ᠪᠦᠲᠦᠭᠡᠭᠳᠡᠬᠦᠨ᠎ᠨᠢ ᠪᠠᠷᠢᠮᠵᠢᠶ᠎ᠠ ᠱᠠᠭ᠋ᠠᠷᠳᠠᠯᠭ᠎ᠠ᠎ᠳᠤ ᠥᠯᠥ ᠨᠡᠢ᠌ᠴᠡᠭᠰᠡᠨ ᠠᠵᠤ ᠠᠬᠤᠢ᠌ᠯᠠᠯ᠎ᠠᠴᠠ ᠬᠠᠤᠯᠢ ᠶᠣᠰᠣᠭ᠋ᠠᠷ ᠬᠠᠷᠢᠭᠤᠴᠠᠯᠭ᠎ᠠ ᠨᠡᠬᠡᠮᠵᠢᠯᠡᠨ᠎ᠡ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠡᠮᠴᠢᠯᠡᠭᠡᠨ᠎ᠤ ᠪᠠᠢ᠌ᠭᠤᠯᠤᠮᠵᠢ᠂ ᠡᠮ᠎ᠤᠨ ᠵᠦᠢ᠍ᠯ ᠦᠢ᠍ᠯᠡᠳᠪᠦᠷᠢᠯᠡᠬᠦ ᠠᠵᠤ ᠠᠬᠤᠢ᠌ᠯᠠᠯ᠎ᠳᠠᠬᠢ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ ᠵᠢᠨ ᠤᠬᠠᠭᠤᠯᠤᠨ ᠲᠤᠭᠤᠰᠢᠯᠠᠭᠤᠯᠬᠤ ᠠᠵᠢᠯ᠎ᠢ ᠴᠢᠩᠭ᠋ᠠᠳᠬᠠᠵᠤ᠂ ᠡᠮᠴᠢᠯᠡᠭᠡᠨ᠎ᠤ ᠪᠠᠢ᠌ᠭᠤᠯᠤᠮᠵᠢ ᠵᠢ ᠵᠣᠬᠢᠶᠠᠨ ᠪᠠᠢ᠌ᠭᠤᠯᠵᠤ ᠪᠠᠢ᠌ᠭ᠋ᠠᠳ ᠡᠭᠦᠳᠡᠨ ᠡᠮᠨᠡᠯᠭᠡ᠂ ᠡᠮᠨᠡᠯᠭᠡ᠎ᠳᠤ ᠰᠠᠭᠤᠬᠤ ᠪᠠ ᠤᠵᠢᠭ ᠡᠪᠡᠳᠴᠢᠨ ᠵᠡᠷᠭᠡ ᠠᠳᠠᠯᠢ ᠪᠤᠰᠤ ᠠᠬᠤᠢ ᠪᠠᠢ᠌ᠳᠠᠯ ᠪᠠ ᠲᠥᠷᠥᠯ ᠬᠡᠯᠪᠡᠷᠢ᠎ᠳᠤ ᠬᠠᠨᠳᠤᠭᠤᠯᠤᠨ ᠪᠣᠳᠠᠲᠠᠢ᠎ᠳᠤ ᠨᠡᠢ᠌ᠴᠡᠭᠰᠡᠨ ᠡᠮ᠎ᠤᠨ ᠵᠦᠢ᠍ᠯ᠎ᠤᠨ ᠪᠣᠭᠣᠳᠠᠯ ᠪᠠᠭᠯᠠᠭ᠎ᠠ ᠵᠢᠨ ᠬᠡᠪ ᠪᠠᠷᠢᠮᠵᠢᠶᠠᠨ᠎ᠤ ᠱᠠᠭ᠋ᠠᠷᠳᠠᠯᠭ᠎ᠠ ᠵᠢ ᠳᠤᠷᠠᠳᠤᠨ ᠭᠠᠷᠭ᠋ᠠᠵᠤ᠂ ᠡᠮ᠎ᠤᠨ ᠵᠦᠢ᠍ᠯ ᠦᠢ᠍ᠯᠡᠳᠪᠦᠷᠢᠯᠡᠬᠦ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠪᠠᠢ᠌ᠭ᠋ᠠᠳ ᠡᠮ᠎ᠤᠨ ᠵᠦᠢ᠍ᠯ᠎ᠤᠨ ᠪᠣᠭᠣᠳᠠᠯ ᠪᠠᠭᠯᠠᠭ᠎ᠠ ᠵᠢᠨ ᠬᠡᠪ ᠪᠠᠷᠢᠮᠵᠢᠶ᠎ᠠ ᠵᠢ ᠰᠢᠯᠢᠳᠡᠭᠵᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠡᠷᠡᠭᠦᠯ ᠬᠠᠮᠠᠭ᠋ᠠᠯᠠᠯ ᠪᠠ ᠡᠷᠡᠭᠦᠯ ᠮᠡᠨᠳᠦ ᠵᠢᠨ ᠵᠥᠪᠯᠡᠯ᠂ ᠡᠮ᠎ᠤᠨ ᠵᠦᠢ᠍ᠯ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠭᠤᠷᠪᠠ) ᠬᠡᠲᠦ ᠪᠣᠭᠣᠳᠠᠯᠯᠠᠵᠤ ᠪᠠᠭᠯᠠᠭᠰᠠᠨ ᠲᠠᠸᠠᠷ᠎ᠢ ᠪᠣᠷᠣᠯᠠᠭᠤᠯᠤᠨ ᠬᠤᠳᠠᠯᠳᠤᠬᠤ᠎ᠠᠴᠠ ᠵᠠᠢ᠌ᠯᠠᠰᠬᠢᠨ᠎ᠡ᠃ ᠪᠣᠷᠣᠯᠠᠭᠤᠯᠤᠨ ᠬᠤᠳᠠᠯᠳᠤᠬᠤ ᠭᠣᠭᠴᠣᠭ᠋ᠠᠨ᠎ᠳᠠᠬᠢ ᠲᠠᠸᠠᠷ ᠬᠡᠲᠦ ᠪᠣᠭᠣᠳᠠᠯᠯᠠᠵᠤ ᠪᠠᠭᠯᠠᠬᠤ ᠦᠢ᠍ᠯᠡ ᠵᠢ ᠬᠢᠨᠠᠨ ᠪᠠᠢ᠌ᠴᠠᠭ᠋ᠠᠬᠤ᠎ᠪᠠᠨ ᠴᠢᠩᠭ᠋ᠠᠳᠬᠠᠵᠤ᠂ ᠬᠡᠲᠦ ᠪᠣᠭᠣᠳᠠᠯᠯᠠᠵᠤ ᠪᠠᠭᠯᠠᠭᠰᠠᠨ ᠲᠠᠸᠠᠷ᠎ᠢ ᠬᠠᠤᠯᠢ᠎ᠠᠴᠠ ᠵᠥᠷᠢᠴᠡᠨ ᠪᠣᠷᠣᠯᠠᠭᠤᠯᠵᠤ ᠬᠤᠳᠠᠯᠳᠤᠭᠰᠠᠨ ᠦᠢ᠍ᠯᠡ ᠠᠵᠢᠯᠯᠠᠭ᠎ᠠ ᠵᠢ ᠬᠠᠤᠯᠢ ᠲᠣᠭᠲᠠᠭ᠋ᠠᠯ ᠶᠣᠰᠣᠭ᠋ᠠᠷ ᠰᠢᠢ᠍ᠳᠬᠡᠵᠦ ᠲᠣᠷᠭ᠋ᠠᠨ᠎ᠠ᠃ ᠲᠠᠸᠠᠷ ᠪᠣᠷᠣᠯᠠᠭᠤᠯᠤᠭᠴᠢ ᠬᠢᠭᠡᠳ ᠲᠠᠸᠠᠷ ᠦᠢ᠍ᠯᠡᠳᠪᠦᠷᠢᠯᠡᠬᠦ ᠠᠵᠤ ᠠᠬᠤᠢ᠌ᠯᠠᠯ᠎ᠤᠨ ᠳᠡᠭᠡᠳᠦ ᠳᠣᠣᠷᠠᠳᠤ ᠬᠡᠯᠬᠢᠶ᠎ᠡ᠎ᠪᠠᠷ ᠵᠶ᠋ᠠᠨ ᠬᠠᠮᠵᠢᠯᠴᠠᠨ ᠪᠠᠢ᠌ᠵᠤ ᠪᠣᠬᠢᠷᠳᠤᠯ ᠦᠭᠡᠢ᠂ ᠳᠥᠭᠦᠮ ᠪᠣᠷᠣᠭᠵᠢᠭᠤᠨ ᠵᠶ᠋ᠠᠷ ᠪᠣᠭᠣᠳᠠᠯᠯᠠᠵᠤ ᠪᠠᠭᠯᠠᠬᠤ ᠱᠠᠭ᠋ᠠᠷᠳᠠᠯᠭ᠎ᠠ ᠵᠢ ᠨᠠᠢ᠌ᠳᠠᠪᠤᠷᠢᠵᠢᠭᠤᠯᠬᠤ᠎ᠳᠤᠨᠢ ᠵᠣᠷᠢᠭᠵᠢᠭᠤᠯᠤᠯ ᠦᠵᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠡᠯᠧᠺᠲᠷᠣᠨ ᠬᠤᠳᠠᠯᠳᠤᠭ᠋ᠠᠨ᠎ᠤ ᠠᠵᠤ ᠠᠬᠤᠢ᠌ᠯᠠᠯ᠎ᠢ ᠰᠢᠮᠳᠠᠭᠤᠯᠵᠤ ᠪᠠᠢ᠌ᠭ᠋ᠠᠳ ᠡᠵᠡᠩᠨᠡᠭᠴᠢᠳ᠎ᠲᠤ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠬᠠᠮᠢᠶ᠎ᠠ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠ ᠪᠠᠷᠢᠮᠵᠢᠶ᠎ᠠ ᠵᠢ ᠤᠯᠠᠮ ᠨᠢᠭᠡ ᠠᠯᠬᠤᠮ ᠤᠬᠠᠭᠤᠯᠵᠤ᠂ ᠰᠦᠯᠵᠢᠶᠡᠨ᠎ᠳᠠᠬᠢ ᠪᠠ ᠰᠦᠯᠵᠢᠶᠡᠨ᠎ᠠᠴᠠ ᠭᠠᠳᠠᠭᠤᠷᠬᠢ ᠱᠠᠭ᠋ᠠᠷᠳᠠᠯᠭ᠎ᠠ ᠨᠢᠭᠡᠳᠦᠯᠲᠡᠢ ᠪᠠᠢ᠌ᠬᠤ ᠵᠢ ᠠᠬᠢᠭᠤᠯᠤᠨ ᠪᠡᠶᠡᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠮᠧᠢ ᠲᠤᠸᠠᠨ ᠵᠡᠷᠭᠡ ᠭᠠᠳᠠᠭᠰᠢ᠎ᠪᠠᠨ ᠬᠤᠳᠠᠯᠳᠤᠬᠤ ᠲᠠᠪᠴᠠᠩ᠎ᠢ ᠰᠢᠮᠳᠠᠭᠤᠯᠵᠤ ᠪᠠᠢ᠌ᠭ᠋ᠠᠳ ᠲᠠᠪᠴᠠᠩ᠎ᠤᠨ ᠳᠦᠷᠢᠮ ᠵᠶ᠋ᠡᠨ ᠲᠡᠭᠦᠯᠳᠡᠷᠵᠢᠭᠦᠯᠦᠨ᠂ 《ᠬᠣᠭᠣᠯᠠᠨ᠎ᠤ ᠰᠠᠪᠠ ᠬᠡᠷᠡᠭᠰᠡᠯ ᠦᠯᠦ ᠬᠡᠷᠡᠭᠰᠡᠬᠦ》 ᠰᠣᠩᠭᠣᠯᠲᠠ ᠵᠢ ᠲᠣᠬᠢᠷᠠᠭᠤᠯᠤᠨ ᠨᠡᠭᠡᠭᠡᠨ᠎ᠡ᠃ (ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ ᠬᠠᠷᠢᠭᠤᠴᠠᠨ᠎ᠠ) ᠢᠳᠡᠭᠡᠨ ᠤᠮᠳᠠᠭ᠋ᠠᠨ ᠡᠵᠡᠩᠨᠡᠭᠴᠢᠳ᠎ᠢ ᠰᠢᠮᠳᠠᠭᠤᠯᠤᠨ ᠵᠢᠯᠤᠭᠣᠳᠴᠤ ᠪᠠᠢ᠌ᠭ᠋ᠠᠳ ᠭᠠᠳᠠᠭᠰᠢ᠎ᠪᠠᠨ ᠬᠤᠳᠠᠯᠳᠤᠬᠤ ᠪᠣᠭᠣᠳᠠᠯ ᠪᠠᠭᠯᠠᠭ᠎ᠠ ᠵᠢᠨ ᠲᠦᠷᠦᠯ ᠬᠡᠯᠪᠡᠷᠢ ᠵᠢ᠎ᠨᠢ ᠲᠣᠳᠣᠷᠬᠠᠢ ᠲᠣᠭᠲᠠᠭ᠋ᠠᠯᠭ᠋ᠠᠬᠤ ᠵᠢᠨ ᠬᠠᠮᠲᠤ ᠬᠠᠤᠯᠢ ᠶᠣᠰᠣᠭ᠋ᠠᠷ ᠦᠨ᠎ᠡ ᠬᠠᠩᠰᠢ ᠵᠢ᠎ᠨᠢ ᠢᠯᠡ ᠬᠠᠳᠠᠭᠤᠯᠤᠨᠠ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠳᠥᠷᠪᠡ) ᠲᠠᠸᠠᠷ᠎ᠢ ᠲᠤᠰᠢᠶᠠᠨ ᠥᠭᠬᠦ ᠭᠣᠭᠴᠣᠭ᠋ᠠᠨ᠎ᠳᠠᠬᠢ ᠪᠣᠭᠣᠳᠠᠯ ᠪᠠᠭᠯᠠᠭ᠎ᠠ ᠵᠢᠨ ᠬᠡᠮᠵᠢᠶ᠎ᠡ ᠵᠢ ᠪᠠᠭ᠋ᠠᠰᠬᠠᠬᠤ᠎ᠪᠠᠨ ᠠᠬᠢᠭᠤᠯᠤᠨ᠎ᠠ᠃ ᠢᠯᠡᠭᠡᠨ ᠬᠦᠷᠭᠡᠬᠦ ᠠᠵᠤ ᠠᠬᠤᠢ᠌ᠯᠠᠯ᠎ᠢ ᠰᠢᠮᠳᠠᠭᠤᠯᠤᠨ ᠵᠢᠯᠤᠭᠣᠳᠴᠤ ᠪᠠᠢ᠌ᠭ᠋ᠠᠳ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢᠨ ᠠᠵᠢᠯᠯᠠᠭ᠋ᠠᠨ᠎ᠤ ᠵᠢᠷᠤᠮᠵᠢᠯ᠎ᠢ᠎ᠨᠢ ᠪᠠᠢ᠌ᠭᠤᠯᠤᠨ ᠪᠦᠷᠢᠨᠰᠢᠭᠦᠯᠵᠦ᠂ ᠠᠵᠢᠯ ᠡᠷᠬᠢᠯᠡᠭᠰᠡᠳ᠎ᠲᠤ ᠪᠣᠭᠣᠳᠠᠯᠯᠠᠵᠤ ᠪᠠᠭᠯᠠᠬᠤ ᠲᠠᠯ᠎ᠠ᠎ᠪᠠᠷ᠎ᠬᠢ ᠵᠢᠷᠣᠮᠵᠢᠭᠣᠨ ᠪᠣᠯᠪᠠᠰᠤᠷᠠᠯ ᠬᠦᠷᠲᠡᠭᠡᠬᠦ᠎ᠪᠠᠨ ᠴᠢᠩᠭ᠋ᠠᠳᠬᠠᠨ᠎ᠠ᠃ ᠢᠯᠡᠭᠡᠨ ᠬᠦᠷᠭᠡᠬᠦ ᠠᠵᠤ ᠠᠬᠤᠢ᠌ᠯᠠᠯ᠎ᠤᠨ ᠰᠢᠤᠳᠠᠨ᠎ᠤ ᠵᠦᠢ᠍ᠯ ᠲᠦᠷᠭᠡᠨ ᠢᠯᠡᠭᠡᠯᠲᠡ ᠵᠢᠨ ᠵᠦᠢ᠍ᠯ᠎ᠤᠨ ᠪᠣᠭᠣᠳᠠᠯ ᠪᠠᠭᠯᠠᠭ᠎ᠠ ᠵᠢᠨ ᠠᠵᠢᠯᠯᠠᠭ᠋ᠠᠨ᠎ᠤ ᠵᠢᠷᠤᠮᠵᠢᠯ᠎ᠢ ᠪᠦᠷᠢᠳᠬᠡᠨ ᠳᠠᠩᠰᠠᠯᠠᠵᠣ ᠬᠠᠮᠢᠶᠠᠷᠬᠤ ᠠᠵᠢᠯ᠎ᠢ ᠥᠷᠨᠢᠭᠦᠯᠦᠨ᠎ᠡ᠃ ᠢᠯᠡᠭᠡᠨ ᠬᠦᠷᠭᠡᠬᠦ ᠠᠵᠤ ᠠᠬᠤᠢ᠌ᠯᠠᠯ᠎ᠤᠨ ᠤᠷᠴᠢᠯᠳᠤᠭᠤᠯᠤᠨ ᠬᠡᠷᠡᠭᠯᠡᠵᠦ ᠪᠣᠯᠬᠣ᠂ ᠡᠭᠡᠭᠦᠯᠦᠨ ᠬᠤᠷᠢᠶᠠᠬᠤ᠎ᠳᠤ ᠳᠥᠭᠦᠮ᠂ ᠵᠠᠳᠠᠷᠠᠮᠠᠬᠠᠢ ᠣᠷᠣᠯᠠᠬᠤ ᠪᠣᠭᠣᠳᠠᠯ ᠪᠠᠭᠯᠠᠭ᠎ᠠ ᠵᠢᠨ ᠪᠦᠲᠦᠭᠡᠭᠳᠡᠬᠦᠨ ᠬᠡᠷᠡᠭᠯᠡᠬᠦ ᠵᠢ᠎ᠨᠢ ᠵᠣᠷᠢᠭᠵᠢᠭᠤᠯᠵᠤ᠂ ᠬᠦᠨᠳᠦᠴᠡ ᠪᠠᠭ᠋ᠠᠲᠠᠢ ᠳᠠᠭ᠋ᠠᠭ᠋ᠠᠴᠠ ᠶᠡᠬᠡᠲᠡᠢ ᠲᠦᠷᠭᠡᠨ ᠢᠯᠡᠭᠡᠯᠲᠡ ᠵᠢᠨ ᠪᠣᠭᠣᠳᠠᠯ ᠪᠠᠨᠨᠯᠠᠭ᠋ᠠᠲᠤ ᠴᠠᠭ᠋ᠠᠰᠤᠨ ᠬᠠᠢ᠌ᠷᠴᠠᠭ᠂ ᠴᠠᠪᠠᠤ ᠦᠭᠡᠢ ᠴᠠᠭ᠋ᠠᠰᠤᠨ ᠬᠠᠢ᠌ᠷᠴᠠᠭ᠎ᠢ ᠳᠡᠯᠭᠡᠷᠡᠭᠦᠯᠬᠦ ᠡᠷᠴᠢᠮ ᠵᠶ᠋ᠡᠨ ᠴᠢᠩᠭ᠋ᠠᠷᠠᠭᠤᠯᠵᠤ᠂ ᠰᠦᠯᠢᠶᠥᠦ ᠴᠢᠭᠵᠢᠶᠡᠰᠦ ᠵᠢᠨ ᠵᠦᠢ᠍ᠯ᠎ᠢ ᠬᠡᠷᠡᠭᠯᠡᠬᠦ ᠵᠢ᠎ᠨᠢ ᠪᠠᠭ᠋ᠠᠰᠬᠠᠨ᠎ᠠ᠃ (ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢᠨ ᠪᠣᠬᠢᠷᠳᠤᠯ ᠦᠭᠡᠢ ᠪᠦᠲᠦᠭᠡᠭᠳᠡᠬᠦᠨ᠎ᠤ ᠭᠡᠷᠡᠴᠢᠯᠡᠭᠡ ᠵᠢᠨ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠠᠵᠢᠯ ᠲᠥᠷᠥᠯ᠎ᠤᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠲᠠᠢ ᠬᠠᠮᠵᠢᠯᠴᠠᠨ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢᠨ ᠪᠣᠬᠢᠷᠳᠤᠯ ᠦᠭᠡᠢ ᠪᠦᠲᠦᠭᠡᠭᠳᠡᠬᠦᠨ᠎ᠤ ᠭᠡᠷᠡᠴᠢᠯᠡᠭᠡ ᠬᠢᠬᠦ ᠵᠢ ᠠᠬᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠬᠠᠷᠢᠭᠤᠴᠠᠨ᠎ᠠ) ᠢᠯᠡᠭᠡᠨ ᠬᠦᠷᠭᠡᠬᠦ ᠠᠵᠤ ᠠᠬᠤᠢ᠌ᠯᠠᠯ᠎ᠢ ᠵᠣᠷᠢᠭᠵᠢᠭᠤᠯᠵᠤ ᠪᠠᠢ᠌ᠭ᠋ᠠᠳ ᠪᠣᠬᠢᠷᠳᠤᠯ ᠦᠭᠡᠢ ᠭᠡᠷᠡᠴᠢᠯᠡᠭᠡ᠎ᠪᠠᠷ ᠪᠠᠲᠤᠯᠠᠭᠳᠠᠭᠰᠠᠨ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢᠨ ᠪᠦᠲᠦᠭᠡᠭᠳᠡᠬᠦᠨ᠎ᠢ ᠤᠷᠢᠳ ᠵᠶ᠋ᠠᠷ ᠬᠤᠳᠠᠯᠳᠤᠨ ᠠᠪᠴᠤ ᠬᠡᠷᠡᠭᠯᠡᠭᠦᠯᠦᠨ᠎ᠡ᠃ (ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ ᠬᠠᠷᠢᠭᠤᠴᠠᠨ᠎ᠠ) ᠡᠯᠧᠺᠲᠷᠣᠨ ᠬᠤᠳᠠᠯᠳᠤᠭ᠋ᠠᠨ᠎ᠤ ᠲᠠᠪᠴᠠᠩᠲᠤ ᠠᠵᠤ ᠠᠬᠤᠢ᠌ᠯᠠᠯ᠎ᠢ ᠦᠷᠭᠦᠯᠵᠢᠯᠡᠨ ᠬᠥᠲᠥᠯᠥᠨ ᠵᠢᠯᠤᠭᠣᠳᠴᠤ ᠪᠠᠢ᠌ᠭ᠋ᠠᠳ ᠪᠣᠭᠣᠳᠠᠯᠯᠠᠵᠤ ᠪᠠᠭᠯᠠᠬᠤ ᠭᠣᠭᠴᠣᠭ᠋ᠠᠨ᠎ᠳᠤ ᠪᠠᠷᠢᠮᠵᠢᠶᠠᠵᠢᠭᠤᠯᠤᠨ ᠠᠵᠢᠯᠯᠠᠭᠤᠯᠵᠤ᠂ ᠬᠣᠪᠠᠨᠴᠢᠷ ᠲᠠᠢ᠌ᠫ ᠬᠡᠷᠡᠭᠯᠡᠬᠦ ᠵᠢ ᠪᠠᠭ᠋ᠠᠰᠬᠠᠵᠤ᠂ ᠬᠠᠭ᠋ᠠᠷᠠᠵᠤ ᠬᠡᠮᠬᠡᠷᠡᠬᠦ ᠵᠦᠢ᠍ᠯ᠎ᠠᠴᠠ ᠪᠤᠰᠤᠳ᠎ᠢ ᠳᠠᠬᠢᠵᠤ ᠬᠣᠶᠠᠳᠠᠭᠢ ᠤᠳᠠᠭ᠎ᠠ ᠪᠣᠭᠣᠳᠠᠯᠯᠠᠨ ᠪᠠᠭᠯᠠᠬᠤ ᠦᠭᠡᠢ ᠪᠣᠯᠭ᠋ᠠᠨ᠎ᠠ᠃ (ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ ᠬᠠᠷᠢᠭᠤᠴᠠᠨ᠎ᠠ) ᠡᠯᠧᠺᠲᠷᠣᠨ ᠬᠤᠳᠠᠯᠳᠤᠭ᠋ᠠᠨ᠎ᠤ ᠠᠵᠤ ᠠᠬᠤᠢ᠌ᠯᠠᠯ ᠬᠢᠭᠡᠳ ᠢᠯᠡᠭᠡᠨ ᠬᠦᠷᠭᠡᠬᠦ᠂ ᠦᠢ᠍ᠯᠡᠳᠪᠦᠷᠢᠯᠡᠬᠦ ᠠᠵᠤ ᠠᠬᠤᠢ᠌ᠯᠠᠯ ᠵᠡᠷᠭᠡ ᠵᠢᠨ ᠳᠡᠭᠡᠳᠦ ᠳᠣᠣᠷᠠᠳᠤ ᠬᠡᠯᠬᠢᠶ᠎ᠡ᠎ᠪᠠᠷ ᠵᠶ᠋ᠠᠨ ᠬᠠᠮᠵᠢᠯᠴᠠᠬᠤ ᠵᠢ ᠦᠷᠭᠦᠯᠵᠢᠯᠡᠨ ᠠᠬᠢᠭᠤᠯᠵᠤ᠂ ᠪᠦᠲᠦᠭᠡᠭᠳᠡᠬᠦᠨ᠎ᠤ ᠪᠣᠭᠣᠳᠠᠯ ᠪᠠᠭᠯᠠᠭ᠎ᠠ᠂ ᠪᠣᠷᠣᠯᠠᠭᠤᠯᠤᠯᠲᠠ ᠵᠢᠨ ᠪᠣᠭᠣᠳᠠᠯ ᠪᠠᠭᠯᠠᠭ᠎ᠠ ᠪᠠ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢ ᠨᠢᠭᠡ ᠴᠣᠭᠴᠠᠵᠢᠭᠤᠯᠬᠤ ᠵᠢ ᠠᠬᠢᠭᠤᠯᠤᠨ᠂ ᠡᠯᠧᠺᠲᠷᠣᠨ ᠬᠤᠳᠠᠯᠳᠤᠭ᠋ᠠᠨ᠎ᠤ ᠲᠦᠷᠭᠡᠨ ᠢᠯᠡᠭᠡᠯᠲᠡ ᠵᠢᠨ ᠵᠦᠢ᠍ᠯ᠎ᠢ ᠤᠤᠯ ᠪᠣᠭᠣᠳᠠᠯ ᠪᠠᠭᠯᠠᠭᠠᠪᠠᠷᠨᠢ ᠰᠢᠭᠤᠳ ᠶᠠᠪᠤᠭᠤᠯᠬᠤ᠂ ᠳᠡᠭᠡᠳᠦ ᠬᠡᠯᠬᠢᠶ᠎ᠡ ᠲᠡᠢ᠌ᠰᠢ᠎ᠪᠠᠨ ᠤᠷᠢᠳᠠᠴᠢ ᠪᠣᠭᠣᠳᠠᠯᠯᠠᠵᠤ ᠪᠠᠭᠯᠠᠬᠤ ᠦᠢ᠍ᠯᠡᠴᠢᠯᠡᠭᠡᠨ ᠬᠠᠩᠭ᠋ᠠᠬᠤ ᠵᠡᠷᠭᠡ ᠠᠷᠭ᠎ᠠ ᠮᠠᠶᠢᠭ᠎ᠢ ᠳᠡᠯᠭᠡᠷᠡᠭᠦᠯᠦᠨ᠎ᠡ᠃ ᠢᠯᠡᠭᠡᠨ ᠬᠦᠷᠭᠡᠬᠦ ᠠᠵᠤ ᠠᠬᠤᠢ᠌ᠯᠠᠯ ᠬᠢᠭᠡᠳ ᠡᠯᠧᠺᠲᠷᠣᠨ ᠬᠤᠳᠠᠯᠳᠤᠭ᠋ᠠᠨ᠎ᠤ ᠲᠠᠪᠴᠠᠩ᠎ᠤᠨ ᠬᠠᠮᠵᠢᠯᠴᠠᠭ᠎ᠠ ᠵᠢ ᠵᠣᠷᠢᠭᠵᠢᠭᠤᠯᠤᠨ᠂ ᠬᠡᠷᠡᠭᠯᠡᠭᠴᠢᠳ᠎ᠲᠤ ᠪᠣᠬᠢᠷᠳᠤᠯ ᠦᠭᠡᠢ ᠪᠣᠭᠣᠳᠠᠯ ᠪᠠᠨᠨᠯᠠᠭ᠋ᠠᠲᠤ ᠪᠦᠲᠦᠭᠡᠭᠳᠡᠬᠦᠨ᠎ᠤ ᠰᠣᠩᠭᠣᠯᠲᠠ ᠵᠢ ᠴᠤᠭᠭ᠋ᠠᠷ ᠬᠠᠩᠭ᠋ᠠᠬᠤ ᠵᠢᠨ ᠬᠠᠮᠲᠤ᠂ ᠨᠡᠢ᠌ᠲᠡ ᠬᠤᠪᠢ᠎ᠪᠠᠷ ᠤᠷᠮᠠᠰᠢᠭᠤᠯᠬᠤ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ ᠬᠥᠲᠥᠯᠥᠨ ᠵᠢᠯᠤᠭᠣᠳᠴᠤ ᠬᠡᠷᠡᠭᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠥᠪᠥᠷ ᠮᠣᠩᠭᠣᠯ᠎ᠤᠨ ᠰᠢᠤᠳᠠᠨ᠎ᠤ ᠶᠠᠪᠤᠳᠠᠯ᠎ᠤᠨ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠲᠠᠪᠤ) ᠪᠣᠭᠣᠳᠠᠯ ᠪᠠᠭᠯᠠᠭ᠎ᠠ ᠵᠢᠨ ᠬᠠᠶᠠᠭᠳᠠᠮᠠᠯ ᠪᠣᠳᠠᠰ᠎ᠢ ᠡᠭᠡᠭᠦᠯᠦᠨ ᠬᠤᠷᠢᠶᠠᠬᠤ ᠪᠠ ᠰᠢᠢ᠍ᠳᠪᠦᠷᠢᠯᠡᠬᠦ ᠵᠢ ᠴᠢᠩᠭ᠋ᠠᠳᠬᠠᠨ᠎ᠠ᠃ ᠵᠠᠬ᠎ᠠ ᠳᠡᠯᠭᠡᠭᠦᠷᠴᠢᠯᠡᠭᠰᠡᠨ ᠬᠤᠳᠠᠯᠳᠤᠭ᠋ᠠᠴᠢᠨ ᠤᠷᠢᠬᠤ ᠵᠡᠷᠭᠡ ᠠᠷᠭ᠎ᠠ ᠮᠠᠶᠢᠭ ᠵᠶ᠋ᠠᠷ ᠲᠤᠰᠬᠠᠢ᠌ᠵᠢᠭᠰᠠᠨ ᠡᠭᠡᠭᠦᠯᠦᠨ ᠬᠤᠷᠢᠶᠠᠬᠤ ᠠᠵᠤ ᠠᠬᠤᠢ᠌ᠯᠠᠯ᠎ᠤᠳ᠎ᠢ ᠲᠠᠲᠠᠨ ᠣᠷᠣᠭᠤᠯᠬᠤ ᠵᠢ ᠵᠣᠷᠢᠭᠵᠢᠭᠤᠯᠵᠤ᠂ ᠬᠣᠲᠠ ᠵᠢᠨ ᠨᠢᠭᠡ ᠮᠥᠴᠡ ᠵᠢᠨ ᠬᠡᠪᠴᠢᠶᠡᠨ᠎ᠳᠤ ᠭᠦᠢ᠍ᠴᠡᠳᠬᠡᠬᠦ ᠠᠷᠠᠳ᠎ᠲᠤ ᠳᠥᠭᠦᠮ ᠦᠵᠡᠭᠦᠯᠬᠦ ᠠᠵᠤ ᠠᠮᠢᠳᠤᠷᠠᠯ᠎ᠤᠨ ᠲᠣᠭᠣᠷᠢᠭ᠎ᠤᠨ ᠲᠤᠷᠰᠢᠯᠲᠠ ᠵᠢᠨ ᠴᠡᠭ᠎ᠤᠨ ᠪᠦᠲᠦᠭᠡᠨ ᠪᠠᠢ᠌ᠭᠤᠯᠤᠯᠲᠠ᠎ᠲᠠᠢ ᠤᠶᠠᠯᠳᠤᠭᠤᠯᠤᠨ᠂ ᠳᠠᠬᠢᠯᠲᠠ ᠡᠬᠢ ᠪᠠᠶᠠᠯᠢᠭ᠎ᠢ ᠡᠭᠡᠭᠦᠯᠦᠨ ᠬᠤᠷᠢᠶᠠᠬᠤ ᠴᠡᠭ᠎ᠤᠨ ᠨᠡᠢ᠌ᠭᠡᠮ ᠲᠣᠭᠣᠷᠢᠭ᠎ᠲᠤ ᠣᠷᠣᠵᠤ ᠪᠣᠭᠣᠳᠠᠯ ᠪᠠᠭᠯᠠᠭ᠎ᠠ ᠵᠢᠨ ᠬᠠᠶᠠᠭᠳᠠᠮᠠᠯ ᠪᠣᠳᠠᠰ᠎ᠤᠳ᠎ᠢ ᠡᠭᠡᠭᠦᠯᠦᠨ ᠬᠤᠷᠢᠶᠠᠬᠤ ᠵᠢ ᠵᠣᠷᠢᠭᠵᠢᠭᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠳᠠᠬᠢᠯᠲᠠ ᠡᠬᠢ ᠪᠠᠶᠠᠯᠢᠭ᠎ᠢ ᠡᠭᠡᠭᠦᠯᠦᠨ ᠬᠤᠷᠢᠶᠠᠬᠤ ᠭᠣᠣᠯᠳᠠᠯᠭ᠎ᠠ ᠪᠣᠯᠬᠣ ᠬᠠᠷᠢᠯᠴᠠᠬᠤ ᠠᠵᠤ ᠠᠬᠤᠢ᠌ᠯᠠᠯ᠎ᠲᠠᠢ ᠨᠡᠪᠲᠡᠷᠡᠯᠴᠡᠬᠦ ᠲᠣᠭᠲᠠᠴᠠ ᠵᠢ ᠪᠠᠢ᠌ᠭᠤᠯᠵᠤ᠂ ᠠᠵᠢᠯ ᠲᠥᠷᠥᠯ᠎ᠤᠨ ᠣᠳᠣᠬᠢ ᠪᠠᠢ᠌ᠳᠠᠯ᠎ᠢ ᠮᠥᠷᠳᠡᠨ ᠵᠠᠳᠠᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠠᠮᠢᠳᠤᠷᠠᠯ᠎ᠤᠨ ᠬᠣᠭ ᠨᠣᠪᠰᠢ ᠵᠢᠨ ᠲᠥᠷᠥᠯ ᠬᠤᠪᠢᠶᠠᠬᠤ ᠠᠵᠢᠯ᠎ᠢ ᠠᠬᠢᠭᠤᠯᠤᠨ᠂ ᠠᠮᠢᠳᠤᠷᠠᠯ᠎ᠤᠨ ᠬᠣᠭ ᠨᠣᠪᠰᠢ ᠵᠢ ᠴᠡᠪᠡᠷᠯᠡᠨ ᠵᠥᠭᠡᠭᠡᠪᠦᠷᠢᠯᠡᠬᠦ ᠲᠣᠭᠲᠠᠯᠴᠠᠭ᠎ᠠ ᠵᠢ ᠪᠦᠷᠢᠨᠰᠢᠭᠦᠯᠵᠦ᠂ ᠠᠮᠢᠳᠤᠷᠠᠯ᠎ᠤᠨ ᠬᠣᠭ ᠨᠣᠪᠰᠢ ᠵᠢᠨ ᠡᠬᠢ ᠢᠷᠡᠯᠲᠡ᠎ᠠᠴᠠ᠎ᠨᠢ ᠲᠥᠷᠥᠯ ᠬᠤᠪᠢᠶᠠᠬᠤᠯᠤᠭᠠ ᠲᠣᠬᠢᠷᠠᠯᠴᠠᠭᠰᠠᠨ ᠲᠥᠷᠥᠯ ᠬᠤᠪᠢᠶᠠᠨ ᠴᠤᠭᠯᠠᠭᠤᠯᠬᠤ ᠪᠡᠯᠡᠳᠬᠡᠮᠵᠢ ᠪᠠ ᠲᠥᠷᠥᠯ ᠬᠤᠪᠢᠶᠠᠨ ᠵᠥᠭᠡᠭᠡᠪᠦᠷᠢᠯᠡᠬᠦ ᠲᠥᠬᠦᠭᠡᠷᠦᠮᠵᠢ ᠵᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠬᠠᠶᠠᠭᠳᠠᠮᠠᠯ ᠪᠣᠭᠣᠳᠠᠯᠯᠠᠵᠤ ᠪᠠᠭᠯᠠᠭᠰᠠᠨ ᠪᠣᠳᠠᠰ᠎ᠢ ᠡᠭᠡᠭᠦᠯᠦᠨ ᠬᠤᠷᠢᠶᠠᠵᠤ ᠴᠡᠪᠡᠷᠯᠡᠨ ᠵᠥᠭᠡᠭᠡᠪᠦᠷᠢᠯᠡᠬᠦ ᠬᠢᠷᠢ ᠲᠦᠪᠰᠢᠨ᠎ᠢ ᠳᠡᠭᠡᠭᠰᠢᠯᠡᠭᠦᠯᠣᠨ᠎ᠡ᠃ (ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠂ ᠡᠯ᠎ᠡ ᠠᠢ᠌ᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠠᠴᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠬᠣᠶᠠᠷ᠂ ᠬᠢᠨᠠᠨ ᠬᠠᠮᠢᠶᠠᠷᠴᠤ ᠬᠠᠤᠯᠢ ᠬᠡᠷᠡᠭᠵᠢᠭᠦᠯᠬᠦ ᠡᠷᠴᠢᠮ ᠵᠶ᠋ᠡᠨ ᠴᠢᠩᠭ᠋ᠠᠷᠠᠭᠤᠯᠤᠨ᠎ᠠ
(ᠵᠢᠷᠭᠤᠭ᠎ᠠ) ᠠᠵᠢᠯ ᠲᠦᠷᠦᠯ᠎ᠤᠨ ᠬᠠᠮᠢᠶᠠᠷᠤᠯᠲᠠ᠎ᠪᠠᠨ ᠴᠢᠩᠭ᠋ᠠᠳᠬᠠᠨ᠎ᠠ᠃ ᠲᠠᠸᠠᠷ ᠦᠢ᠍ᠯᠡᠳᠪᠦᠷᠢᠯᠡᠬᠦ᠂ ᠪᠣᠷᠣᠯᠠᠭᠤᠯᠬᠤ᠂ ᠲᠤᠰᠢᠶᠠᠨ ᠥᠭᠬᠦ ᠵᠡᠷᠭᠡ ᠭᠣᠭᠴᠣᠭ᠋ᠠᠨ᠎ᠳᠠᠬᠢ ᠡᠵᠡᠩᠨᠡᠭᠴᠢ ᠵᠢ ᠰᠢᠮᠳᠠᠭᠤᠯᠵᠤ ᠪᠠᠢ᠌ᠭ᠋ᠠᠳ ᠬᠡᠳᠤ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠬᠤ ᠬᠡᠷᠡᠭᠲᠡᠢ᠃ ᠲᠦᠷᠭᠡᠨ ᠢᠯᠡᠭᠡᠯᠲᠡ ᠵᠢᠨ ᠡᠯ᠎ᠡ ᠭᠣᠭᠴᠣᠭ᠋ᠠᠨ᠎ᠳᠠᠬᠢ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠬᠠᠤᠯᠢ ᠬᠡᠷᠡᠭᠵᠢᠭᠦᠯᠦᠯᠲᠡ ᠵᠢᠨ ᠪᠠᠢ᠌ᠴᠠᠭ᠋ᠠᠯᠲᠠ ᠵᠢᠨ ᠡᠷᠴᠢᠮ ᠵᠶ᠋ᠡᠨ ᠴᠢᠩᠭ᠋ᠠᠷᠠᠭᠤᠯᠤᠨ᠂ ᠬᠦᠨᠳᠦ ᠲᠡᠮᠦᠷᠯᠢᠭ ᠪᠠ ᠣᠨᠴᠠᠭ᠋ᠠᠢ ᠪᠣᠳᠠᠰ᠎ᠤᠨ ᠪᠠᠷᠢᠮᠵᠢᠶ᠎ᠠ᠎ᠠᠴᠠ ᠬᠡᠲᠦᠷᠡᠭᠰᠡᠨ ᠪᠣᠭᠣᠳᠠᠯᠯᠠᠵᠤ ᠪᠠᠭᠯᠠᠬᠤ ᠤᠭᠤᠲᠠ᠂ ᠬᠡᠲᠦ ᠪᠣᠭᠣᠳᠠᠯᠯᠠᠵᠤ ᠪᠠᠭᠯᠠᠬᠤ ᠪᠠ ᠲᠠᠪᠠ᠎ᠪᠠᠷ ᠪᠣᠭᠣᠳᠠᠯᠯᠠᠵᠤ ᠪᠠᠭᠯᠠᠬᠤ ᠬᠣᠶᠠᠷ ᠲᠤᠰᠬᠠᠢ ᠵᠠᠰᠠᠯᠲᠠ ᠵᠢ ᠦᠷᠭᠦᠯᠵᠢᠯᠡᠨ ᠥᠷᠨᠢᠭᠦᠯᠦᠨ᠎ᠡ᠃ ᠢᠯᠡᠭᠡᠨ ᠬᠦᠷᠭᠡᠬᠦ ᠠᠵᠤ ᠠᠬᠤᠢ᠌ᠯᠠᠯ᠎ᠤᠳ᠎ᠢ ᠰᠢᠮᠳᠠᠭᠤᠯᠵᠤ ᠪᠠᠢ᠌ᠭ᠋ᠠᠳ ᠵᠥᠪᠯᠡᠯᠴᠡᠭᠡᠷ ᠲᠣᠭᠲᠠᠭᠰᠠᠨ ᠬᠡᠷᠡᠭᠯᠡᠭᠴᠢ᠎ᠳᠤ ᠥᠪᠡᠰᠦᠪᠡᠨ ᠪᠣᠭᠣᠳᠠᠯ ᠪᠠᠭᠯᠠᠭ᠎ᠠ ᠪᠡᠯᠡᠳᠬᠡᠬᠦ ᠵᠢ ᠪᠢᠴᠢᠭ ᠵᠶ᠋ᠡᠷ ᠮᠡᠳᠡᠭᠳᠡᠬᠦ ᠡᠭᠦᠷᠭᠡ ᠵᠢ᠎ᠨᠢ ᠭᠦᠢ᠍ᠴᠡᠳᠬᠡᠯᠭᠡᠵᠦ᠂ ᠪᠣᠭᠣᠳᠠᠯ ᠪᠠᠭᠯᠠᠭ᠎ᠠ ᠵᠢᠨ ᠬᠡᠮᠵᠢᠶ᠎ᠡ ᠵᠢ᠎ᠨᠢ ᠪᠠᠭ᠋ᠠᠰᠬᠠᠬᠤ᠂ ᠪᠠᠷᠢᠮᠵᠢᠶᠠᠵᠢᠭᠤᠯᠬᠤ᠂ ᠤᠷᠴᠢᠯᠳᠤᠭᠤᠯᠬᠤ ᠵᠡᠷᠭᠡ ᠱᠠᠭ᠋ᠠᠷᠳᠠᠯᠭ᠎ᠠ ᠵᠢ ᠢᠯᠡᠭᠡᠯᠲᠡ ᠵᠢᠨ ᠵᠦᠢ᠍ᠯ᠎ᠢ ᠬᠦᠯᠢᠶᠡᠨ ᠠᠪᠬᠤ ᠦᠢ᠍ᠯᠡᠴᠢᠯᠡᠭᠡᠨ᠎ᠤ ᠵᠥᠪᠯᠡᠯᠴᠡᠭᠡᠷ᠎ᠲᠤ᠎ᠪᠠᠨ ᠣᠷᠤᠭᠤᠯᠬᠤ ᠵᠢ ᠠᠬᠢᠭᠤᠯᠤᠨ᠎ᠠ᠃ ᠡᠯᠧᠺᠲᠷᠣᠨ ᠬᠤᠳᠠᠯᠳᠤᠭ᠋ᠠᠨ᠎ᠤ ᠠᠵᠤ ᠠᠬᠤᠢ᠌ᠯᠠᠯ᠎ᠤᠳ᠎ᠢ ᠰᠢᠮᠳᠠᠭᠤᠯᠵᠤ ᠪᠠᠢ᠌ᠭ᠋ᠠᠳ ᠳᠠᠬᠢᠨ ᠳᠠᠪᠲᠠᠨ ᠬᠡᠷᠡᠭᠯᠡᠵᠦ ᠪᠣᠯᠬᠤ᠂ ᠡᠭᠡᠭᠦᠯᠦᠨ ᠬᠤᠷᠢᠶᠠᠵᠤ ᠠᠰᠢᠭᠯᠠᠬᠤ᠎ᠳᠤ ᠠᠮᠠᠷᠬᠠᠨ ᠪᠣᠭᠣᠳᠠᠯ ᠪᠠᠭᠯᠠᠭ᠎ᠠ ᠵᠢ ᠡᠩ ᠲᠡᠷᠢᠭᠦᠨ᠎ᠳᠤ ᠬᠡᠷᠡᠭᠯᠡᠭᠦᠯᠦᠨ᠂ ᠬᠦᠢ᠍ᠲᠡᠨ ᠬᠡᠯᠬᠢᠶᠡᠨ᠎ᠳᠤ ᠣᠷᠴᠢᠯᠳᠤᠭᠤᠯᠤᠨ ᠬᠡᠷᠡᠭᠯᠡᠵᠦ ᠪᠣᠯᠬᠤ ᠪᠣᠬᠢᠷᠳᠤᠯ ᠦᠭᠡᠢ ᠳᠠᠮᠵᠢᠭᠤᠯᠬᠤ ᠬᠠᠢ᠌ᠷᠴᠠᠭ᠎ᠢ ᠬᠡᠷᠡᠭᠯᠡᠭᠦᠯᠦᠨ᠎ᠡ᠃ ᠤᠯᠤᠰ᠎ᠤᠨ ᠬᠡᠳᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠵᠤ᠂ ᠤᠬᠠᠭᠤᠯᠭ᠎ᠠ ᠬᠢᠵᠦ ᠪᠣᠯᠪᠠᠰᠤᠷᠠᠯ ᠬᠦᠷᠲᠡᠭᠡᠬᠦ ᠡᠷᠴᠢᠮ ᠵᠶ᠋ᠡᠨ ᠴᠢᠩᠭ᠋ᠠᠷᠠᠭᠤᠯᠤᠨ᠂ ᠠᠵᠤ ᠠᠬᠤᠢ᠌ᠯᠠᠯ᠎ᠤᠳ᠎ᠢ ᠪᠣᠭᠣᠳᠠᠯ ᠪᠠᠭᠯᠠᠭ᠎ᠠ ᠵᠢᠨ ᠡᠵᠡᠯᠡᠬᠦᠨ ᠬᠦᠨᠳᠦᠴᠡ ᠵᠢ ᠪᠠᠭᠤᠷᠠᠭᠤᠯᠵᠤ᠂ ᠪᠣᠭᠣᠳᠠᠯᠯᠠᠵᠤ ᠪᠠᠭᠯᠠᠬᠤ ᠥᠪᠡᠷ᠎ᠤᠨ ᠦᠷᠲᠡᠭ ᠵᠶ᠋ᠠᠨ ᠠᠷᠪᠢᠯᠠᠭᠤᠯᠬᠤ᠎ᠪᠠᠷ ᠬᠥᠲᠥᠯᠥᠨ ᠵᠢᠯᠤᠭᠣᠳᠴᠤ᠂ ᠤᠯᠤᠰ᠎ᠤᠨ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠲᠥᠷᠥ ᠵᠢᠨ ᠪᠣᠳᠣᠯᠭ᠎ᠠ ᠵᠢ ᠦᠯᠦ ᠨᠠᠢ᠌ᠳᠠᠪᠤᠷᠢᠵᠢᠭᠤᠯᠤᠭᠰᠠᠨ ᠠᠵᠤ ᠠᠬᠤᠢ᠌ᠯᠠᠯ᠎ᠳᠤ ᠬᠠᠨᠳᠤᠭᠤᠯᠤᠨ ᠰᠠᠨᠠᠭᠤᠯᠤᠮᠵᠢ ᠥᠭᠬᠦ᠂ ᠰᠡᠷᠡᠮᠵᠢᠯᠡᠭᠦᠯᠭᠦ᠂ ᠪᠣᠯᠵᠣᠨ ᠬᠡᠯᠡᠯᠴᠡᠬᠦ ᠵᠡᠷᠭᠡ ᠵᠠᠰᠠᠭ ᠵᠠᠬᠢᠷᠭ᠋ᠠᠨ᠎ᠤ ᠵᠢᠯᠤᠭᠣᠳᠬᠤ ᠲᠣᠭᠲᠠᠴᠠ ᠵᠢ ᠠᠯᠬᠤᠮ ᠠᠯᠬᠤᠮ ᠵᠶ᠋ᠠᠷ ᠪᠠᠢ᠌ᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠦᠢ᠍ᠯᠡᠳᠪᠦᠷᠢᠯᠡᠯ᠎ᠤᠨ ᠭᠣᠣᠯ ᠴᠣᠭᠴᠠ ᠵᠢ ᠬᠥᠲᠥᠯᠥᠨ ᠵᠢᠯᠤᠭᠣᠳᠴᠤ ᠪᠠᠢ᠌ᠭ᠋ᠠᠳ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠱᠠᠭ᠋ᠠᠷᠳᠠᠯᠭ᠎ᠠ ᠵᠢ ᠨᠠᠢ᠌ᠳᠠᠪᠤᠷᠢᠵᠢᠭᠤᠯᠤᠨ᠂ ᠬᠠᠮᠢᠶ᠎ᠠ ᠪᠦᠬᠦᠢ ᠪᠠᠷᠢᠮᠵᠢᠶ᠎ᠠ ᠵᠢ ᠤᠬᠠᠭᠤᠯᠬᠤ ᠡᠷᠴᠢᠮ ᠵᠶ᠋ᠠᠨ ᠴᠢᠩᠭ᠋ᠠᠷᠠᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ ᠬᠠᠷᠢᠭᠤᠴᠠᠨ᠎ᠠ)
(ᠳᠣᠯᠣᠭ᠎ᠠ) ᠬᠠᠤᠯᠢ ᠬᠡᠷᠡᠭᠵᠢᠭᠦᠯᠦᠯᠲᠡ᠎ᠳᠤ ᠬᠢᠨᠠᠯᠲᠠ ᠲᠠᠯᠪᠢᠬᠤ᠎ᠪᠠᠨ ᠴᠢᠩᠭ᠋ᠠᠷᠠᠭᠤᠯᠤᠨ᠎ᠠ᠃ ᠦᠨᠳᠦᠰᠦᠨ ᠱᠠᠲᠤᠨ᠎ᠤ ᠬᠠᠤᠯᠢ ᠬᠡᠷᠡᠭᠵᠢᠭᠦᠯᠦᠭᠴᠢᠳ᠎ᠲᠤ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠠᠯᠪᠠᠳᠠᠯᠭ᠎ᠠ ᠵᠢᠨ ᠴᠢᠨᠠᠷᠲᠠᠢ ᠤᠯᠤᠰ᠎ᠤᠨ ᠪᠠᠷᠢᠮᠵᠢᠶᠠᠨ᠎ᠤ ᠪᠣᠯᠪᠠᠰᠤᠷᠠᠯ ᠬᠦᠷᠲᠡᠭᠡᠬᠦ᠎ᠪᠠᠨ ᠴᠢᠩᠭ᠋ᠠᠷᠠᠭᠤᠯᠵᠤ᠂ ᠬᠠᠤᠯᠢ ᠬᠡᠷᠡᠭᠵᠢᠭᠦᠯᠬᠦ ᠴᠢᠳᠠᠪᠤᠷᠢ ᠵᠢ᠎ᠨᠢ ᠳᠡᠭᠡᠭᠰᠢᠯᠡᠭᠦᠯᠦᠨ᠎ᠡ᠃ ᠬᠡᠲᠦ ᠪᠣᠭᠣᠳᠠᠯᠯᠠᠵᠤ ᠪᠠᠭᠯᠠᠭᠰᠠᠨᠢ ᠰᠤᠭᠤᠴᠢᠨ ᠪᠠᠢ᠌ᠴᠠᠭ᠋ᠠᠵᠤ ᠰᠢᠯᠭ᠋ᠠᠨ ᠪᠠᠢ᠌ᠴᠠᠭ᠋ᠠᠬᠤ᠎ᠪᠠᠨ ᠴᠢᠩᠭ᠋ᠠᠳᠬᠠᠵᠤ᠂ ᠶᠧᠪᠡᠩ ᠵᠡᠷᠭᠡ ᠪᠡᠯᠡᠭ ᠰᠡᠯᠲᠡ ᠦᠢ᠍ᠯᠡᠳᠪᠦᠷᠢᠯᠡᠨ ᠪᠣᠷᠣᠯᠠᠭᠤᠯᠬᠤ ᠠᠵᠤ ᠠᠬᠤᠢ᠌ᠯᠠᠯ᠎ᠤᠨ ᠪᠠᠷᠢᠮᠵᠢᠶ᠎ᠠ ᠵᠢ ᠬᠡᠷᠡᠭᠵᠢᠭᠦᠯᠦᠭᠰᠡᠨ ᠪᠠᠢ᠌ᠳᠠᠯ᠎ᠳᠤ ᠰᠤᠭᠤᠴᠢᠨ ᠪᠠᠢ᠌ᠴᠠᠭ᠋ᠠᠯᠲᠠ ᠬᠢᠵᠦ᠂ ᠬᠠᠤᠯᠢ ᠬᠡᠷᠡᠭᠵᠢᠭᠦᠯᠵᠦ ᠪᠠᠢ᠌ᠴᠠᠭ᠋ᠠᠨ ᠰᠢᠢ᠍ᠳᠪᠦᠷᠢᠯᠡᠬᠦ ᠡᠷᠴᠢᠮ ᠵᠶ᠋ᠡᠨ ᠴᠢᠩᠭ᠋ᠠᠷᠠᠭᠤᠯᠤᠨ᠎ᠠ᠃ ᠴᠢᠬᠤᠯᠠ ᠴᠠᠭ ᠤᠯᠠᠷᠢᠯ᠂ ᠭᠣᠣᠯᠳᠠᠯᠭ᠎ᠠ ᠪᠣᠯᠬᠤ ᠠᠵᠢᠯ ᠲᠥᠷᠥᠯ ᠪᠠ ᠴᠢᠬᠤᠯᠠ ᠪᠦᠬᠦᠢ ᠦᠢ᠍ᠯᠡᠳᠪᠦᠷᠢᠯᠡᠨ ᠡᠵᠡᠩᠨᠡᠬᠦ ᠠᠵᠤ ᠠᠬᠤᠢ᠌ᠯᠠᠯ᠎ᠤᠳ᠎ᠲᠤ ᠴᠢᠭᠯᠡᠭᠦᠯᠦᠨ᠂ ᠶᠧᠪᠡᠩ᠂ ᠽᠦᠩᠽᠢ᠂ ᠴᠠᠢ᠂ ᠡᠷᠡᠭᠦᠯᠵᠢᠯ᠎ᠤᠨ ᠢᠳᠡᠭᠡᠨ᠎ᠤ ᠵᠦᠢ᠍ᠯᠡᠰ᠂ ᠵᠠᠰᠠᠯ ᠴᠢᠮᠡᠭᠯᠡᠯ᠎ᠤᠨ ᠡᠳ᠋ ᠵᠡᠷᠭᠡ ᠭᠣᠣᠯ ᠪᠣᠯᠬᠤ ᠲᠠᠸᠠᠷ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ ᠬᠡᠲᠦ ᠪᠣᠭᠣᠳᠠᠯᠯᠠᠵᠤ ᠪᠠᠭᠯᠠᠭᠰᠠᠨ ᠲᠠᠸᠠᠷ᠎ᠢ ᠦᠢ᠍ᠯᠡᠳᠪᠦᠷᠢᠯᠡᠵᠦ ᠪᠣᠷᠣᠯᠠᠭᠤᠯᠤᠭᠰᠠᠨ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠬᠠᠤᠯᠢ ᠶᠣᠰᠣᠭ᠋ᠠᠷ ᠴᠢᠩᠭ᠎ᠠ ᠪᠠᠢ᠌ᠴᠠᠭ᠋ᠠᠨ ᠰᠢᠢ᠍ᠳᠪᠦᠷᠢᠯᠡᠵᠦ᠂ ᠬᠡᠯᠬᠢᠶᠡᠰᠦᠲᠦ ᠴᠢᠨᠠᠷᠲᠠᠢ᠂ ᠳᠠᠯᠳᠠ ᠴᠢᠨᠠᠷᠲᠠᠢ ᠬᠡᠷᠡᠭ᠎ᠤᠳ᠎ᠢ ᠭᠦᠨ ᠠᠭᠤᠳᠠᠯᠵᠤ ᠨᠠᠷᠢᠨ ᠪᠠᠢ᠌ᠴᠠᠭ᠋ᠠᠬᠤ ᠬᠡᠷᠡᠭᠲᠡᠢ᠃ ᠬᠣᠨᠣᠭ ᠪᠠᠭᠤᠳᠠᠯ᠂ ᠬᠣᠭᠣᠯᠠᠨ ᠭᠡᠷ ᠵᠡᠷᠭᠡ ᠵᠢᠨ ᠳᠡᠭᠡᠳᠦ ᠳᠡᠰ᠎ᠤᠨ ᠵᠠᠬᠢᠶᠠᠯᠠᠭᠰᠠᠨ ᠪᠡᠯᠡᠭ ᠰᠡᠯᠲᠡ ᠬᠠᠩᠭ᠋ᠠᠬᠤ ᠶᠠᠪᠤᠴᠠ᠎ᠳᠠᠬᠢ ᠬᠡᠳᠦ ᠪᠣᠭᠣᠳᠠᠯᠯᠠᠵᠤ ᠪᠠᠭᠯᠠᠬᠤ ᠦᠢ᠍ᠯᠡ ᠠᠵᠢᠯᠯᠠᠭ᠎ᠠ ᠵᠢᠴᠢ ᠰᠣᠶᠣᠯ᠎ᠤᠨ ᠡᠭᠦᠳᠦᠨ ᠪᠦᠲᠦᠭᠡᠯᠭᠡ ᠵᠢᠨ ᠨᠡᠷ᠎ᠡ᠎ᠪᠠᠷ ᠲᠠᠸᠠᠷ ᠬᠡᠳᠦ ᠪᠣᠭᠣᠳᠠᠯᠯᠠᠵᠤ ᠪᠠᠭᠯᠠᠬᠤ ᠦᠢ᠍ᠯᠡ ᠠᠵᠢᠯᠯᠠᠭ᠎ᠠ ᠵᠢ ᠬᠠᠤᠯᠢ ᠶᠣᠰᠣᠭ᠋ᠠᠷ ᠴᠢᠩᠭ᠎ᠠ ᠪᠠᠢ᠌ᠴᠠᠭ᠋ᠠᠨ ᠰᠢᠢ᠍ᠳᠪᠦᠷᠢᠯᠡᠨ᠎ᠡ᠃ ᠡᠯᠧᠺᠲᠷᠣᠨ ᠬᠤᠳᠠᠯᠳᠤᠭ᠋ᠠᠨ᠎ᠤ ᠲᠠᠪᠴᠠᠩᠲᠤ ᠠᠵᠤ ᠠᠬᠤᠢ᠌ᠯᠠᠯ᠎ᠤᠨ ᠭᠣᠣᠯ ᠴᠣᠭᠴᠠ ᠵᠢᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠤᠨ ᠴᠢᠩᠭ᠋ᠠᠳᠬᠠᠵᠤ᠂ ᠲᠡᠳᠡᠨ᠎ᠢ ᠰᠢᠮᠳᠠᠭᠤᠯᠵᠤ ᠪᠠᠢ᠌ᠭ᠋ᠠᠳ ᠲᠠᠪᠴᠠᠩ᠎ᠳᠠᠬᠢ ᠡᠵᠡᠩᠨᠡᠭᠴᠢ ᠵᠢᠨ ᠭᠣᠣᠯ ᠴᠣᠭᠴᠠᠲᠤ ᠬᠢᠷᠢ ᠬᠡᠮ ᠪᠠ ᠲᠠᠸᠠᠷ᠎ᠤᠨ ᠮᠡᠳᠡᠭᠡ ᠵᠠᠩᠭᠢ ᠵᠢᠨ ᠬᠢᠨᠠᠨ ᠬᠠᠷᠭᠤᠭᠤᠯᠤᠯᠲᠠ᠎ᠪᠠᠨ ᠴᠢᠩᠭ᠋ᠠᠳᠬᠠᠯᠭ᠋ᠠᠬᠤ ᠵᠢᠨ ᠬᠠᠮᠲᠤ ᠬᠢᠨᠠᠯᠲᠠ ᠬᠠᠮᠢᠶᠠᠷᠤᠯᠲᠠ ᠵᠢᠨ ᠬᠠᠤᠯᠢ ᠬᠡᠷᠡᠭᠵᠢᠭᠦᠯᠬᠦ᠎ᠳᠤ ᠢᠳᠡᠪᠬᠢᠲᠡᠢ ᠬᠠᠮᠵᠢᠯᠴᠠᠭᠤᠯᠤᠨ᠎ᠠ᠃ ᠰᠦᠯᠵᠢᠶᠡᠨ᠎ᠳᠠᠬᠢ ᠪᠠ ᠰᠦᠯᠵᠢᠶᠡᠨ᠎ᠠᠴᠠ ᠭᠠᠳᠠᠭᠤᠷᠬᠢ ᠵᠢ ᠨᠢᠭᠡ ᠴᠣᠭᠴᠠᠵᠢᠭᠤᠯᠤᠨ ᠬᠢᠨᠠᠨ ᠬᠠᠮᠢᠶᠠᠷᠬᠤ ᠵᠢ ᠪᠠᠷᠢᠮᠲᠠᠯᠠᠨ᠂ ᠡᠯᠧᠺᠲᠷᠣᠨ ᠬᠤᠳᠠᠯᠳᠤᠭ᠋ᠠᠨ᠎ᠤ ᠠᠷᠭ᠎ᠠ ᠵᠠᠮ ᠵᠶ᠋ᠠᠷ ᠬᠡᠳᠤ ᠪᠣᠭᠣᠳᠠᠯᠯᠠᠵᠤ ᠪᠠᠭᠯᠠᠭᠰᠠᠨ ᠲᠠᠸᠠᠷ ᠪᠣᠷᠣᠯᠠᠭᠤᠯᠬᠤ ᠲᠠᠯ᠎ᠠ᠎ᠪᠠᠷ᠎ᠬᠢ ᠪᠠᠢ᠌ᠩᠭᠤᠵᠢᠭᠤᠯᠤᠭᠰᠠᠨ ᠬᠢᠨᠠᠯᠲᠠ ᠬᠠᠮᠢᠶᠠᠷᠤᠯᠲᠠ ᠵᠢᠨ ᠬᠠᠤᠯᠢ ᠬᠡᠷᠡᠭᠵᠢᠭᠦᠯᠬᠦ ᠲᠣᠭᠲᠠᠴᠠ ᠵᠢ ᠪᠠᠢ᠌ᠭᠤᠯᠤᠨ ᠪᠦᠷᠢᠨᠰᠢᠭᠦᠯᠵᠦ᠂ ᠰᠦᠯᠵᠢᠶᠡᠨ᠎ᠳᠤ ᠬᠡᠳᠤ ᠪᠣᠭᠣᠳᠠᠯᠯᠠᠵᠤ ᠪᠠᠭᠯᠠᠭᠰᠠᠨ ᠲᠠᠸᠠᠷ ᠪᠣᠷᠣᠯᠠᠭᠤᠯᠤᠨ ᠬᠤᠳᠠᠯᠳᠤᠵᠤ ᠪᠠᠢ᠌ᠭ᠎ᠠ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠬᠠᠤᠯᠢ ᠶᠣᠰᠣᠭ᠋ᠠᠷ ᠪᠠᠢ᠌ᠴᠠᠭ᠋ᠠᠨ ᠰᠢᠢ᠍ᠳᠪᠦᠷᠢᠯᠡᠨ᠎ᠡ᠃ ᠬᠡᠷᠡᠭᠯᠡᠭᠴᠢᠳ᠎ᠤᠨ ᠵᠠᠭ᠋ᠠᠯᠳᠤᠬᠤ ᠵᠠᠮ ᠮᠥᠷ᠎ᠢ ᠰᠢᠯᠤᠭᠤᠳᠬᠠᠨ᠂ ᠰᠦᠯᠵᠢᠶᠡᠨ᠎ᠳᠠᠬᠢ ᠪᠠ ᠰᠦᠯᠵᠢᠶᠡᠨ᠎ᠤ ᠭᠠᠳᠠᠭᠤᠷᠬᠢ ᠡᠯ᠎ᠡ ᠲᠥᠷᠥᠯ᠎ᠤᠨ ᠰᠦᠪᠡᠭᠴᠢ ᠵᠢ ᠭᠦᠢ᠍ᠴᠡᠳ ᠠᠭᠤᠳᠠᠯᠵᠤ᠂ ᠬᠡᠷᠡᠭᠯᠡᠭᠴᠢᠳ᠎ᠤᠨ ᠲᠤᠰᠬᠠᠯ ᠶᠡᠬᠡ ᠪᠠᠢ᠌ᠭ᠎ᠠ ᠲᠣᠪᠣᠢ᠌ᠮ᠎ᠠ ᠠᠰᠠᠭᠤᠳᠠᠯ᠎ᠤᠳ᠎ᠢ ᠬᠠᠤᠯᠢ ᠶᠣᠰᠣᠭ᠋ᠠᠷ ᠴᠢᠩᠭ᠎ᠠ ᠪᠠᠢ᠌ᠴᠠᠭ᠋ᠠᠨ ᠰᠢᠢ᠍ᠳᠪᠦᠷᠢᠯᠡᠨ᠎ᠡ᠃ ᠠᠵᠤ ᠠᠬᠤᠢ᠌ᠯᠠᠯ᠎ᠤᠨ ᠪᠣᠭᠣᠳᠠᠯ ᠪᠠᠭᠯᠠᠭ᠎ᠠ ᠵᠢᠨ ᠬᠣᠯᠪᠣᠭᠳᠠᠯ ᠪᠦᠬᠦᠢ ᠪᠠᠷᠢᠮᠵᠢᠶ᠎ᠠ ᠵᠢ ᠢᠯᠡ᠎ᠪᠠᠷ ᠬᠡᠷᠡᠭᠵᠢᠭᠦᠯᠦᠭᠰᠡᠨ ᠪᠠᠢ᠌ᠳᠠᠯ᠎ᠳᠤ ᠬᠠᠤᠯᠢ ᠬᠡᠷᠡᠭᠵᠢᠭᠦᠯᠦᠯᠲᠡ ᠵᠢᠨ ᠪᠠᠢ᠌ᠴᠠᠭ᠋ᠠᠯᠲᠠ ᠬᠢᠬᠦ ᠵᠢ ᠴᠢᠩᠭ᠋ᠠᠳᠬᠠᠨ᠎ᠠ᠃ ᠴᠠᠭᠲᠤᠨᠢ ᠲᠣᠬᠢᠷᠠᠭᠤᠯᠵᠤ ᠡᠰᠡᠷᠭᠦ ᠲᠠᠯ᠎ᠠ ᠵᠢᠨ ᠬᠡᠷᠡᠭ᠎ᠤᠨ ᠵᠢᠱ᠌ᠢᠶ᠎ᠡ ᠵᠢ ᠨᠡᠢ᠌ᠭᠡᠮ᠎ᠳᠤ ᠢᠯᠡᠷᠡᠭᠦᠯᠦᠨ ᠨᠡᠢ᠌ᠲᠡᠯᠡᠨ᠎ᠡ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠨᠢᠭᠡᠴᠢ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠠᠴᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠡᠯ᠎ᠡ ᠠᠢ᠌ᠮᠠᠭ ᠬᠣᠲᠠ ᠵᠢ ᠵᠢᠯᠤᠭᠣᠳᠴᠤ ᠪᠠᠢ᠌ᠭ᠋ᠠᠳ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠵᠢᠯ᠎ᠢ ᠴᠢᠩᠭ᠋ᠠᠳᠬᠠᠯᠭ᠋ᠠᠵᠦ᠂ ᠱᠠᠩᠨᠠᠵᠤ ᠵᠠᠯᠬᠠᠭ᠋ᠠᠬᠤ ᠠᠷᠭ᠎ᠠ ᠬᠡᠮᠵᠢᠶ᠎ᠡ ᠵᠢ ᠰᠤᠳᠤᠯᠤᠨ ᠲᠣᠭᠲᠠᠭ᠋ᠠᠵᠤ᠂ ᠠᠰᠠᠭᠤᠳᠠᠯ ᠵᠶ᠋ᠠᠨ ᠴᠡᠭᠴᠡᠯᠡᠨ ᠵᠠᠯᠠᠷᠠᠭᠤᠯᠬᠤ ᠵᠢ ᠰᠢᠮᠳᠠᠭᠤᠯᠵᠤ᠂ ᠲᠡᠷᠢᠭᠦᠨ᠎ᠤ᠎ᠬᠢ ᠵᠢ᠎ᠨᠢ ᠨᠡᠪᠲᠡᠷᠡᠭᠦᠯᠦᠨ ᠰᠠᠢ᠌ᠰᠢᠶᠠᠨ᠎ᠠ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠬᠠᠷᠢᠭᠤᠴᠠᠨ᠎ᠠ) ᠡᠯ᠎ᠡ ᠠᠢ᠌ᠮᠠᠭ ᠬᠣᠲᠠ᠂ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ ᠨᠢᠭᠡᠴᠢ ᠵᠢᠨ ᠲᠠᠸᠠᠷ ᠬᠡᠲᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠵᠦ ᠪᠠᠢ᠌ᠭ᠎ᠠ ᠠᠵᠢᠯ᠎ᠤᠨ ᠠᠬᠢᠴᠠ᠎ᠳᠤ ᠲᠣᠭᠲᠠᠮᠠᠯ ᠬᠤᠭᠤᠴᠠᠭ᠎ᠠ᠎ᠲᠠᠢ᠎ᠪᠠᠷ ᠲᠣᠬᠢᠷᠠᠭᠤᠯᠤᠯᠲᠠ ᠪᠠ ᠳ᠋ᠦᠩᠨᠡᠯᠲᠡ ᠬᠢᠵᠦ᠂ ᠤᠯᠤᠰ᠎ᠤᠨ ᠨᠢᠭᠡᠳᠦᠯᠲᠡᠢ ᠪᠠᠢ᠌ᠷᠢᠯᠠᠭᠤᠯᠤᠯᠲᠠ ᠵᠢ ᠦᠨᠳᠦᠰᠦᠯᠡᠨ ᠨᠡᠢ᠌ᠭᠡᠮ᠎ᠤᠨ ᠬᠠᠨᠤᠮᠵᠢ ᠵᠢᠨ ᠬᠡᠮᠵᠢᠶᠡᠨ᠎ᠤ ᠪᠠᠢ᠌ᠴᠠᠭ᠋ᠠᠯᠲᠠ ᠵᠢ ᠵᠣᠬᠢᠶᠠᠨ ᠪᠠᠢ᠌ᠭᠤᠯᠵᠤ ᠥᠷᠨᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠎ᠠᠴᠠ ᠬᠠᠷᠢᠭᠤᠴᠠᠨ᠎ᠠ) ᠲᠦᠷᠭᠡᠨ ᠢᠯᠡᠭᠡᠯᠲᠡ ᠵᠢᠨ ᠬᠡᠲᠦ ᠪᠣᠭᠣᠳᠠᠯᠯᠠᠵᠤ ᠪᠠᠭᠯᠠᠬᠤ ᠵᠢᠨ ᠬᠠᠤᠯᠢ ᠬᠡᠷᠡᠭᠵᠢᠭᠦᠯᠬᠦ ᠪᠠᠢ᠌ᠴᠠᠭ᠋ᠠᠯᠲᠠ ᠵᠢ ᠪᠠᠢ᠌ᠩᠭᠤᠵᠢᠭᠰᠠᠨ ᠪᠠᠢ᠌ᠴᠠᠭ᠋ᠠᠯᠲᠠ ᠵᠢᠨ ᠠᠭᠤᠯᠭ᠎ᠠ᠎ᠳᠤ ᠣᠷᠣᠭᠤᠯᠤᠨ᠂ 《ᠬᠣᠶᠠᠷ᠎ᠢ ᠰᠤᠭᠤᠴᠢᠬᠤ᠂ ᠨᠢᠭᠡ ᠵᠢ ᠢᠯᠡ ᠪᠠᠢ᠌ᠯᠭ᠋ᠠᠬᠤ》 ᠵᠠᠷᠴᠢᠮ ᠶᠣᠰᠣᠭ᠋ᠠᠷ᠂ ᠢᠯᠡᠭᠡᠨ ᠬᠦᠷᠭᠡᠬᠦ ᠠᠵᠤ ᠠᠬᠤᠢ᠌ᠯᠠᠯ ᠪᠦᠭᠦᠨ᠎ᠳᠤ ᠣᠨ᠎ᠤ ᠥᠪᠡᠷ᠎ᠢ᠎ᠪᠠᠨ ᠪᠠᠢ᠌ᠴᠠᠭ᠋ᠠᠬᠤ ᠪᠠ ᠰᠤᠭᠤᠴᠢᠨ ᠪᠠᠢ᠌ᠴᠠᠭ᠋ᠠᠬᠤ ᠠᠵᠢᠯ᠎ᠢ ᠬᠠᠮᠤᠷᠠᠭᠤᠯᠤᠨ ᠪᠡᠶᠡᠯᠡᠭᠦᠯᠵᠦ᠂ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ᠎ᠳᠤ ᠬᠣᠯᠪᠣᠭᠳᠠᠭᠰᠠᠨ ᠡᠯ᠎ᠡ ᠲᠥᠷᠥᠯ᠎ᠤᠨ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠴᠢᠩᠭ᠎ᠠ ᠪᠠᠢ᠌ᠴᠠᠭ᠋ᠠᠨ ᠰᠢᠢ᠍ᠳᠪᠦᠷᠢᠯᠡᠨ᠎ᠡ᠃ (ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ᠂ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠭᠤᠷᠪᠠ᠂ ᠲᠤᠯᠭ᠋ᠠᠭᠤᠷᠢᠯᠠᠵᠤ ᠪᠠᠲᠤᠯᠠᠬᠤ ᠲᠣᠭᠲᠠᠯᠴᠠᠭ᠎ᠠ ᠵᠢ ᠲᠡᠭᠦᠯᠳᠡᠷᠵᠢᠭᠦᠯᠦᠨ᠎ᠡ
(ᠨᠠᠢ᠍ᠮᠠ) ᠬᠠᠮᠢᠶ᠎ᠠ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠤᠬᠠᠭᠤᠯᠤᠨ ᠲᠤᠭᠤᠰᠢᠯᠠᠭᠤᠯᠬᠤ ᠠᠵᠢᠯ᠎ᠢ ᠴᠢᠩᠭ᠋ᠠᠳᠬᠠᠨ᠎ᠠ᠃ 《ᠬᠡᠨ ᠬᠠᠤᠯᠢ ᠬᠡᠷᠡᠭᠵᠢᠭᠦᠯᠪᠡᠯ ᠲᠡᠷᠡ ᠬᠠᠤᠯᠢ ᠴᠠᠭ᠋ᠠᠵᠠ ᠵᠢᠨ ᠮᠡᠳᠡᠯᠭᠡ ᠵᠢ ᠲᠦᠭᠡᠮᠡᠯᠵᠢᠭᠦᠯᠬᠦ》 ᠬᠠᠤᠯᠢ ᠲᠦᠭᠡᠮᠡᠯᠵᠢᠭᠦᠯᠬᠦ ᠬᠠᠷᠢᠭᠤᠴᠠᠯᠭ᠋ᠠᠲᠤ ᠳᠦᠷᠢᠮ᠎ᠤᠨ ᠱᠠᠭ᠋ᠠᠷᠳᠠᠯᠭ᠎ᠠ ᠶᠣᠰᠣᠭ᠋ᠠᠷ᠂ 《ᠪᠥᠭᠦᠳᠡ ᠨᠠᠢ᠌ᠷᠠᠮᠳᠠᠬᠤ ᠳᠤᠮᠳᠠᠲᠤ ᠠᠷᠠᠳ ᠤᠯᠤᠰ᠎ᠤᠨ ᠣᠷᠴᠢᠯ ᠠᠵᠤ ᠠᠬᠤᠢ ᠵᠢ ᠠᠬᠢᠭᠤᠯᠬᠤ ᠬᠠᠤᠯᠢ》 《ᠪᠥᠬᠦᠳᠡ ᠨᠠᠢ᠌ᠷᠠᠮᠳᠠᠬᠤ ᠳᠤᠮᠳᠠᠲᠤ ᠠᠷᠠᠳ ᠤᠯᠤᠰ᠎ᠤᠨ ᠬᠠᠲᠠᠭᠤ ᠪᠡᠶᠡᠲᠦ ᠬᠠᠶᠠᠭᠳᠠᠮᠠᠯ ᠪᠣᠳᠠᠰ ᠣᠷᠴᠢᠨ ᠲᠣᠭᠣᠷᠢᠨ᠎ᠢ ᠪᠣᠬᠢᠷᠲᠤᠭᠤᠯᠬᠤ ᠵᠢ ᠰᠡᠷᠭᠡᠢ᠌ᠯᠡᠨ ᠵᠠᠰᠠᠬᠤ ᠬᠠᠤᠯᠢ》 《ᠪᠦᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠡᠷᠡᠭᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠬᠠᠤᠯᠢ》 《ᠪᠥᠭᠥᠳᠡ ᠨᠠᠢ᠌ᠷᠠᠮᠳᠠᠬᠤ ᠳᠤᠮᠳᠠᠲᠤ ᠠᠷᠠᠳ ᠤᠯᠤᠰ᠎ᠤᠨ ᠪᠠᠷᠢᠮᠵᠢᠶᠠᠵᠢᠭᠤᠯᠤᠯᠲᠠ ᠵᠢᠨ ᠬᠠᠤᠯᠢ》 《ᠪᠦᠭᠦᠳᠡ ᠨᠠᠢ᠌ᠷᠠᠮᠳᠠᠬᠤ ᠳᠤᠮᠳᠠᠲᠤ ᠠᠷᠠᠳ ᠤᠯᠤᠰ᠎ᠤᠨ ᠦᠨ᠎ᠡ ᠬᠠᠩᠰᠢ ᠵᠢᠨ ᠬᠠᠤᠯᠢ》 《ᠲᠦᠷᠭᠡᠨ ᠢᠯᠡᠭᠡᠯᠲᠡ ᠵᠢᠨ ᠲᠦᠷ ᠬᠡᠷᠡᠭᠵᠢᠭᠦᠯᠬᠦ ᠳᠦᠷᠢᠮ》 ᠵᠡᠷᠭᠡ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠤᠬᠠᠭᠤᠯᠤᠨ ᠲᠤᠭᠤᠰᠢᠯᠠᠭᠤᠯᠬᠤ ᠡᠷᠴᠢᠮ ᠵᠶ᠋ᠡᠨ ᠴᠢᠩᠭ᠋ᠠᠷᠠᠭᠤᠯᠵᠤ᠂ ᠵᠠᠬ᠎ᠠ ᠳᠡᠯᠭᠡᠭᠦᠷ᠎ᠤᠨ ᠭᠣᠣᠯ ᠴᠣᠭᠴᠠ ᠵᠢᠨ᠎ᠬᠢᠨ᠎ᠤ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠲᠤᠬᠠᠢ ᠬᠠᠤᠯᠢ ᠴᠠᠭ᠋ᠠᠵᠠ ᠵᠢᠨ ᠤᠬᠠᠮᠰᠠᠷ᠂ ᠨᠡᠢ᠌ᠭᠡᠮ ᠨᠡᠢ᠌ᠲᠡ ᠵᠢᠨ᠎ᠬᠢᠨ᠎ᠤ ᠡᠷᠬᠡ ᠠᠰᠢᠭ ᠵᠶ᠋ᠠᠨ ᠬᠠᠮᠠᠭ᠋ᠠᠯᠠᠬᠤ ᠤᠬᠠᠮᠰᠠᠷ᠎ᠢ᠎ᠨᠢ ᠳᠡᠭᠡᠭᠰᠢᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠂ ᠬᠠᠤᠯᠢ ᠴᠠᠭ᠋ᠠᠵᠠ ᠵᠢᠨ ᠲᠢᠩᠬᠢᠮ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ ᠵᠡᠷᠭᠡ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ ᠨᠢᠭᠡᠴᠢ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠶᠢᠰᠦ) ᠬᠠᠮᠢᠶ᠎ᠠ ᠪᠦᠬᠦᠢ ᠪᠠᠷᠢᠮᠵᠢᠶ᠎ᠠ ᠵᠢ ᠴᠢᠩᠭ᠎ᠠ ᠬᠡᠷᠡᠭᠵᠢᠭᠦᠯᠦᠨ᠎ᠡ᠃ ᠤᠯᠤᠰ᠎ᠤᠨ ᠢᠳᠡᠰᠢᠨ ᠲᠠᠷᠢᠶᠠᠯᠠᠩ᠎ᠤᠨ ᠪᠦᠲᠦᠭᠡᠭᠳᠡᠬᠦᠨ᠎ᠤ ᠲᠦᠷᠭᠡᠨ ᠢᠯᠡᠭᠡᠯᠲᠡ᠂ ᠡᠯᠧᠺᠲᠷᠣᠨ ᠬᠤᠳᠠᠯᠳᠤᠭ᠋ᠠᠨ᠎ᠤ ᠶᠠᠪᠤᠳᠠᠯ᠂ ᠢᠳᠡᠭᠡᠨ᠎ᠤ ᠵᠦᠢ᠍ᠯ ᠪᠠ ᠵᠠᠰᠠᠯ ᠴᠢᠮᠡᠭᠯᠡᠯ᠎ᠤᠨ ᠡᠳ᠋ ᠵᠡᠷᠭᠡ ᠵᠢᠨ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠠᠯᠪᠠᠳᠠᠯᠭ᠎ᠠ ᠵᠢᠨ ᠴᠢᠨᠠᠷᠲᠠᠢ ᠪᠠᠷᠢᠮᠵᠢᠶ᠎ᠠ᠂ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠨᠡᠪᠲᠡᠷᠬᠡᠢ ᠳᠦᠷᠢᠮ᠎ᠤᠨ ᠪᠠᠷᠢᠮᠵᠢᠶ᠎ᠠ ᠵᠢ ᠲᠣᠭᠲᠠᠭ᠋ᠠᠭᠰᠠᠨ (ᠵᠠᠰᠠᠪᠤᠷᠢ ᠣᠷᠣᠭᠤᠯᠤᠭᠰᠠᠨ) ᠪᠠᠢ᠌ᠳᠠᠯ᠎ᠢ ᠦᠨᠳᠦᠰᠦᠯᠡᠨ᠂ ᠡᠯ᠎ᠡ ᠬᠠᠮᠢᠶ᠎ᠠ ᠪᠦᠬᠦᠢ ᠪᠠᠷᠢᠮᠵᠢᠶ᠎ᠠ ᠵᠢ ᠲᠤᠭᠤᠰᠢᠯᠠᠭᠤᠯᠤᠨ ᠬᠡᠷᠡᠭᠵᠢᠭᠦᠯᠬᠦ᠎ᠪᠠᠨ ᠴᠢᠩᠭ᠋ᠠᠳᠬᠠᠬᠤ ᠬᠡᠷᠡᠭᠲᠡᠢ᠃ (ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ᠂ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠥᠪᠥᠷ ᠮᠣᠩᠭᠣᠯ᠎ᠤᠨ ᠰᠢᠤᠳᠠᠨ᠎ᠤ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠ) ᠲᠥᠷᠥ ᠵᠢᠨ ᠪᠣᠳᠣᠯᠭ᠎ᠠ ᠵᠢᠨ ᠳᠡᠮᠵᠢᠯᠭᠡ ᠵᠢ ᠴᠢᠩᠭ᠋ᠠᠷᠠᠭᠤᠯᠤᠨ᠎ᠠ᠃ ᠣᠨ᠎ᠤ ᠲᠥᠰᠥᠪ ᠲᠣᠬᠢᠷᠠᠭᠤᠯᠤᠨ ᠲᠠᠸᠠᠷ ᠬᠡᠲᠦ ᠪᠣᠭᠣᠳᠠᠯᠯᠠᠵᠤ ᠪᠠᠭᠯᠠᠬᠤ᠂ ᠲᠦᠷᠭᠡᠨ ᠢᠯᠡᠭᠡᠯᠲᠡ ᠵᠢᠨ ᠬᠡᠲᠦ ᠪᠣᠭᠣᠳᠠᠯᠯᠠᠵᠤ ᠪᠠᠭᠯᠠᠬᠤ ᠵᠢᠨ ᠬᠠᠤᠯᠢ ᠬᠡᠷᠡᠭᠵᠢᠭᠦᠯᠦᠯᠲᠡ ᠵᠢᠨ ᠪᠠᠢ᠌ᠴᠠᠭ᠋ᠠᠬᠤ ᠠᠵᠢᠯ᠎ᠢ ᠤᠷᠤᠭᠰᠢᠲᠠᠢ ᠡᠮᠬᠢ ᠵᠢᠷᠤᠮ᠎ᠲᠠᠢ᠎ᠪᠠᠷ ᠥᠷᠨᠢᠭᠦᠯᠬᠦ ᠵᠢ ᠪᠠᠲᠤᠯᠠᠬᠤ᠎ᠳᠤ ᠬᠡᠷᠡᠭᠯᠡᠨ᠎ᠡ᠃ (ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠡᠯ᠎ᠡ ᠠᠢ᠌ᠮᠠᠭ ᠬᠣᠲᠠ ᠵᠢ ᠵᠢᠭ᠋ᠠᠨ ᠵᠢᠯᠤᠭᠣᠳᠴᠤ ᠪᠠᠢ᠌ᠭ᠋ᠠᠳ ᠬᠠᠶᠠᠭᠳᠠᠮᠠᠯ ᠪᠣᠭᠣᠳᠠᠯ ᠪᠠᠭᠯᠠᠭ᠎ᠠ ᠵᠢᠨ ᠪᠣᠳᠠᠰ᠎ᠢ ᠡᠬᠢ ᠪᠠᠶᠠᠯᠢᠭᠵᠢᠭᠤᠯᠬᠤ ᠪᠠ ᠤᠷᠴᠢᠯᠳᠤᠭᠤᠯᠤᠨ ᠠᠰᠢᠭᠯᠠᠬᠤ ᠲᠥᠷᠥᠯ ᠵᠦᠢ᠍ᠯ᠎ᠤᠨ ᠨᠥᠭᠡᠴᠡ ᠵᠢ ᠴᠢᠩᠭ᠋ᠠᠳᠬᠠᠵᠤ᠂ ᠲᠥᠪ᠎ᠤᠨ ᠲᠥᠰᠥᠪ᠎ᠲᠠᠬᠢ ᠪᠡᠯᠡ ᠮᠥᠩᠭᠥᠨ᠎ᠤ ᠣᠷᠤᠭᠤᠯᠤᠯᠲᠠ ᠬᠢᠬᠦ ᠬᠠᠨᠳᠤᠰᠢ ᠵᠢ ᠦᠨᠳᠦᠰᠦᠯᠡᠨ᠂ ᠳᠡᠮᠵᠢᠯᠭᠡ ᠣᠯᠬᠤ᠎ᠪᠠᠷ ᠢᠳᠡᠪᠬᠢᠲᠡᠢ ᠴᠢᠷᠮᠠᠢ᠌ᠨ᠎ᠠ᠃ (ᠥᠪᠡᠷᠲᠡᠭᠡᠨ ᠵᠠᠰᠠᠬᠤ ᠣᠷᠣᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ ᠬᠠᠷᠢᠭᠤᠴᠠᠨ᠎ᠠ) ᠵᠠᠰᠠᠭ᠎ᠤᠨ ᠣᠷᠳᠣᠨ᠎ᠤ ᠪᠣᠬᠢᠷᠳᠤᠯ ᠦᠭᠡᠢ ᠵᠢᠨ ᠬᠤᠳᠠᠯᠳᠤᠨ ᠠᠪᠬᠤ ᠲᠥᠷᠥ ᠵᠢᠨ ᠪᠣᠳᠣᠯᠭ᠎ᠠ ᠵᠢ ᠨᠠᠢ᠌ᠳᠠᠪᠤᠷᠢᠵᠢᠭᠤᠯᠤᠨ᠂ ᠡᠯ᠎ᠡ ᠬᠤᠳᠠᠯᠳᠤᠨ ᠠᠪᠤᠭᠴᠢ 《ᠲᠠᠸᠠᠷ᠎ᠤᠨ ᠪᠣᠭᠣᠳᠠᠯ ᠪᠠᠭᠯᠠᠭ᠎ᠠ ᠵᠢᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠬᠡᠷᠡᠭᠴᠡᠭᠡ ᠱᠠᠭ᠋ᠠᠷᠳᠠᠯᠭ᠎ᠠ ᠵᠢᠨ ᠪᠠᠷᠢᠮᠵᠢᠶ᠎ᠠ (ᠲᠤᠷᠰᠢᠨ ᠬᠡᠷᠡᠭᠵᠢᠭᠦᠯᠬᠦ)》 《ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠬᠡᠷᠡᠭᠴᠡᠭᠡ ᠱᠠᠭ᠋ᠠᠷᠳᠠᠯᠭ᠎ᠠ ᠵᠢᠨ ᠪᠠᠷᠢᠮᠵᠢᠶ᠎ᠠ (ᠲᠤᠷᠰᠢᠨ ᠬᠡᠷᠡᠭᠵᠢᠭᠦᠯᠬᠦ)》 ᠵᠢ ᠴᠢᠩᠭ᠎ᠠ ᠵᠢᠷᠤᠮᠯᠠᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠵᠢ ᠬᠡᠷᠡᠭᠵᠢᠭᠦᠯᠵᠦ᠂ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠵᠢᠨ ᠬᠥᠲᠥᠯᠥᠨ ᠵᠢᠯᠤᠭᠣᠳᠬᠤ ᠦᠢ᠍ᠯᠡᠳᠦᠯ᠎ᠢ᠎ᠨᠢ ᠪᠠᠳᠠᠷᠠᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠡᠳ᠋ ᠤᠨ ᠵᠠᠰᠠᠭ᠎ᠤᠨ ᠲᠢᠩᠬᠢᠮ ᠵᠡᠷᠭᠡ ᠰᠠᠯᠠᠭ᠎ᠠ ᠮᠥᠴᠢᠷ ᠨᠢᠭᠡᠴᠢ᠎ᠨᠦᠭᠦᠳ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ) ᠤᠯᠤᠰ᠎ᠤᠨ ᠭᠣᠣᠯᠳᠠᠯᠭ᠎ᠠ ᠪᠣᠯᠬᠣ ᠰᠤᠳᠤᠯᠤᠨ ᠨᠡᠭᠡᠭᠡᠬᠦ ᠲᠥᠯᠥᠪᠯᠡᠭᠡ ᠵᠢᠨ ᠲᠥᠷᠥᠯ ᠵᠦᠢ᠍ᠯ᠎ᠢ ᠢᠳᠡᠪᠬᠢᠲᠡᠢ ᠭᠤᠶᠤᠴᠢᠯᠠᠨ ᠮᠡᠳᠡᠭᠦᠯᠬᠦ ᠵᠢ ᠵᠣᠬᠢᠶᠠᠨ ᠪᠠᠢ᠌ᠭᠤᠯᠵᠤ᠂ ᠲᠦᠷᠭᠡᠨ ᠢᠯᠡᠭᠡᠯᠲᠡ ᠵᠢᠨ ᠪᠣᠭᠣᠳᠠᠯ ᠪᠠᠭᠯᠠᠭ᠎ᠠ ᠵᠢ ᠪᠣᠬᠢᠷᠳᠤᠯ ᠦᠭᠡᠢ᠎ᠪᠠᠷ ᠵᠢᠷᠤᠵᠤ ᠲᠥᠯᠥᠪᠯᠡᠬᠦ ᠪᠠ ᠡᠨᠧᠷᠭᠢ ᠵᠢᠨ ᠬᠣᠷᠣᠭᠳᠠᠯ ᠪᠠᠭ᠎ᠠ ᠣᠶᠤᠨᠯᠢᠭ ᠪᠠᠷᠠᠭ᠋ᠠᠨ᠎ᠤ ᠭᠦᠢ᠍ᠯᠭᠡᠭᠡ᠎ᠪᠠᠷ ᠲᠣᠬᠢᠷᠠᠭᠤᠯᠤᠨ ᠬᠦᠷᠭᠡᠬᠦ ᠵᠡᠷᠭᠡ ᠲᠠᠯ᠎ᠠ ᠵᠢᠨ᠎ᠬᠢ ᠮᠡᠷᠭᠡᠵᠢᠯ᠎ᠤᠨ ᠰᠤᠳᠤᠯᠤᠨ ᠨᠡᠭᠡᠭᠡᠬᠦ ᠠᠵᠢᠯ᠎ᠢ ᠳᠡᠮᠵᠢᠨ᠎ᠡ᠃ (ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ ᠬᠠᠷᠢᠭᠤᠴᠠᠨ᠎ᠠ)
(ᠠᠷᠪᠠᠨ ᠨᠢᠭᠡ) ᠠᠵᠢᠯ ᠲᠥᠷᠥᠯ᠎ᠤᠨ ᠥᠪᠡᠷ᠎ᠢ᠎ᠪᠠᠨ ᠱᠠᠭ᠋ᠠᠷᠳᠠᠬᠤ ᠵᠢ ᠴᠢᠩᠭ᠋ᠠᠳᠬᠠᠨ᠎ᠠ᠃ ᠬᠠᠮᠢᠶ᠎ᠠ ᠪᠦᠬᠦᠢ ᠠᠵᠢᠯ ᠲᠥᠷᠥᠯ᠎ᠤᠨ ᠨᠡᠢ᠌ᠭᠡᠮᠯᠢᠭ᠎ᠢ ᠰᠢᠮᠳᠠᠭᠤᠯᠤᠨ ᠵᠢᠯᠤᠭᠣᠳᠴᠤ ᠪᠠᠢ᠌ᠭ᠋ᠠᠳ ᠠᠵᠢᠯ ᠲᠥᠷᠥᠯ᠎ᠳᠤ ᠭᠦᠨᠵᠡᠭᠡᠢ᠌ᠷᠡᠬᠦ᠂ ᠠᠵᠤ ᠠᠬᠤᠢ᠌ᠯᠠᠯ᠎ᠳᠤ ᠦᠢ᠍ᠯᠡᠴᠢᠯᠡᠬᠦ᠂ ᠨᠡᠢ᠌ᠯᠡᠮᠡᠯ ᠬᠦᠴᠦᠨ ᠵᠶ᠋ᠡᠨ ᠨᠢᠭᠲᠠᠷᠠᠭᠤᠯᠬᠤ᠎ᠳᠠᠬᠢ ᠣᠨᠴᠠᠭ᠋ᠠᠢ ᠳᠠᠪᠠᠭᠤᠯᠢᠭ ᠲᠠᠯ᠎ᠠ᠎ᠪᠠᠨ ᠭᠦᠢ᠍ᠴᠡᠳ ᠪᠠᠳᠠᠷᠠᠭᠤᠯᠤᠨ᠂ ᠠᠵᠢᠯ ᠲᠥᠷᠥᠯ᠎ᠤᠨ ᠳᠣᠲᠣᠭ᠋ᠠᠳᠤᠬᠢ ᠦᠢ᠍ᠯᠡᠳᠪᠦᠷᠢᠯᠡᠬᠦ᠂ ᠪᠣᠷᠣᠯᠠᠭᠤᠯᠬᠤ ᠵᠡᠷᠭᠡ ᠠᠵᠤ ᠠᠬᠤᠢ᠌ᠯᠠᠯ᠎ᠤᠨ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠ ᠪᠠᠷᠢᠮᠵᠢᠶ᠎ᠠ ᠵᠢᠨ ᠤᠬᠠᠭᠤᠯᠤᠨ ᠲᠤᠭᠤᠰᠢᠯᠠᠭᠤᠯᠬᠤ᠂ ᠪᠣᠯᠪᠠᠰᠤᠷᠠᠯ ᠬᠦᠷᠲᠡᠭᠡᠬᠦ ᠠᠵᠢᠯ᠎ᠢ ᠴᠢᠩᠭ᠋ᠠᠳᠬᠠᠵᠤ᠂ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠪᠠᠢ᠌ᠭ᠋ᠠᠳ ᠲᠠᠸᠠᠷ᠎ᠤᠨ ᠳᠥᠭᠥᠮ ᠪᠣᠷᠣᠭᠵᠢᠭᠤᠨ ᠪᠣᠭᠣᠳᠠᠯᠯᠠᠵᠤ ᠪᠠᠭᠯᠠᠬᠤ ᠲᠠᠯ᠎ᠠ᠎ᠪᠠᠷ᠎ᠬᠢ ᠠᠵᠢᠯ ᠲᠥᠷᠥᠯ᠎ᠤᠨ ᠥᠪᠡᠷ᠎ᠢ᠎ᠪᠠᠨ ᠱᠠᠭ᠋ᠠᠷᠳᠠᠬᠤ ᠵᠢᠷᠤᠮᠵᠢᠯ᠎ᠢ ᠠᠯᠬᠤᠮ ᠠᠯᠬᠤᠮ ᠵᠶ᠋ᠠᠷ ᠪᠣᠢ ᠪᠣᠯᠭ᠋ᠠᠨ᠎ᠠ᠃ ᠬᠠᠮᠢᠶ᠎ᠠ ᠪᠦᠬᠦᠢ ᠠᠵᠢᠯ ᠲᠥᠷᠥᠯ᠎ᠤᠨ ᠨᠡᠢ᠌ᠭᠡᠮᠯᠢᠭ᠎ᠨᠢ ᠠᠵᠢᠯ ᠲᠥᠷᠥᠯ᠎ᠤᠨ ᠳᠣᠲᠣᠭ᠋ᠠᠳᠤᠬᠢ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠲᠠᠯ᠎ᠠ ᠵᠢᠨ ᠪᠠᠢ᠌ᠴᠠᠭ᠋ᠠᠨ ᠰᠤᠳᠤᠯᠤᠯᠲᠠ ᠵᠢ ᠭᠦᠨᠵᠡᠭᠡᠢ ᠥᠷᠨᠢᠭᠦᠯᠵᠦ᠂ ᠬᠠᠮᠢᠶ᠎ᠠ ᠪᠦᠬᠦᠢ ᠪᠠᠢ᠌ᠳᠠᠯ᠎ᠢ ᠨᠢᠭᠲᠠ ᠡᠵᠡᠮᠰᠢᠨ᠂ ᠬᠠᠮᠢᠶ᠎ᠠ ᠪᠦᠬᠦᠢ ᠠᠵᠢᠯ ᠲᠥᠷᠥᠯ᠎ᠤᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠲᠤ ᠴᠠᠭ ᠲᠤᠬᠠᠢᠳᠤᠨᠢ ᠣᠨᠣᠪᠴᠢᠲᠠᠢ᠎ᠪᠠᠷ ᠲᠣᠭ᠎ᠠ ᠪᠠᠷᠢᠮᠲᠠ ᠵᠢᠨ ᠮᠡᠳᠡᠭᠡ ᠵᠠᠩᠭᠢ ᠬᠠᠩᠭ᠋ᠠᠵᠤ᠂ ᠨᠡᠢ᠌ᠭᠡᠮ᠎ᠳᠤ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠣᠷᠢᠭᠯᠠᠨ ᠵᠣᠭᠰᠣᠭ᠋ᠠᠭᠰᠠᠨ ᠮᠡᠳᠡᠭᠦᠯᠦᠯᠲᠡ ᠵᠢ ᠨᠡᠢ᠌ᠲᠡᠯᠡᠨ᠂ ᠠᠵᠢᠯ ᠲᠥᠷᠥᠯ᠎ᠤᠨ ᠬᠦᠷᠢᠶ᠎ᠡ ᠴᠠᠷᠠᠭ᠋ᠠᠨ᠎ᠳᠠᠬᠢ ᠲᠠᠸᠠᠷ ᠬᠡᠲᠦ ᠪᠣᠭᠣᠳᠠᠯᠯᠠᠵᠤ ᠪᠠᠭᠯᠠᠬᠤ᠎ᠪᠠᠨ ᠬᠢᠵᠠᠭ᠋ᠠᠷᠯᠠᠬᠤ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠ ᠪᠠᠷᠢᠮᠵᠢᠶ᠎ᠠ ᠵᠢ ᠨᠠᠢ᠌ᠳᠠᠪᠤᠷᠢᠵᠢᠭᠤᠯᠤᠭᠰᠠᠨ ᠵᠢᠴᠢ ᠳᠥᠭᠦᠮ ᠪᠣᠷᠣᠭᠵᠢᠭᠤᠨ ᠪᠣᠭᠣᠳᠠᠯ ᠪᠠᠭᠯᠠᠭ᠎ᠠ ᠵᠢ ᠳᠡᠯᠭᠡᠷᠡᠭᠦᠯᠦᠨ ᠬᠡᠷᠡᠭᠯᠡᠭᠰᠡᠨ ᠪᠠᠢ᠌ᠳᠠᠯ᠎ᠢ ᠨᠡᠢ᠌ᠲᠡᠯᠡᠨ᠎ᠡ᠃ (ᠥᠪᠡᠷᠲᠡᠭᠡᠨ ᠵᠠᠰᠠᠬᠤ ᠣᠷᠣᠨ᠎ᠤ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ ᠨᠢᠭᠡᠴᠢ᠂ ᠬᠠᠮᠢᠶ᠎ᠠ ᠪᠦᠬᠦᠢ ᠠᠵᠢᠯ ᠲᠥᠷᠥᠯ᠎ᠤᠨ ᠨᠡᠢ᠌ᠭᠡᠮᠯᠢᠭ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠳᠥᠷᠪᠡ᠂ ᠵᠣᠬᠢᠶᠠᠨ ᠪᠠᠢ᠌ᠭᠤᠯᠵᠤ ᠬᠡᠷᠡᠭᠵᠢᠭᠦᠯᠬᠦ᠎ᠪᠠᠨ ᠴᠢᠩᠭ᠋ᠠᠳᠬᠠᠨ᠎ᠠ
(ᠠᠷᠪᠠᠨ ᠬᠣᠶᠠᠷ) ᠵᠣᠬᠢᠶᠠᠨ ᠪᠠᠢ᠌ᠭᠤᠯᠵᠤ ᠵᠣᠬᠢᠴᠠᠭᠤᠯᠬᠤ᠎ᠪᠠᠨ ᠴᠢᠩᠭ᠋ᠠᠳᠬᠠᠨ᠎ᠠ᠃ ᠰᠠᠯᠠᠭ᠎ᠠ ᠮᠥᠴᠢᠷ᠎ᠤᠨ ᠬᠤᠭᠤᠷᠤᠨᠳᠤᠬᠢ ᠠᠵᠢᠯ᠎ᠤᠨ ᠬᠠᠮᠵᠢᠯᠴᠠᠭ᠎ᠠ ᠵᠢ ᠴᠢᠩᠭ᠋ᠠᠳᠬᠠᠵᠤ᠂ ᠠᠵᠢᠯ᠎ᠤᠨ ᠵᠥᠪᠳᠡᠯᠴᠡᠬᠦ ᠲᠣᠭᠲᠠᠴᠠ ᠵᠢ ᠪᠠᠢ᠌ᠭᠤᠯᠤᠨ᠂ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠠᠵᠢᠯ᠎ᠤᠨ ᠨᠠᠢ᠌ᠳᠠᠪᠤᠷᠢᠵᠢᠭᠤᠯᠤᠯᠲᠠ ᠵᠢ ᠠᠬᠢᠭᠤᠯᠤᠨ᠎ᠠ᠃ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠵᠠᠰᠠᠭᠰᠠᠨ ᠠᠵᠢᠯ᠎ᠤᠨ ᠠᠬᠢᠴᠠ᠎ᠪᠠᠨ ᠳ᠋ᠦᠩᠨᠡᠵᠦ᠂ ᠣᠷᠣᠰᠢᠵᠤ ᠪᠠᠢ᠌ᠭ᠎ᠠ ᠠᠰᠠᠭᠤᠳᠠᠯ᠎ᠤᠳ᠎ᠲᠤ ᠴᠢᠭᠯᠡᠭᠦᠯᠦᠨ ᠳᠠᠷᠠᠭ᠋ᠠᠴᠢ ᠵᠢᠨ ᠠᠯᠬᠤᠮ᠎ᠤᠨ ᠭᠣᠣᠯᠳᠠᠯᠭ᠎ᠠ ᠪᠣᠯᠬᠣ ᠠᠵᠢᠯ ᠵᠶ᠋ᠠᠨ ᠬᠠᠷᠠᠯᠲᠠ ᠬᠠᠨᠳᠤᠯᠭ᠎ᠠ᠎ᠲᠠᠢ᠎ᠪᠠᠷ ᠰᠤᠳᠤᠯᠤᠨ ᠪᠠᠢ᠌ᠷᠢᠯᠠᠭᠤᠯᠵᠤ᠂ ᠴᠢᠬᠤᠯᠠ ᠶᠡᠬᠡ ᠠᠰᠠᠭᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠳᠤ ᠴᠠᠭ ᠲᠤᠬᠠᠢᠳᠤᠨᠢ ᠮᠡᠳᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠎ᠠᠴᠠ ᠲᠦᠷᠦᠭᠦᠯᠡᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ ᠨᠢᠭᠡᠴᠢ᠎ᠠᠴᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠭᠤᠷᠪᠠ) ᠬᠠᠷᠢᠶᠠᠲᠤ ᠭᠠᠵᠠᠷ᠎ᠤᠨ ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠤᠨ᠎ᠠ᠃ ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠨᠢ ᠲᠣᠰ ᠭᠠᠵᠠᠷ ᠣᠷᠣᠨ᠎ᠤ᠎ᠪᠠᠨ ᠲᠠᠸᠠᠷ ᠬᠡᠲᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠬᠦ ᠠᠵᠢᠯ᠎ᠢ ᠶᠡᠷᠦᠩᠬᠡᠢ ᠬᠠᠷᠢᠭᠤᠴᠠᠵᠤ᠂ ᠥᠪᠡᠷᠲᠡᠭᠡᠨ ᠵᠠᠰᠠᠬᠤ ᠣᠷᠣᠨ᠎ᠤ ᠶᠡᠷᠦᠩᠬᠡᠢ ᠠᠵᠢᠯ᠎ᠤᠨ ᠪᠠᠢ᠌ᠷᠢᠯᠠᠭᠤᠯᠤᠯᠲᠠ ᠪᠠ ᠱᠠᠭ᠋ᠠᠷᠳᠠᠯᠭ᠎ᠠ ᠵᠢ ᠦᠨᠳᠦᠰᠦᠯᠡᠨ᠂ ᠵᠣᠬᠢᠶᠠᠨ ᠪᠠᠢ᠌ᠭᠤᠯᠵᠤ ᠤᠳᠤᠷᠢᠳᠬᠤ᠎ᠪᠠᠨ ᠴᠢᠩᠭ᠋ᠠᠳᠬᠠᠨ᠂ ᠠᠵᠢᠯ᠎ᠤᠨ ᠲᠣᠭᠲᠠᠴᠠ᠎ᠪᠠᠨ ᠲᠡᠭᠦᠯᠳᠡᠷᠵᠢᠭᠦᠯᠵᠦ᠂ ᠲᠠᠸᠠᠷ ᠬᠡᠲᠦ ᠪᠣᠭᠣᠳᠠᠯᠯᠠᠵᠤ ᠪᠠᠭᠯᠠᠬᠤ᠎ᠳᠤ ᠵᠠᠰᠠᠯᠲᠠ ᠬᠢᠬᠦ ᠠᠷᠭ᠎ᠠ ᠬᠡᠮᠵᠢᠶ᠎ᠡ᠎ᠪᠠᠨ ᠤᠯᠠᠮ ᠨᠢᠭᠡ ᠠᠯᠬᠤᠮ ᠨᠠᠷᠢᠯᠢᠭᠵᠢᠭᠤᠯᠤᠨ ᠨᠠᠢ᠌ᠳᠠᠪᠤᠷᠢᠵᠢᠭᠤᠯᠤᠨ᠎ᠠ᠃ (ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠬᠠᠷᠢᠭᠤᠴᠠᠨ᠎ᠠ)
(ᠠᠷᠪᠠᠨ ᠳᠥᠷᠪᠡ) ᠤᠬᠠᠭᠤᠯᠭ᠎ᠠ ᠬᠥᠮᠦᠵᠢᠯ ᠵᠶ᠋ᠡᠨ ᠴᠢᠩᠭ᠋ᠠᠳᠬᠠᠨ᠎ᠠ᠃ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠠ ᠰᠣᠨᠢᠨ ᠮᠡᠳᠡᠭᠡᠨ᠎ᠤ ᠵᠠᠭᠤᠴᠢᠯᠠᠭᠤᠷ᠎ᠢ ᠵᠢᠯᠤᠭᠣᠳᠴᠤ ᠪᠠᠢ᠌ᠭ᠋ᠠᠳ ᠲᠠᠸᠠᠷ ᠬᠡᠲᠦ ᠪᠣᠭᠣᠳᠠᠯᠯᠠᠵᠤ ᠪᠠᠭᠯᠠᠬᠤ ᠵᠢ ᠬᠢᠵᠠᠭ᠋ᠠᠷᠯᠠᠬᠤ ᠪᠠᠷᠢᠮᠵᠢᠶ᠎ᠠ ᠪᠠ ᠲᠥᠷᠥ ᠵᠢᠨ ᠪᠣᠳᠣᠯᠭ᠎ᠠ ᠵᠢ ᠶᠡᠬᠡ᠎ᠪᠠᠷ ᠤᠬᠠᠭᠤᠯᠤᠨ ᠲᠠᠢ᠌ᠯᠤᠮᠵᠢ ᠬᠢᠵᠦ᠂ ᠪᠣᠬᠢᠷᠳᠤᠯ ᠦᠭᠡᠢ ᠠᠷᠪᠢᠴᠢ ᠭᠠᠮᠲᠠᠢ ᠠᠮᠢᠳᠤᠷᠠᠯ᠎ᠤᠨ ᠠᠷᠭ᠎ᠠ ᠮᠠᠶᠢᠭ᠎ᠢ ᠰᠠᠨᠠᠭ᠋ᠠᠴᠢᠯᠠᠨ᠎ᠠ᠃ ᠨᠡᠢ᠌ᠲᠡᠯᠢᠭ ᠠᠷᠭ᠎ᠠ ᠬᠢᠳᠡᠯ᠂ ᠲᠡᠷᠢᠭᠦᠨ᠎ᠤ ᠨᠢᠭᠡᠴᠢ ᠪᠠ ᠬᠤᠪᠢ ᠬᠥᠮᠥᠨ᠎ᠢ ᠢᠳᠡᠪᠬᠢᠲᠡᠢ ᠮᠡᠳᠡᠭᠡᠯᠡᠵᠦ᠂ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠠᠰᠠᠭᠤᠳᠠᠯ᠎ᠤᠳ᠎ᠢ ᠳᠡᠰ ᠳᠠᠷᠠᠭ᠋ᠠᠯᠠᠯ ᠶᠣᠰᠣᠭ᠋ᠠᠷ ᠴᠠᠭᠲᠤᠨᠢ ᠲᠣᠬᠢᠷᠠᠭᠤᠯᠵᠤ ᠢᠯᠡᠷᠡᠭᠦᠯᠦᠨ ᠢᠯᠡᠴᠢᠯᠡᠵᠦ᠂ ᠨᠡᠢ᠌ᠭᠡᠮ ᠵᠶ᠋ᠠᠷ ᠵᠶ᠋ᠠᠨ ᠣᠷᠣᠯᠴᠠᠭᠰᠠᠨ ᠰᠠᠢ᠌ᠨ ᠰᠠᠢ᠌ᠬᠠᠨ ᠣᠷᠴᠢᠨ ᠠᠬᠤᠢ ᠵᠢ ᠪᠣᠢ ᠪᠣᠯᠭ᠋ᠠᠨ᠎ᠠ᠃ ᠡᠯ᠎ᠡ ᠱᠠᠲᠤᠨ᠎ᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ᠂ ᠨᠡᠢ᠌ᠭᠡᠮ᠎ᠤᠨ ᠪᠦᠯᠬᠦᠮ᠂ ᠠᠵᠢᠯ ᠦᠢ᠍ᠯᠡᠰ᠎ᠤᠨ ᠨᠢᠭᠡᠴᠢ᠂ ᠤᠯᠤᠰ᠎ᠤᠨ ᠥᠮᠴᠢᠯᠡᠯᠲᠦ ᠠᠵᠤ ᠠᠬᠤᠢ᠌ᠯᠠᠯ᠎ᠤᠳ ᠲᠦᠷᠦᠭᠦᠯᠡᠨ ᠰᠠᠨᠠᠭ᠋ᠠᠴᠢᠯᠠᠭ᠎ᠠ᠎ᠠᠴᠠ᠎ᠪᠠᠨ ᠬᠡᠲᠦ ᠪᠣᠭᠣᠳᠠᠯᠯᠠᠵᠤ ᠪᠠᠭᠯᠠᠭᠰᠠᠨ ᠲᠠᠸᠠᠷ᠎ᠢ ᠡᠰᠡᠷᠭᠦᠴᠡᠨ ᠬᠣᠷᠢᠭᠯᠠᠬᠤ ᠬᠡᠷᠡᠭᠲᠡᠢ᠃ (ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠣᠬᠠᠭᠣᠯᠬᠣ ᠬᠡᠯᠲᠡᠰ ᠵᠡᠷᠭᠡ ᠰᠠᠯᠠᠭ᠎ᠠ ᠮᠥᠴᠢᠷ ᠨᠢᠭᠡᠴᠢ᠂ ᠡᠯ᠎ᠡ ᠠᠢ᠌ᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ
2023 ᠣᠨ᠎ᠤ 2 ᠳ᠋ᠤᠭ᠋ᠠᠷ ᠰᠠᠷ᠎ᠠ ᠵᠢᠨ 10᠎ᠤ ᠡᠳᠦᠷ ᠳᠠᠷᠤᠮᠠᠯᠯᠠᠨ ᠲᠠᠷᠬᠠᠭ᠋ᠠᠪᠠ