ᠢᠯᠡ ᠵᠠᠰᠠᠭ   -   ᠠᠯᠪᠠᠨ ᠲᠢᠩᠬᠢᠮ᠎ᠤᠨ ᠪᠢᠴᠢᠭ ᠮᠠᠲ᠋ᠧᠷᠢᠶᠠᠯ
《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢ ᠪᠥᠬᠥ ᠲᠠᠯ᠎ᠠ᠎ᠪᠠᠷ ᠴᠢᠩᠭ᠋ᠠᠳᠬᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠰᠠᠨᠠᠯ
ᠨᠡᠶ᠋ᠢᠲᠡᠯᠡᠭᠰᠡᠨ ᠴᠠᠭ᠄ 2025-01-27

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠪᠢᠴᠢᠭ ᠮᠠᠲ᠋ᠧᠷᠢᠶᠠᠯ

ᠥᠪᠥᠷ ᠵᠠᠰᠠᠭ ᠠᠯᠪᠠᠨ ᠲᠠᠷᠬᠠᠭ᠋ᠠᠭᠰᠠᠨ [2024] 62 ᠳ᠋ᠤᠭ᠋ᠠᠷ ᠲᠣᠭ᠋ᠠᠲᠤ

 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢ ᠪᠥᠬᠥ ᠲᠠᠯ᠎ᠠ᠎ᠪᠠᠷ ᠴᠢᠩᠭ᠋ᠠᠳᠬᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠰᠠᠨᠠᠯ

ᠡᠯ᠎ᠡ ᠠᠢ᠌ᠮᠠᠭ᠎ᠤᠨ ᠵᠠᠬᠢᠷᠭ᠎ᠠ᠂ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ᠎ᠳᠤ᠄

    ᠪᠥᠬᠥ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠵᠠᠰᠠᠯᠲᠠ ᠵᠢᠨ ᠴᠢᠳᠠᠪᠤᠷᠢ ᠪᠠ ᠬᠢᠷᠢ ᠲᠦᠪᠰᠢᠨ᠎ᠢ ᠲᠦᠷᠭᠡᠬᠡᠨ ᠳᠡᠭᠡᠭᠰᠢᠯᠡᠭᠦᠯᠵᠦ᠂ ᠳ᠋ᠢᠭᠢᠲ ᠮᠡᠷᠭᠡᠵᠢᠯ᠎ᠤᠨ ᠰᠢᠨ᠎ᠡ ᠵᠢ ᠡᠭᠦᠳᠦᠭᠰᠡᠨ ᠬᠡᠷᠡᠭᠯᠡᠯᠲᠡ᠎ᠪᠠᠷ ᠳᠠᠮᠵᠢᠨ ᠲᠤᠬᠠᠢ᠌ᠯᠠᠭᠰᠠᠨ ᠠᠵᠢᠯ᠎ᠤᠨ ᠴᠤᠪᠤᠷᠠᠯ ᠪᠠ ᠠᠵᠢᠯ᠎ᠤᠨ ᠬᠡᠪ ᠵᠠᠭᠪᠤᠷ᠎ᠲᠤ ᠥᠭᠡᠷᠡᠴᠢᠯᠡᠯᠲᠡ ᠬᠢᠵᠦ ᠰᠢᠨ᠎ᠡ ᠡᠭᠦᠳᠦᠯᠲᠡ ᠭᠠᠷᠭ᠋ᠠᠬᠤ ᠵᠢ ᠬᠥᠲᠥᠯᠥᠨ ᠳᠠᠭ᠋ᠠᠭᠤᠯᠵᠤ᠂ ᠪᠥᠬᠥ ᠣᠷᠣᠨ᠎ᠤ ᠳ᠋ᠢᠬᠢᠲᠴᠢᠯᠡᠭᠰᠡᠨ᠂ ᠣᠶᠤᠨᠴᠢᠯᠠᠭᠰᠠᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠵᠠᠰᠠᠯᠲᠠ ᠵᠢᠨ ᠲᠣᠭᠲᠠᠯᠴᠠᠭ᠎ᠠ ᠵᠢ ᠪᠠᠶ᠋ᠢᠭᠤᠯᠬᠤ ᠵᠢᠨ ᠲᠤᠰᠠᠳᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠵᠶ᠋ᠠᠷ ᠵᠥᠪᠰᠢᠶᠡᠷᠡᠭᠦᠯᠦᠭᠡᠳ᠂ ᠡᠳᠦᠭᠡ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢ ᠪᠥᠬᠥ ᠲᠠᠯ᠎ᠠ᠎ᠪᠠᠷ ᠴᠢᠩᠭ᠋ᠠᠳᠬᠠᠬᠤ ᠲᠤᠬᠠᠢ ᠳᠣᠣᠷᠠᠬᠢ ᠮᠡᠲᠦ ᠰᠠᠨᠠᠯ᠎ᠢ ᠳᠤᠷᠠᠳᠪᠠ᠃

    ᠨᠢᠭᠡ᠂ ᠶᠡᠷᠦᠩᠬᠡᠢ ᠱᠠᠭ᠋ᠠᠷᠳᠠᠯᠭ᠎ᠠ

    ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭ᠋ᠠᠵᠤ᠂ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠠᠵᠢᠯ᠎ᠤᠨ ᠭᠣᠣᠯ ᠰᠢᠵᠢᠮ᠎ᠤᠨ ᠲᠣᠭᠣᠷᠢᠨ᠎ᠳᠤ ᠴᠢᠩᠭ᠎ᠠ ᠨᠢᠭᠲᠠᠷᠠᠵᠤ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠵᠶ᠋ᠡᠷ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠠᠵᠢᠯ᠎ᠳᠤ ᠬᠦᠴᠦᠨ ᠴᠢᠳᠠᠮᠵᠢ ᠡᠷᠴᠢᠮᠯᠡᠨ᠂ ᠬᠠᠮᠲᠤ᠎ᠪᠠᠷ ᠵᠥᠪᠳᠡᠯᠴᠡᠬᠦ᠂ ᠬᠠᠮᠲᠤ᠎ᠪᠠᠷ ᠪᠠᠶ᠋ᠢᠭᠤᠯᠬᠤ᠂ ᠬᠠᠮᠲᠤ᠎ᠳᠤ᠎ᠪᠠᠨ ᠭᠦᠷᠲᠡᠬᠦ ᠪᠠ ᠡᠷᠴᠢᠮᠵᠢᠭᠦᠯᠦᠨ ᠪᠦᠲᠦᠭᠡᠨ ᠪᠠᠶ᠋ᠢᠭᠤᠯᠬᠤ ᠵᠠᠷᠴᠢᠮ ᠶᠣᠰᠣᠭ᠋ᠠᠷ᠂ 3 ᠵᠢᠯ᠎ᠤᠨ ᠴᠠᠭ ᠬᠤᠭᠤᠴᠠᠭ᠎ᠠ ᠵᠢ ᠠᠰᠢᠭᠯᠠᠨ ᠪᠦᠬᠦ ᠣᠷᠣᠨ᠎ᠤ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢ ᠨᠢᠭᠡᠳᠦᠯᠲᠡᠢ ᠲᠥᠯᠥᠪᠯᠡᠨ ᠠᠬᠢᠭᠤᠯᠵᠤ᠂ ᠭᠠᠯ ᠲᠦᠢ᠍ᠮᠡᠷ᠎ᠢ ᠰᠡᠷᠭᠡᠢ᠌ᠯᠡᠨ ᠤᠨᠲᠠᠷᠠᠭ᠋ᠠᠬᠤ ᠬᠦᠷᠢᠶ᠎ᠡ ᠴᠠᠷᠠᠭ᠋ᠠᠨ᠎ᠳᠠᠬᠢ ᠲᠣᠮᠣ ᠳ᠋ᠠᠢ᠌ᠲ᠋ᠠ᠂ ᠪᠣᠳᠠᠰᠯᠢᠭ ᠬᠣᠯᠪᠣᠭ᠋ᠠᠲᠤ ᠰᠦᠯᠵᠢᠶ᠎ᠡ᠂ ᠵᠣᠬᠢᠶᠠᠮᠠᠯ ᠣᠶᠤᠨ ᠵᠡᠷᠭᠡ ᠲᠡᠷᠢᠭᠦᠨ᠎ᠤ ᠮᠡᠷᠭᠡᠵᠢᠯ᠎ᠤᠨ ᠬᠡᠷᠡᠭᠯᠡᠯᠲᠡ ᠵᠢ ᠴᠢᠩᠭ᠋ᠠᠷᠠᠭᠤᠯᠤᠨ᠂ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠲᠣᠮᠣ ᠳ᠋ᠠᠢ᠌ᠲ᠋ᠠ ᠵᠢᠨ ᠲᠠᠪᠴᠠᠩ ᠵᠶ᠋ᠠᠷ ᠳᠠᠮᠵᠢᠭᠤᠯᠤᠨ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠤᠨ ᠲᠠᠪᠴᠠᠩ᠎ᠤᠨ ᠳ᠋ᠠᠢ᠌ᠲ᠋ᠠ ᠵᠢ ᠬᠤᠷᠠᠮᠳᠤᠭᠤᠯᠬᠤ ᠪᠠ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ ᠵᠶ᠋ᠡᠷ ᠳᠠᠮᠵᠢᠭᠤᠯᠤᠨ ᠢᠨᠲ᠋ᠧᠷ ᠰᠦᠯᠵᠢᠶ᠎ᠡ᠂ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢᠨ ᠡᠬᠢ ᠪᠠᠶᠠᠯᠢᠭ᠎ᠢ ᠬᠤᠷᠠᠮᠳᠤᠭᠤᠯᠵᠤ᠂ ᠭᠠᠯ ᠲᠦᠢ᠍ᠮᠡᠷ ᠤᠨᠲᠠᠷᠠᠭ᠋ᠠᠵᠤ ᠠᠪᠤᠷᠠᠨ ᠲᠤᠰᠠᠯᠠᠬᠤ ᠮᠡᠳᠡᠭᠡ ᠵᠠᠩᠭᠢ ᠵᠢᠨ ᠰᠢᠰᠲᠸ᠊ᠮ᠎ᠢ ᠪᠦᠳᠦᠮᠵᠢᠳᠡᠢ ᠡᠮᠬᠢᠯᠡᠨ ᠨᠡᠢ᠌ᠯᠡᠭᠦᠯᠵᠦ᠂ ᠭᠠᠯ ᠲᠦᠢ᠍ᠮᠡᠷ᠎ᠤᠨ ᠲᠦᠭᠰᠢᠭᠦᠷᠢ ᠵᠢ ᠦᠨᠡᠯᠡᠨ ᠵᠢᠱ᠌ᠢᠬᠦ ᠣᠶᠤᠨᠲᠤ ᠵᠠᠭᠪᠤᠷ᠎ᠢ ᠠᠯᠬᠤᠮ ᠠᠯᠬᠤᠮ ᠵᠶ᠋ᠠᠷ ᠪᠠᠢ᠌ᠭᠤᠯᠤᠨ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠮᠤᠷ ᠲᠦᠪᠰᠢᠨ᠎ᠢ ᠬᠠᠮᠠᠭ᠋ᠠᠯᠠᠬᠤ ᠲᠤᠰᠬᠠᠢ ᠰᠡᠳᠦᠪᠲᠦ ᠳ᠋ᠠᠢ᠌ᠲ᠋ᠠ ᠬᠥᠮᠥᠷᠭᠡ ᠵᠢ ᠴᠣᠭᠴᠠᠯᠠᠨ ᠪᠠᠢ᠌ᠭᠤᠯᠵᠤ᠂ ᠳ᠋ᠠᠢ᠌ᠲ᠋ᠠ᠎ᠪᠠᠷ ᠵᠠᠰᠠᠬᠤ᠂ ᠬᠣᠯᠪᠣᠯᠳᠤᠭᠤᠯᠤᠨ ᠠᠭᠤᠰᠤᠯᠴᠠᠭᠤᠯᠬᠤ ᠪᠠ ᠭᠣᠣᠯᠯᠠᠬᠤ ᠲᠤᠬᠠᠢ᠌ᠯᠠᠭᠰᠠᠨ ᠠᠵᠢᠯ᠎ᠤᠨ ᠳ᠋ᠠᠢ᠌ᠲ᠋ᠠ ᠵᠢ ᠨᠠᠷᠢᠯᠢᠭᠵᠢᠭᠤᠯᠬᠤ᠎ᠪᠠᠨ ᠠᠬᠢᠭᠤᠯᠵᠤ᠂ ᠭᠠᠯ ᠲᠦᠢ᠍ᠮᠡᠷ ᠰᠡᠷᠭᠡᠢ᠌ᠯᠡᠬᠦ᠂ ᠭᠠᠯ ᠲᠦᠢ᠍ᠮᠡᠷ ᠤᠨᠲᠠᠷᠠᠭ᠋ᠠᠬᠤ ᠪᠦᠷᠢᠨ ᠵᠠᠩᠭᠢ ᠵᠢᠨ ᠳ᠋ᠠᠢ᠌ᠲ᠋ᠠ ᠵᠢ ᠴᠠᠭ ᠲᠤᠬᠠᠢ᠎ᠳᠤ᠎ᠨᠢ ᠬᠤᠷᠠᠮᠳᠤᠭᠤᠯᠬᠤ ᠪᠠ ᠨᠢᠭᠡᠳᠦᠯᠲᠡᠢ ᠠᠰᠢᠭᠯᠠᠬᠤ ᠵᠢ ᠪᠡᠶᠡᠯᠡᠭᠦᠯᠦᠨ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠮᠤᠷ ᠲᠦᠪᠰᠢᠨ᠎ᠢ ᠬᠠᠮᠠᠭ᠋ᠠᠯᠠᠬᠤ ᠵᠠᠰᠠᠯᠲᠠ ᠵᠢᠨ ᠬᠡᠪ ᠵᠠᠭᠪᠤᠷ᠎ᠤᠨ ᠲᠠᠯ᠎ᠠ᠎ᠪᠠᠷ 《ᠬᠡᠷᠡᠭ ᠤᠴᠢᠷ ᠡᠭᠦᠰᠬᠦ᠎ᠠᠴᠠ ᠡᠮᠦᠨ᠎ᠡ ᠰᠡᠷᠭᠡᠢ᠌ᠯᠡᠬᠦ》 ᠲᠡᠢ᠌ᠰᠢ ᠬᠡᠯᠪᠡᠷᠢ᠎ᠪᠠᠨ ᠬᠤᠪᠢᠷᠠᠭ᠋ᠠᠬᠤ ᠵᠢ ᠠᠬᠢᠭᠤᠯᠤᠨ᠎ᠠ᠃

    ᠬᠣᠶᠠᠷ᠂ ᠭᠣᠣᠯᠳᠠᠯᠭ᠎ᠠ᠎ᠲᠠᠢ ᠡᠭᠦᠷᠭᠡ

    (ᠨᠢᠭᠡ) ᠬᠤᠳᠠ ᠵᠢᠨ ᠭᠠᠯ ᠲᠦᠢ᠍ᠮᠡᠷ᠎ᠢ ᠰᠡᠷᠭᠡᠢ᠌ᠯᠡᠨ ᠡᠵᠡᠮᠳᠡᠬᠦ ᠣᠶᠤᠨᠴᠢ ᠲᠠᠪᠴᠠᠩ᠎ᠢ ᠪᠦᠲᠦᠭᠡᠨ ᠪᠠᠢ᠌ᠭᠤᠯᠤᠨ᠎ᠠ

    1. ᠭᠠᠯ ᠲᠦᠢ᠍ᠮᠡᠷ᠎ᠤᠨ ᠲᠦᠭᠰᠢᠭᠦᠷᠢ ᠵᠢ ᠬᠢᠨᠠᠨ ᠰᠢᠨᠵᠢᠵᠦ ᠰᠡᠷᠡᠮᠵᠢᠯᠡᠭᠦᠯᠬᠦ ᠰᠢᠰᠲ᠋ᠧᠮ᠎ᠢ ᠪᠦᠲᠦᠭᠡᠨ ᠪᠠᠢ᠌ᠭᠤᠯᠤᠨ᠎ᠠ᠃ ᠭᠠᠯ ᠲᠦᠢ᠍ᠮᠡᠷ᠂ ᠨᠢᠭᠡᠴᠢ᠂ ᠪᠠᠷᠢᠯᠭ᠎ᠠ᠂ ᠭᠠᠵᠠᠷ ᠵᠦᠢ ᠵᠢᠨ ᠮᠡᠳᠡᠭᠡ ᠵᠠᠩᠭᠢ᠂ ᠬᠢᠨᠠᠯᠲᠠ ᠲᠠᠯᠪᠢᠵᠤ ᠪᠠᠢ᠌ᠴᠠᠭ᠋ᠠᠬᠤ᠂ ᠨᠢᠭᠡᠴᠢ᠎ᠠᠴᠠ ᠲᠣᠭᠣᠷᠢᠨ ᠪᠠᠢ᠌ᠴᠠᠭ᠋ᠠᠬᠤ᠂ ᠬᠡᠮ ᠰᠣᠭᠣᠭ ᠵᠢᠴᠢ ᠴᠡᠭᠴᠡᠯᠡᠨ ᠰᠠᠢ᠌ᠵᠢᠷᠠᠭᠤᠯᠬᠤ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶ᠎ᠡ ᠵᠡᠷᠭᠡ ᠵᠢ ᠪᠠᠭᠲᠠᠭ᠋ᠠᠭᠰᠠᠨ ᠳᠣᠲᠣᠷ ᠭᠠᠳᠠᠷ ᠲᠠᠯ᠎ᠠ ᠵᠢᠨ ᠤᠯᠠᠨ ᠡᠬᠢᠲᠦ ᠲᠤᠬᠠᠢ᠌ᠯᠠᠭᠰᠠᠨ ᠠᠵᠢᠯ᠎ᠤᠨ ᠳ᠋ᠠᠢ᠌ᠲ᠋ᠠ ᠵᠢ ᠬᠤᠷᠠᠮᠳᠤᠭᠤᠯᠤᠨ᠂ ᠮᠠᠰᠢᠨ ᠵᠶ᠋ᠠᠷ ᠰᠣᠷᠣᠯᠴᠠᠭᠤᠯᠬᠤ ᠵᠢᠴᠢ ᠵᠣᠬᠢᠶᠠᠮᠠᠯ ᠤᠶᠤᠨ᠎ᠤ ᠮᠡᠷᠭᠡᠵᠢᠯ᠎ᠢ ᠠᠰᠢᠭᠯᠠᠵᠤ ᠪᠠᠢ᠌ᠭ᠋ᠠᠳ ᠨᠢᠭᠡᠴᠢ ᠵᠢᠨ ᠪᠠᠷᠢᠯᠭ᠎ᠠ ᠵᠢᠨ ᠭᠠᠯ ᠲᠦᠢ᠍ᠮᠡᠷ᠎ᠤᠨ ᠲᠦᠭᠰᠢᠭᠦᠷᠢ ᠵᠢ ᠦᠨᠡᠯᠡᠨ ᠵᠢᠱ᠌ᠢᠬᠦ ᠵᠠᠭᠪᠤᠷ ᠵᠢᠴᠢ ᠣᠷᠣᠨ ᠰᠠᠭᠤᠴᠠ ᠵᠢᠨ ᠰᠠᠭᠤᠭ᠋ᠠᠯᠢ ᠲᠣᠭᠣᠷᠢᠭ᠎ᠤᠨ ᠭᠠᠯ ᠲᠦᠢ᠍ᠮᠡᠷ᠎ᠤᠨ ᠲᠦᠭᠰᠢᠭᠦᠷᠢ ᠵᠢ ᠦᠨᠡᠯᠡᠨ ᠵᠢᠱ᠌ᠢᠬᠦ ᠵᠠᠭᠪᠤᠷ᠎ᠲᠤ ᠰᠤᠷᠭ᠋ᠠᠭᠤᠯᠢᠯᠠᠯ ᠬᠢᠵᠦ᠂ ᠲᠦᠭᠰᠢᠭᠦᠷᠢ ᠵᠢ ᠬᠥᠳᠡᠯᠦᠩᠭᠦᠢ ᠦᠨᠡᠯᠡᠨ ᠵᠢᠱ᠌ᠢᠬᠦ᠂ ᠤᠨᠤᠪᠴᠢᠳᠠᠢ ᠰᠡᠷᠡᠮᠵᠢᠯᠡᠬᠦᠯᠬᠦ ᠠᠵᠢᠯ᠎ᠢ ᠥᠷᠨᠢᠭᠦᠯᠦᠨ᠂ 《ᠬᠣᠶᠠᠷ᠎ᠢ ᠲᠠᠰᠢᠷᠠᠮ ᠵᠶ᠋ᠠᠷ ᠰᠤᠭᠤᠴᠢᠵᠤ ᠨᠢᠭᠡ ᠵᠢ ᠢᠯᠡ ᠪᠣᠯᠭ᠋ᠠᠬᠤ》 ᠰᠢᠰᠲ᠋ᠧᠮ᠎ᠲᠠᠢ ᠵᠣᠯᠭ᠋ᠠᠭᠤᠯᠵᠤ᠂ ᠨᠡᠢ᠌ᠭᠡᠮ᠎ᠤᠨ ᠨᠢᠭᠡᠴᠢ ᠵᠢ ᠰᠤᠭᠤᠴᠢᠨ ᠪᠠᠢ᠌ᠴᠠᠭ᠋ᠠᠬᠤ ᠬᠠᠷᠢᠴᠠᠯ ᠪᠠ ᠪᠠᠢ᠌ᠴᠠᠭ᠋ᠠᠬᠤ ᠤᠳᠠᠭ᠎ᠠ ᠳᠠᠷᠠᠭ᠎ᠠ ᠵᠢ ᠰᠢᠨᠵᠢᠯᠡᠬᠦ ᠤᠬᠠᠭ᠋ᠠᠨᠴᠢ᠎ᠪᠠᠷ ᠲᠣᠬᠢᠷᠠᠭᠤᠯᠤᠨ᠂ ᠭᠠᠯ ᠲᠦᠢ᠍ᠮᠡᠷ᠎ᠢ ᠰᠡᠷᠭᠡᠢ᠌ᠯᠡᠨ ᠤᠨᠲᠠᠷᠠᠭ᠋ᠠᠬᠤ ᠬᠢᠨᠠᠯᠲᠠ ᠬᠠᠮᠢᠶᠠᠷᠤᠯᠲᠠ ᠵᠢᠨ ᠬᠦᠴᠦᠨ᠎ᠢ ᠬᠥᠲᠥᠯᠥᠨ ᠵᠢᠯᠤᠭᠣᠳᠴᠤ ᠪᠠᠢ᠌ᠭ᠋ᠠᠳ ᠭᠠᠯ ᠲᠦᠢ᠍ᠮᠡᠷ᠎ᠤᠨ ᠲᠦᠭᠰᠢᠭᠦᠷᠢ ᠶᠡᠬᠡᠲᠡᠢ ᠲᠠᠯᠠᠪᠤᠷ ᠭᠠᠵᠠᠷ᠎ᠲᠤ ᠠᠩᠬᠠᠷᠤᠯ ᠲᠥᠪᠯᠡᠷᠡᠭᠦᠯᠵᠦ᠂ ᠮᠡᠳᠡᠭᠡ ᠵᠠᠩᠭᠢ ᠨᠡᠢ᠌ᠲᠡᠯᠡᠬᠦ ᠪᠠᠷᠢᠮᠵᠢᠶᠠᠵᠢᠭᠤᠯᠤᠭᠰᠠᠨ ᠵᠠᠯᠭ᠋ᠠᠭ᠋ᠠᠰᠤ ᠬᠠᠩᠭ᠋ᠠᠨ᠂ ᠠᠵᠢᠯ ᠲᠥᠷᠥᠯ᠎ᠤᠨ ᠰᠠᠯᠠᠭ᠎ᠠ ᠮᠥᠴᠢᠷ ᠵᠢᠴᠢ ᠦᠨᠳᠦᠰᠦᠨ ᠱᠠᠲᠤᠨ᠎ᠤ ᠵᠠᠰᠠᠭ᠎ᠤᠨ ᠣᠷᠳᠣᠨ᠎ᠤ ᠬᠠᠨᠳᠤᠯᠭ᠋ᠠᠲᠤ ᠴᠢᠨᠠᠷᠲᠠᠢ ᠶᠡᠷᠦᠩᠬᠡᠢ᠌ᠯᠡᠭᠰᠡᠨ ᠬᠢᠨᠠᠯᠲᠠ ᠬᠠᠮᠢᠶᠠᠷᠤᠯᠲᠠ ᠵᠢ ᠰᠢᠯᠢᠳᠡᠭᠵᠢᠭᠦᠯᠦᠨ᠎ᠡ᠃ 2026 ᠣᠨ᠎ᠤ ᠰᠡᠭᠦᠯᠴᠢ᠎ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ᠎ᠤ ᠲᠣᠮᠣ ᠳ᠋ᠠᠢ᠌ᠲ᠋ᠠ ᠵᠢᠨ ᠭᠠᠯ ᠲᠦᠢ᠍ᠮᠡᠷ᠎ᠤᠨ ᠲᠦᠭᠰᠢᠭᠦᠷᠢ ᠵᠢ ᠬᠢᠨᠠᠨ ᠰᠢᠨᠵᠢᠵᠦ ᠰᠡᠷᠡᠮᠵᠢᠯᠡᠭᠦᠯᠬᠦ ᠰᠢᠰᠲ᠋ᠧᠮ᠎ᠤᠨ ᠲᠠᠪᠴᠠᠩ᠎ᠤᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠵᠦ᠂ ᠭᠣᠣᠯᠳᠠᠯᠭ᠎ᠠ ᠪᠣᠯᠬᠤ ᠬᠣᠲᠠ (ᠬᠥᠬᠡᠬᠣᠲᠠ᠂ ᠪᠤᠭᠤᠲᠤ ᠬᠣᠲᠠ᠂ ᠤᠯᠠᠭ᠋ᠠᠨᠬᠠᠳᠠ ᠬᠣᠲᠠ᠂ ᠣᠷᠳᠣᠰ ᠬᠣᠲᠠ᠂ ᠪᠠᠶᠠᠨᠨᠠᠭᠤᠷ ᠬᠣᠲᠠ)᠎ᠨᠤᠭᠤᠳ᠎ᠲᠤ ᠭᠠᠯ ᠲᠦᠢ᠍ᠮᠡᠷ᠎ᠤᠨ ᠲᠦᠭᠰᠢᠭᠦᠷᠢ ᠵᠢ ᠬᠢᠨᠠᠨ ᠰᠢᠨᠵᠢᠵᠦ ᠰᠡᠷᠡᠮᠵᠢᠯᠡᠭᠦᠯᠬᠦ ᠰᠢᠰᠲ᠋ᠧᠮ᠎ᠤᠨ ᠬᠠᠮᠢᠶ᠎ᠠ ᠪᠦᠬᠦᠢ ᠳ᠋ᠠᠢ᠌ᠲ᠋ᠠ ᠵᠢ ᠵᠠᠯᠭ᠋ᠠᠨ ᠣᠷᠣᠭᠤᠯᠬᠤ ᠵᠢᠨ ᠬᠠᠮᠲᠤ ᠳᠡᠯᠭᠡᠷᠡᠭᠦᠯᠦᠨ ᠬᠡᠷᠡᠭᠯᠡᠬᠦ ᠠᠵᠢᠯ᠎ᠢ ᠥᠷᠨᠢᠭᠦᠯᠦᠨ᠎ᠡ; 2027 ᠣᠨ᠎ᠤ ᠰᠡᠭᠦᠯᠴᠢ᠎ᠠᠴᠠ ᠡᠮᠦᠨ᠎ᠡ ᠪᠤᠰᠤᠳ ᠠᠢ᠌ᠮᠠᠭ ᠬᠣᠲᠠ᠎ᠨᠤᠭᠤᠳ᠎ᠲᠤ ᠵᠠᠯᠭ᠋ᠠᠵᠤ ᠣᠷᠣᠭᠤᠯᠬᠤ ᠠᠵᠢᠯ ᠵᠶ᠋ᠡᠨ ᠪᠡᠶᠡᠯᠡᠭᠦᠯᠦᠨ᠎ᠡ᠃

    2. ᠨᠡᠢ᠌ᠭᠡᠮ᠎ᠤᠨ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠮᠤᠷ ᠲᠦᠪᠰᠢᠨ᠎ᠢ ᠬᠠᠮᠠᠭ᠋ᠠᠯᠠᠬᠤ ᠡᠵᠡ ᠮᠡᠳᠡᠭᠰᠡᠨ ᠬᠠᠮᠢᠶᠠᠷᠤᠯᠲᠠ ᠵᠢᠨ ᠰᠢᠰᠲᠸ᠊ᠮ᠎ᠢ ᠪᠦᠲᠦᠭᠡᠨ ᠪᠠᠢ᠌ᠭᠤᠯᠤᠨ᠎ᠠ᠃ ᠨᠡᠢ᠌ᠭᠡᠮ᠎ᠤᠨ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠮᠤᠷ ᠲᠦᠪᠰᠢᠨ᠎ᠢ ᠬᠠᠮᠠᠭ᠋ᠠᠯᠠᠬᠤ ᠡᠵᠡ ᠮᠡᠳᠡᠭᠰᠡᠨ ᠬᠠᠮᠢᠶᠠᠷᠤᠯᠲᠠ ᠵᠢᠨ ᠰᠢᠰᠲ᠋ᠧᠮ᠎ᠢ ᠰᠤᠳᠤᠯᠤᠨ ᠨᠡᠭᠡᠭᠡᠵᠦ᠂ ᠡᠳᠦᠷ ᠲᠤᠲᠤᠮ᠎ᠤᠨ ᠪᠣᠯᠪᠠᠰᠤᠷᠠᠯ ᠰᠣᠷᠢᠯᠲᠠ᠂ ᠭᠠᠯ ᠲᠦᠢ᠍ᠮᠡᠷ᠎ᠤᠨ ᠬᠡᠷᠡᠭ᠎ᠤᠨ ᠵᠢᠱ᠌ᠢᠶ᠎ᠡ ᠵᠢ ᠬᠠᠨᠳᠤᠯᠭ᠎ᠠ᠎ᠲᠠᠢ᠎ᠪᠠᠷ ᠳᠠᠮᠵᠢᠭᠤᠯᠤᠨ ᠬᠦᠷᠭᠡᠬᠦ ᠵᠡᠷᠭᠡ ᠦᠢ᠍ᠯᠡᠳᠦᠯ ᠴᠢᠳᠠᠮᠵᠢ ᠵᠢ᠎ᠨᠢ ᠳᠡᠮᠵᠢᠵᠦ᠂ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠬᠠᠮᠢᠶᠠᠷᠤᠯᠲᠠ ᠵᠢᠨ ᠠᠵᠢᠯᠲᠠᠨ᠎ᠳᠤ ᠦᠨᠡᠨ ᠨᠡᠷ᠎ᠡ ᠵᠢᠨ ᠳᠦᠷᠢᠮ ᠵᠶ᠋ᠡᠷ ᠬᠠᠮᠢᠶᠠᠷᠤᠯᠲᠠ ᠬᠢᠬᠦ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠪᠠᠢ᠌ᠴᠠᠭ᠋ᠠᠯᠲᠠ ᠵᠢᠨ ᠠᠭᠤᠯᠭ᠎ᠠ ᠵᠢ ᠪᠠᠷᠢᠮᠵᠢᠶᠠᠵᠢᠭᠤᠯᠤᠨ ᠵᠢᠷᠤᠮᠵᠢᠭᠤᠯᠬᠤ ᠵᠡᠷᠭᠡ ᠠᠷᠭ᠎ᠠ ᠬᠡᠮᠵᠢᠶ᠎ᠡ᠎ᠪᠠᠷ ᠳᠠᠮᠵᠢᠭᠤᠯᠤᠨ᠂ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠬᠠᠮᠢᠶᠠᠷᠤᠯᠲᠠ ᠵᠢ ᠵᠢᠷᠤᠮᠵᠢᠭᠤᠯᠬᠤ ᠪᠠ ᠨᠠᠷᠢᠯᠢᠭᠵᠢᠭᠤᠯᠬᠤ ᠬᠢᠷᠢ ᠲᠦᠪᠰᠢᠨ᠎ᠢ᠎ᠨᠢ ᠳᠡᠭᠡᠭᠰᠢᠯᠡᠭᠦᠯᠬᠦ ᠵᠢᠨ ᠬᠠᠮᠲᠤ᠂ ᠨᠡᠢ᠌ᠭᠡᠮ᠎ᠤᠨ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠡᠵᠡ ᠮᠡᠳᠡᠭᠰᠡᠨ ᠬᠠᠮᠢᠶᠠᠷᠤᠯᠲᠠ ᠵᠢᠨ ᠰᠢᠰᠲ᠋ᠧᠮ᠎ᠢ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠰᠢᠰᠲ᠋ᠧᠮ᠎ᠯᠦᠭᠡ ᠵᠣᠯᠭ᠋ᠠᠭᠤᠯᠬᠤ ᠵᠢ ᠪᠡᠶᠡᠯᠡᠭᠦᠯᠵᠦ᠂ ᠬᠥᠮᠥᠨ ᠪᠠ ᠮᠡᠷᠭᠡᠵᠢᠯ ᠵᠶ᠋ᠡᠷ ᠰᠡᠷᠭᠡᠢ᠌ᠯᠡᠬᠦ ᠵᠢᠨ ᠣᠷᠭ᠋ᠠᠨᠢᠭ ᠨᠢᠭᠡᠳᠦᠯ᠎ᠢ ᠪᠦᠷᠢᠯᠳᠦᠭᠦᠯᠦᠨ᠂ ᠨᠡᠢ᠌ᠭᠡᠮ᠎ᠤᠨ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠭᠣᠣᠯ ᠴᠣᠭᠴᠠ ᠵᠢᠨ ᠬᠠᠷᠢᠭᠤᠴᠠᠯᠭ᠎ᠠ ᠵᠢ ᠨᠠᠩ ᠰᠠᠢ᠌ᠲᠤᠷ ᠨᠠᠢ᠌ᠳᠠᠪᠤᠷᠢᠵᠢᠭᠤᠯᠬᠤ ᠵᠢ ᠠᠬᠢᠭᠤᠯᠤᠨ᠎ᠠ᠃ 2026 ᠣᠨ᠎ᠤ ᠰᠡᠭᠦᠯᠴᠢ᠎ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ᠎ᠤ᠎ᠬᠢᠨ ᠨᠡᠢ᠌ᠭᠡᠮ᠎ᠤᠨ ᠨᠢᠭᠡᠴᠢ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠡᠵᠡ ᠮᠡᠳᠡᠭᠰᠡᠨ ᠬᠠᠮᠢᠶᠠᠷᠤᠯᠲᠠ ᠵᠢᠨ ᠰᠢᠰᠲ᠋ᠧᠮ᠎ᠤᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠬᠦ ᠵᠢᠨ ᠬᠠᠮᠲᠤ᠂ ᠪᠥᠬᠥ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠭᠣᠣᠯᠳᠠᠯᠭ᠎ᠠ ᠪᠣᠯᠬᠤ ᠨᠢᠭᠡᠴᠢ᠎ᠳᠤ ᠳᠡᠯᠭᠡᠷᠡᠭᠦᠯᠦᠨ ᠬᠡᠷᠡᠭᠯᠡᠵᠦ᠂ 2027 ᠣᠨ᠎ᠤ ᠰᠡᠭᠦᠯᠴᠢ᠎ᠠᠴᠠ ᠡᠮᠦᠨ᠎ᠡ ᠪᠥᠬᠥ ᠣᠷᠣᠨ᠎ᠤ 10 ᠲᠦᠮᠡ ᠭᠠᠷᠤᠢ ᠨᠡᠢ᠌ᠭᠡᠮ᠎ᠤᠨ ᠨᠢᠭᠡᠴᠢ ᠵᠢ ᠰᠢᠰᠲ᠋ᠧᠮ᠎ᠳᠤ ᠵᠠᠯᠭ᠋ᠠᠨ ᠣᠷᠣᠭᠤᠯᠬᠤ᠎ᠪᠠᠷ ᠬᠦᠴᠦᠯᠡᠨ ᠴᠢᠷᠮᠠᠢ᠌ᠨ᠎ᠠ᠃

    3. ᠬᠣᠲᠠ ᠬᠥᠳᠡᠭᠡ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢ ᠵᠠᠯᠭ᠋ᠠᠨ ᠣᠷᠣᠭᠤᠯᠬᠤ ᠲᠠᠪᠴᠠᠩ᠎ᠢ ᠪᠦᠲᠦᠭᠡᠨ ᠪᠠᠢ᠌ᠭᠤᠯᠤᠨ᠎ᠠ᠃ 2026 ᠣᠨ᠎ᠤ ᠰᠡᠭᠦᠯᠴᠢ᠎ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢᠨ ᠲᠠᠪᠴᠠᠩ᠎ᠤᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠦᠨ᠎ᠡ᠃ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢ ᠵᠠᠯᠭ᠋ᠠᠨ ᠣᠷᠣᠭᠤᠯᠬᠤ ᠪᠠᠷᠢᠮᠵᠢᠶ᠎ᠠ᠎ᠪᠠᠨ ᠵᠢᠷᠤᠮᠵᠢᠭᠤᠯᠵᠤ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢ ᠠᠭᠤᠰᠤᠯᠴᠠᠭᠤᠯᠤᠨ ᠬᠠᠮᠲᠤ᠎ᠳᠤ᠎ᠪᠠᠨ ᠭᠥᠷᠳᠡᠬᠦ᠂ ᠬᠣᠣᠰ ᠴᠢᠭᠯᠡᠯ ᠵᠶ᠋ᠡᠷ ᠬᠦᠴᠦᠨ ᠴᠢᠳᠠᠮᠵᠢ ᠡᠷᠴᠢᠮᠯᠡᠬᠦ ᠵᠢ ᠠᠬᠢᠭᠤᠯᠤᠨ ᠪᠡᠶᠡᠯᠡᠭᠦᠯᠵᠦ᠂ ᠬᠣᠲᠠ ᠵᠢᠨ ᠭᠠᠯ ᠲᠦᠢ᠍ᠮᠡᠷ᠎ᠢ ᠰᠡᠷᠭᠡᠢ᠌ᠯᠡᠨ ᠡᠵᠡᠮᠳᠡᠬᠦ᠂ ᠭᠠᠯ ᠲᠦᠢ᠍ᠮᠡᠷ ᠤᠨᠲᠠᠷᠠᠭ᠋ᠠᠵᠤ ᠠᠪᠤᠷᠠᠨ ᠲᠤᠰᠠᠯᠠᠬᠤ ᠠᠵᠢᠯ᠎ᠳᠤ ᠮᠡᠷᠭᠡᠵᠢᠯ᠎ᠤᠨ ᠲᠤᠯᠭ᠋ᠠᠭᠤᠷᠢᠯᠠᠯ ᠬᠠᠩᠭ᠋ᠠᠨ᠎ᠠ᠃ ᠥᠨᠳᠥᠷ ᠳᠠᠪᠬᠤᠷᠭ᠋ᠠᠲᠤ ᠣᠯᠠᠨ ᠨᠡᠶ᠋ᠢᠲᠡ ᠵᠢᠨ ᠪᠠᠷᠢᠯᠭ᠎ᠠ᠂ ᠲᠣᠮᠣ ᠬᠡᠯᠪᠡᠷᠢ ᠵᠢᠨ ᠬᠤᠳᠠᠯᠳᠤᠭ᠋ᠠᠨ᠎ᠤ ᠶᠡᠷᠦᠩᠬᠡᠢ᠌ᠯᠡᠭᠰᠡᠨ ᠴᠣᠭᠴᠠ᠂ ᠬᠢᠮᠢ ᠵᠢᠨ ᠠᠵᠤ ᠦᠢ᠍ᠯᠡᠳᠪᠦᠷᠢ ᠵᠢᠨ ᠬᠦᠷᠢᠶᠡᠯᠡᠩ ᠲᠣᠭᠣᠷᠢᠭ᠂ ᠬᠤᠳᠠᠯᠳᠤᠭ᠋ᠠᠨ᠎ᠤ ᠶᠠᠪᠤᠳᠠᠯ᠎ᠤᠨ ᠠᠰᠠᠷ ᠲᠠᠭᠲᠤ᠂ ᠠᠵᠤ ᠦᠢ᠍ᠯᠡᠰ᠎ᠤᠨ ᠬᠦᠷᠢᠶᠡᠯᠡᠩ ᠲᠣᠭᠣᠷᠢᠭ ᠵᠢᠴᠢ ᠡᠮᠴᠢᠯᠡᠭᠡ᠂ ᠨᠠᠰᠤᠵᠢᠯ᠎ᠤᠨ ᠠᠰᠠᠷᠠᠮᠵᠢ᠂ ᠰᠤᠷᠭ᠋ᠠᠭᠤᠯᠢ ᠵᠡᠷᠭᠡ ᠬᠥᠮᠥᠨ ᠬᠠᠷ᠎ᠠ ᠨᠢᠭᠲᠠᠷᠠᠭᠰᠠᠨ ᠲᠠᠯᠠᠪᠤᠷ ᠭᠠᠵᠠᠷ᠎ᠤᠨ ᠪᠠᠷᠢᠯᠭ᠎ᠠ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠡᠯᠡᠳᠬᠡᠮᠵᠢ ᠵᠢᠨ ᠮᠡᠳᠡᠭᠡ ᠵᠠᠩᠭᠢ ᠵᠢ ᠤᠷᠢᠳ ᠵᠶ᠋ᠠᠷ ᠵᠠᠯᠭ᠋ᠠᠨ ᠣᠷᠣᠭᠤᠯᠵᠤ᠂ ᠡᠵᠡᠮᠳᠡᠯ᠎ᠤᠨ ᠲᠠᠰᠤᠭ᠎ᠤᠨ ᠵᠢᠵᠢᠭᠦᠷᠯᠡᠬᠦ ᠲᠣᠭᠲᠠᠭ᠋ᠠᠯ᠎ᠢ ᠢᠵᠢ ᠪᠦᠷᠢᠳᠦᠭᠦᠯᠵᠦ ᠰᠢᠯᠢᠳᠡᠭᠵᠢᠭᠦᠯᠦᠨ ᠲᠣᠭᠲᠠᠭ᠋ᠠᠬᠤ ᠵᠡᠷᠭᠡ ᠠᠷᠭ᠎ᠠ ᠬᠡᠮᠵᠢᠶ᠎ᠡ᠎ᠪᠠᠷ ᠳᠠᠮᠵᠢᠭᠤᠯᠤᠨ ᠨᠡᠢ᠌ᠭᠡᠮ᠎ᠤᠨ ᠨᠢᠭᠡᠴᠢ ᠵᠢᠨ ᠪᠠᠷᠢᠯᠭ᠎ᠠ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠡᠯᠡᠳᠬᠡᠮᠵᠢ ᠵᠢᠨ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠪᠦᠲᠦᠭᠡᠨ ᠪᠠᠢ᠌ᠭᠤᠯᠤᠯᠲᠠ ᠵᠢᠨ ᠠᠵᠢᠯ᠎ᠢ ᠠᠬᠢᠭᠤᠯᠤᠨ᠎ᠠ; ᠬᠣᠲᠠ ᠪᠠᠯᠭ᠋ᠠᠰᠤᠨ᠎ᠤ ᠭᠣᠣᠨᠢ ᠭᠠᠭᠴᠠᠭ᠋ᠠᠷ ᠰᠠᠭᠤᠭ᠎ᠠ ᠨᠠᠰᠤᠲᠠᠢ᠌ᠴᠤᠳ᠎ᠲᠤ ᠢᠨᠲ᠋ᠧᠷ ᠰᠦᠯᠵᠢᠶᠡᠨ᠎ᠳᠤ ᠬᠣᠯᠪᠣᠭᠰᠠᠨ ᠬᠡᠯᠪᠡᠷᠢ ᠪᠦᠬᠦᠢ ᠣᠲᠣᠭ᠎ᠠ ᠮᠡᠳᠡᠷᠡᠵᠦ ᠭᠠᠯ ᠲᠦᠢ᠍ᠮᠡᠷ᠎ᠤᠨ ᠲᠦᠭᠰᠢᠭᠦᠷᠢ ᠮᠡᠳᠡᠭᠡᠯᠡᠬᠦ ᠲᠤᠰᠠᠭ᠋ᠠᠷ ᠮᠠᠰᠢᠨ ᠤᠭᠰᠠᠷᠠᠨ ᠥᠭᠴᠦ᠂ ᠬᠣᠲᠠ ᠪᠠᠯᠭ᠋ᠠᠰᠤ ᠵᠢᠴᠢ ᠲᠠᠷᠢᠶᠠᠯᠠᠬᠤ ᠮᠠᠯᠵᠢᠬᠤ ᠣᠷᠣᠨ᠎ᠤ ᠰᠠᠭᠤᠭ᠋ᠠᠯᠢ ᠠᠷᠠᠳ᠎ᠤᠨ ᠣᠷᠣᠨ ᠰᠠᠭᠤᠴᠠ᠎ᠳᠤ ᠣᠲᠣᠭ᠎ᠠ ᠮᠡᠳᠡᠷᠡᠬᠦ ᠲᠤᠰᠠᠭ᠋ᠠᠷ ᠮᠠᠶᠢᠭ᠎ᠤᠨ ᠣᠶᠤᠨᠴᠢ ᠬᠠᠢ᠌ᠭᠤᠷ ᠪᠤᠶᠤ ᠠᠯᠤᠰ᠎ᠠᠴᠠ ᠬᠢᠨᠠᠨ ᠡᠵᠡᠮᠳᠡᠵᠦ ᠪᠣᠯᠬᠤ ᠰᠡᠭᠦᠳᠡᠷᠯᠡᠬᠦ ᠮᠠᠰᠢᠨ ᠤᠭᠰᠠᠷᠠᠵᠤ ᠥᠭᠬᠦ ᠵᠢ ᠠᠬᠢᠭᠤᠯᠤᠨ᠎ᠠ᠃ 2026 ᠣᠨ᠎ᠤ ᠰᠡᠭᠦᠯᠴᠢ᠎ᠠᠴᠠ ᠡᠮᠦᠨ᠎ᠡ᠂ ᠭᠣᠣᠯᠳᠠᠯᠭ᠎ᠠ ᠪᠣᠯᠬᠤ ᠬᠣᠲᠠ (ᠬᠥᠬᠡᠬᠣᠲᠠ᠂ ᠪᠤᠭᠤᠲᠤ ᠬᠣᠲᠠ᠂ ᠤᠯᠠᠭ᠋ᠠᠨᠬᠠᠳᠠ ᠬᠣᠲᠠ᠂ ᠣᠷᠳᠣᠰ ᠬᠣᠲᠠ᠂ ᠪᠠᠶᠠᠨᠨᠠᠭᠤᠷ ᠬᠣᠲᠠ)᠎ᠨᠤᠭᠤᠳ᠎ᠲᠤ ᠬᠣᠲᠠ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠳ᠋ᠠᠢ᠌ᠲ᠋ᠠ ᠵᠢ ᠵᠠᠯᠭ᠋ᠠᠨ ᠣᠷᠣᠭᠤᠯᠬᠤ ᠠᠵᠢᠯ ᠵᠶ᠋ᠠᠨ ᠪᠡᠶᠡᠯᠡᠭᠦᠯᠦᠨ᠎ᠡ; 2027 ᠣᠨ᠎ᠤ ᠰᠡᠭᠦᠯᠴᠢ᠎ᠠᠴᠠ ᠡᠮᠦᠨ᠎ᠡ ᠪᠤᠰᠤᠳ ᠠᠢ᠌ᠮᠠᠭ ᠬᠣᠲᠠ᠎ᠨᠤᠭᠤᠳ᠎ᠲᠤ ᠵᠠᠯᠭ᠋ᠠᠵᠤ ᠣᠷᠣᠭᠤᠯᠬᠤ ᠠᠵᠢᠯ ᠵᠶ᠋ᠠᠨ ᠪᠡᠶᠡᠯᠡᠭᠦᠯᠦᠨ᠎ᠡ᠃

    (ᠬᠣᠶᠠᠷ) ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠪᠤᠷᠠᠨ ᠲᠤᠰᠠᠯᠠᠬᠤ ᠣᠶᠤᠨᠴᠢ ᠵᠢᠯᠣᠭᠣᠳᠤᠨ ᠲᠣᠬᠢᠷᠠᠭᠤᠯᠬᠤ ᠲᠠᠪᠴᠠᠩ᠎ᠢ ᠲᠡᠰ ᠳᠡᠪᠰᠢᠭᠦᠯᠦᠨ ᠥᠭᠡᠷᠡᠴᠢᠯᠡᠨ ᠰᠢᠨᠡᠳᠬᠡᠨ᠎ᠡ

    1. ᠲᠣᠮᠣ ᠳ᠋ᠠᠢ᠌ᠲ᠋ᠠ᠂ ᠡᠭᠦᠯᠡᠨ ᠪᠣᠳᠣᠯᠲᠠ᠂ ᠳ᠋ᠢᠬᠢᠲ ᠢᠬᠢᠷ᠎ᠡ ᠲᠦᠰᠦᠬᠡᠳᠦᠯᠭᠡ᠂ ᠰᠢᠯᠵᠢᠭᠡ ᠢᠨᠲ᠋ᠧᠷ ᠰᠦᠯᠵᠢᠶ᠎ᠡ ᠵᠡᠷᠭᠡ ᠮᠡᠷᠭᠡᠵᠢᠯ᠎ᠢ ᠭᠦᠢ᠍ᠴᠡᠳ ᠬᠡᠷᠡᠭᠯᠡᠨ᠂ ᠣᠲᠣ ᠵᠢᠨ ᠪᠠᠢ᠌ᠭ᠎ᠠ ᠲᠠᠪᠴᠠᠩ ᠵᠶ᠋ᠠᠨ ᠲᠠᠰ ᠳᠡᠪᠰᠢᠭᠦᠯᠵᠦ ᠥᠭᠡᠷᠡᠴᠢᠯᠡᠨ ᠰᠢᠨᠡᠳᠬᠡᠵᠦ᠂ ᠪᠥᠬᠥ ᠣᠷᠣᠨ᠎ᠤ ᠣᠳᠣᠬᠢᠴᠢᠯᠠᠭᠰᠠᠨ 119 ᠵᠢᠯᠤᠭᠣᠳᠬᠤ ᠲᠥᠪ᠎ᠢ ᠴᠣᠭᠴᠠᠯᠠᠨ ᠪᠠᠢ᠌ᠭᠤᠯᠵᠤ᠂ ᠴᠠᠭᠳᠠᠭ᠋ᠠᠨ᠎ᠤ ᠪᠠᠢ᠌ᠳᠠᠯ᠎ᠢ ᠲᠤᠬᠠᠢ ᠵᠢᠨ ᠴᠠᠭ᠎ᠲᠤ᠎ᠨᠢ ᠰᠦᠯᠵᠢᠶᠡᠵᠢᠭᠦᠯᠦᠨ ᠬᠤᠷᠠᠮᠳᠤᠭᠤᠯᠬᠤ᠂ ᠪᠠᠴᠢᠮ ᠪᠠᠢ᠌ᠳᠠᠯ᠎ᠢ ᠠᠷᠭ᠋ᠠᠴᠠᠭ᠋ᠠᠵᠤ ᠠᠪᠤᠷᠠᠨ ᠲᠤᠰᠠᠯᠠᠬᠤ ᠲᠠᠯ᠎ᠠ᠎ᠳᠤ ᠨᠢᠭᠡ᠎ᠪᠠᠷ ᠨᠢᠭᠡᠳᠬᠡᠭᠰᠡᠨ ᠵᠢᠷᠤᠭ᠎ᠲᠠᠢ ᠪᠠᠢ᠌ᠯᠭ᠋ᠠᠬᠤ ᠵᠡᠷᠭᠡ ᠦᠢ᠍ᠯᠡᠳᠦᠯ ᠴᠢᠳᠠᠮᠵᠢ ᠵᠢ ᠪᠡᠶᠡᠯᠡᠭᠦᠯᠦᠨ᠎ᠡ᠃ ᠣᠲᠣ ᠵᠢᠨ ᠪᠠᠢ᠌ᠭ᠎ᠠ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠪᠤᠷᠠᠨ ᠲᠤᠰᠠᠯᠠᠬᠤ ᠴᠢᠮᠡᠭᠡ ᠬᠣᠯᠪᠣᠭ᠋ᠠᠨ᠎ᠤ ᠲᠣᠣᠷ ᠰᠦᠯᠵᠢᠶ᠎ᠡ ᠵᠢ ᠪᠣᠢ᠌ᠳᠠ ᠪᠥᠭᠯᠡᠭᠦᠦ ᠭᠠᠵᠠᠷ ᠣᠷᠣᠨ᠎ᠳᠤ ᠬᠦᠷᠲᠡᠯ᠎ᠡ ᠤᠷᠲᠤᠳᠬᠠᠨ᠎ᠠ᠃ ᠪᠥᠬᠥ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠨᠣᠭ ᠲᠥᠬᠦᠭᠡᠷᠦᠮᠵᠢ ᠵᠢᠨ ᠪᠠᠢ᠌ᠷᠢ ᠲᠣᠭᠲᠠᠭ᠋ᠠᠯᠲᠠ᠂ PDT ᠶᠠᠷᠢᠯᠴᠠᠭᠤᠷ᠂ ᠵᠢᠯᠣᠭᠣᠴᠢ ᠦᠭᠡᠢ ᠨᠢᠰᠬᠡᠯ ᠵᠢᠴᠢ ᠭᠠᠭᠴᠠ ᠴᠡᠷᠢᠭ᠎ᠤᠨ ᠸᠢᠳᠢᠤ᠋ ᠵᠡᠷᠭᠡ ᠣᠳᠣ ᠵᠢᠨ ᠪᠠᠢ᠌ᠭ᠎ᠠ ᠡᠬᠢ ᠪᠠᠶᠠᠯᠢᠭ ᠵᠶ᠋ᠠᠨ ᠡᠮᠬᠢᠯᠡᠨ ᠨᠡᠢ᠌ᠯᠡᠭᠦᠯᠵᠦ᠂ ᠭᠠᠯ ᠲᠦᠢ᠍ᠮᠡᠷ ᠤᠨᠲᠠᠷᠠᠭ᠋ᠠᠵᠤ ᠠᠪᠤᠷᠠᠨ ᠲᠤᠰᠠᠯᠠᠬᠤ ᠪᠦᠷᠢᠨ ᠵᠠᠩᠭᠢ ᠵᠢᠨ ᠳ᠋ᠠᠢ᠌ᠲ᠋ᠠ ᠵᠢ ᠲᠤᠬᠠᠢ ᠵᠢᠨ ᠴᠠᠭ᠎ᠲᠤ᠎ᠨᠢ ᠬᠤᠷᠠᠮᠳᠤᠭᠤᠯᠤᠨ᠂ ᠨᠢᠭᠡᠳᠦᠯᠲᠡᠢ ᠠᠰᠢᠭᠯᠠᠬᠤ ᠵᠢ ᠪᠡᠶᠡᠯᠡᠭᠦᠯᠦᠨ᠎ᠡ; ᠰᠡᠷᠡᠮᠵᠢ ᠵᠢᠨ ᠳᠣᠬᠢᠶ᠎ᠠ ᠵᠢ ᠭᠥᠯᠢᠶᠡᠨ ᠠᠪᠴᠤ ᠰᠢᠢ᠍ᠳᠪᠦᠷᠢᠯᠡᠬᠦ ᠴᠤᠪᠤᠷᠠᠯ᠎ᠢ ᠵᠢᠷᠤᠮᠵᠢᠭᠤᠯᠤᠨ ᠲᠤᠯᠭ᠋ᠠᠭᠤᠷᠢᠯᠠᠬᠤ ᠪᠠᠭ᠋ᠠᠵᠢ ᠵᠢ ᠰᠤᠳᠤᠯᠤᠨ ᠨᠡᠭᠡᠭᠡᠵᠦ᠂ ᠣᠶᠤᠨᠴᠢᠯᠠᠭᠰᠠᠨ᠂ ᠪᠣᠰᠣᠭ᠎ᠠ ᠴᠣᠭᠴᠠᠵᠢᠭᠰᠠᠨ ᠲᠣᠬᠢᠷᠠᠭᠤᠯᠤᠯᠲᠠ ᠬᠢᠵᠦ ᠭᠦᠢ᠍ᠴᠡᠳᠬᠡᠨ ᠳᠠᠭ᠋ᠠᠬᠤ ᠬᠢᠭᠡᠳ ᠵᠢᠯᠤᠭᠣᠳᠴᠤ ᠦᠢ᠍ᠯᠡᠴᠢᠯᠡᠬᠦ ᠲᠣᠭᠲᠠᠯᠴᠠᠭ᠎ᠠ ᠵᠢ ᠪᠠᠢ᠌ᠭᠤᠯᠤᠨ᠎ᠠ᠃ 2026 ᠣᠨ᠎ᠤ ᠰᠡᠭᠦᠯᠴᠢ᠎ᠠᠴᠠ ᠡᠮᠦᠨ᠎ᠡ ᠥᠭᠡᠷᠡᠴᠢᠯᠡᠨ ᠰᠢᠨᠡᠳᠬᠡᠵᠦ ᠳᠠᠭᠤᠰᠬᠠᠨ᠎ᠠ᠃

    2. ᠳᠣᠬᠢᠭᠤᠷ ᠲᠤᠯᠤᠭ᠎ᠠ ᠳᠠᠭ᠋ᠠᠭᠤᠯᠢ ᠣᠳᠣᠨ᠎ᠤ ᠵᠠᠮᠴᠢᠯᠠᠭᠤᠷ᠂ ᠠᠯᠤᠰ᠎ᠠᠴᠠ ᠸᠢᠳᠢᠤ᠋᠎ᠪᠠᠷ ᠬᠢᠨᠠᠨ ᠡᠵᠡᠮᠳᠡᠬᠦ᠂ ᠣᠶᠤᠨᠴᠢ᠎ᠪᠠᠷ ᠬᠢᠨᠠᠨ ᠰᠢᠨᠵᠢᠵᠦ ᠲᠦᠭᠰᠢᠭᠦᠷᠢ ᠮᠡᠳᠡᠭᠡᠯᠡᠬᠦ ᠵᠡᠷᠭᠡ ᠮᠡᠷᠭᠡᠵᠢᠯ᠎ᠲᠠᠢ ᠤᠶᠠᠯᠳᠤᠭᠤᠯᠤᠨ᠂ ᠣᠶᠤᠨᠴᠢ ᠵᠢᠯᠣᠭᠣᠳᠤᠨ ᠲᠣᠬᠢᠷᠠᠭᠤᠯᠬᠤ ᠲᠠᠪᠴᠠᠩ᠎ᠢ ᠦᠨᠳᠦᠰᠦᠨ ᠱᠠᠲᠤ ᠲᠡᠢ᠌ᠰᠢ ᠤᠷᠲᠤᠳᠬᠠᠬᠤ ᠵᠢ ᠠᠬᠢᠭᠤᠯᠤᠨ᠎ᠠ᠃ ᠬᠣᠲᠠ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠣᠳᠠᠰᠯᠢᠭ ᠬᠣᠯᠪᠣᠭ᠋ᠠᠲᠤ ᠰᠦᠯᠵᠢᠶᠡᠨ᠎ᠤ ᠲᠠᠪᠴᠠᠩ᠎ᠤᠨ ᠡᠷᠲᠡᠨ᠎ᠤ ᠬᠤᠭᠤᠴᠠᠭ᠋ᠠᠨ᠎ᠤ ᠭᠠᠯ ᠲᠦᠢ᠍ᠮᠡᠷ᠎ᠢ ᠰᠡᠷᠡᠮᠵᠢᠯᠡᠭᠦᠯᠬᠦ ᠵᠢᠴᠢ ᠰᠢᠰᠲ᠋ᠧᠮ᠎ᠤᠨ ᠪᠠᠢ᠌ᠷᠢ ᠲᠣᠭᠲᠠᠭ᠋ᠠᠬᠤ ᠦᠢ᠍ᠯᠡᠳᠦᠯ ᠴᠢᠳᠠᠮᠵᠢ ᠵᠢ ᠭᠦᠢ᠍ᠴᠡᠳ ᠪᠠᠳᠠᠷᠠᠭᠤᠯᠵᠤ᠂ ᠣᠶᠤᠨᠴᠢ᠎ᠪᠠᠷ ᠰᠡᠷᠡᠮᠵᠢᠯᠡᠭᠦᠯᠦᠨ ᠲᠦᠭᠰᠢᠭᠦᠷᠢ ᠮᠡᠳᠡᠭᠦᠯᠬᠦ ᠪᠠ ᠠᠦ᠋ᠲ᠋ᠣ᠋᠎ᠪᠠᠷ ᠭᠠᠮᠰᠢᠭᠳᠠᠭᠰᠠᠨ ᠭᠠᠵᠠᠷ᠎ᠲᠤ ᠵᠠᠮᠴᠢᠯᠠᠬᠤ ᠵᠢᠴᠢ ᠡᠷᠬᠢᠨ ᠲᠣᠭᠣᠷᠢᠨ᠎ᠤ ᠬᠥᠷᠰᠢ ᠵᠡᠷᠭᠡᠯᠡᠳᠡᠭᠡ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠪᠤᠷᠠᠨ ᠲᠤᠰᠠᠯᠠᠬᠤ ᠬᠦᠴᠦᠨ᠎ᠢ ᠠᠦ᠋ᠲ᠋ᠣ᠋ ᠰᠢᠯᠵᠢᠭᠦᠯᠦᠨ ᠲᠣᠮᠢᠯᠠᠵᠤ ᠭᠠᠮᠰᠢᠭᠳᠠᠭᠰᠠᠨ ᠲᠤᠬᠠᠢ ᠵᠢᠨ ᠲᠠᠯᠠᠪᠤᠷ᠎ᠲᠤ ᠲᠡᠷᠡ ᠳᠠᠷᠤᠢ᠎ᠳᠤ᠎ᠨᠢ ᠬᠦᠷᠴᠦ ᠰᠢᠢ᠍ᠳᠪᠦᠷᠢᠯᠡᠭᠦᠯᠬᠦ ᠵᠢ ᠪᠡᠶᠡᠯᠡᠭᠦᠯᠦᠨ᠎ᠡ᠃ ᠭᠠᠮᠰᠢᠭ᠎ᠤᠨ ᠪᠠᠢ᠌ᠳᠠᠯ᠎ᠤᠨ ᠶᠡᠬᠡ ᠪᠠᠭ᠎ᠠ᠂ ᠡᠨᠳᠡᠯ᠎ᠤᠨ ᠲᠥᠷᠥᠯ ᠢᠯᠭ᠋ᠠᠯ᠎ᠲᠠᠢ ᠤᠶᠠᠯᠳᠤᠭᠤᠯᠤᠨ ᠵᠣᠬᠢᠬᠤ ᠬᠦᠷᠢᠶ᠎ᠡ ᠬᠡᠪᠴᠢᠶᠡᠨ᠎ᠳᠠᠬᠢ ᠠᠪᠤᠷᠠᠨ ᠲᠤᠰᠠᠯᠠᠬᠤ ᠬᠦᠴᠦᠨ᠎ᠢ ᠠᠦ᠋ᠲ᠋ᠣ᠋ ᠰᠢᠯᠵᠢᠭᠦᠯᠦᠨ ᠲᠣᠮᠢᠯᠠᠵᠤ᠂ ᠭᠠᠯ ᠲᠦᠢ᠍ᠮᠡᠷ ᠤᠨᠲᠠᠷᠠᠭ᠋ᠠᠵᠤ ᠠᠪᠤᠷᠠᠨ ᠲᠤᠰᠠᠯᠠᠬᠤ ᠠᠵᠢᠯ᠎ᠤᠨ ᠪᠡᠯᠡᠳᠬᠡᠯ ᠲᠥᠰᠥᠯ᠎ᠢ ᠰᠢᠯᠢᠳᠡᠭᠵᠢᠭᠦᠯᠦᠨ᠂ ᠬᠠᠷᠢᠶ᠎ᠠ ᠭᠠᠵᠠᠷ᠎ᠤᠨ ᠭᠠᠮᠰᠢᠭ᠎ᠤᠨ ᠪᠠᠢ᠌ᠳᠠᠯ᠎ᠢ ᠰᠢᠢ᠍ᠳᠪᠦᠷᠢᠯᠡᠬᠦ ᠪᠠ ᠠᠵᠢᠯ᠎ᠢ ᠵᠢᠯᠤᠭᠣᠳᠬᠤ ᠲᠠᠯ᠎ᠠ᠎ᠪᠠᠷ ᠣᠨᠣᠪᠴᠢᠲᠠᠶ ᠬᠠᠮᠢᠶᠠᠷᠤᠨ ᠡᠵᠡᠮᠳᠡᠬᠦ᠎ᠪᠠᠨ ᠳᠣᠪᠣᠶ᠋ᠢᠯᠭ᠋ᠠᠨ᠎ᠠ᠃ 2026 ᠣᠨ᠎ᠤ ᠰᠡᠭᠦᠯᠴᠢ᠎ᠠᠴᠠ ᠡᠮᠦᠨ᠎ᠡ ᠵᠠᠯᠭ᠋ᠠᠵᠤ ᠤᠷᠤᠭᠤᠯᠬᠤ ᠠᠵᠢᠯ ᠵᠶ᠋ᠠᠨ ᠪᠡᠶᠡᠯᠡᠭᠦᠯᠦᠨ᠎ᠡ᠃

    (ᠭᠤᠷᠪᠠ) ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ᠎ᠢ ᠪᠦᠲᠦᠭᠡᠨ ᠪᠠᠢ᠌ᠭᠤᠯᠤᠨ᠎ᠠ

    1. ᠥᠪᠡᠷᠲᠡᠭᠡᠨ ᠵᠠᠰᠠᠬᠤ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ᠎ᠢ ᠵᠠᠷᠴᠢᠮ ᠳᠡᠭᠡᠷ᠎ᠡ᠎ᠪᠠᠨ ᠨᠢᠭᠡᠳᠦᠯᠲᠡᠢ ᠪᠦᠲᠦᠭᠡᠨ ᠪᠠᠶ᠋ᠢᠭᠤᠯᠬᠤ᠂ ᠳᠡᠰ ᠬᠤᠪᠢᠶᠠᠨ ᠬᠡᠷᠡᠭᠯᠡᠬᠦ ᠶᠣᠰᠣᠭ᠋ᠠᠷ ᠴᠣᠭᠴᠠᠯᠠᠨ ᠲᠥᠯᠥᠪᠯᠡᠨ᠎ᠡ᠃ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠡᠭᠦᠯᠡᠨ ᠡᠬᠢ ᠪᠠᠶᠠᠯᠢᠭ ᠬᠠᠩᠭ᠋ᠠᠯᠲᠠᠲᠠᠢ ᠪᠠᠢ᠌ᠳᠠᠯ ᠳᠣᠣᠷ᠎ᠠ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ᠎ᠢ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠡᠭᠦᠯᠡᠨ ᠲᠠᠪᠴᠠᠩ ᠳᠡᠭᠡᠷ᠎ᠡ ᠲᠥᠪᠯᠡᠷᠡᠭᠦᠯᠦᠨ ᠪᠠᠢ᠌ᠷᠢᠯᠠᠭᠤᠯᠬᠤ ᠵᠢ ᠡᠩ ᠲᠡᠷᠢᠭᠦᠨ᠎ᠳᠤ ᠪᠣᠳᠣᠯᠬᠢᠯᠠᠬᠤ ᠬᠡᠷᠡᠭᠲᠡᠢ᠃

    2. ᠥᠪᠡᠷᠲᠡᠭᠡᠨ ᠵᠠᠰᠠᠬᠤ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ᠎ᠨᠢ ᠪᠥᠬᠥ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠳᠣᠲᠣᠭ᠋ᠠᠳᠤ ᠵᠢᠨ ᠲᠤᠬᠠᠢ᠌ᠯᠠᠭᠰᠠᠨ ᠠᠵᠢᠯ᠎ᠤᠨ ᠳ᠋ᠠᠢ᠌ᠲ᠋ᠠ ᠵᠢ ᠡᠮᠬᠢᠯᠡᠨ ᠨᠡᠢ᠌ᠯᠡᠭᠦᠯᠵᠦ᠂ ᠳᠡᠭᠡᠭᠰᠢ᠎ᠪᠠᠨ ᠤᠯᠤᠰ᠎ᠤᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠪᠤᠷᠠᠨ ᠲᠤᠰᠠᠯᠠᠬᠤ ᠲᠣᠪᠴᠢᠶ᠎ᠠ᠎ᠯᠤᠭ᠎ᠠ ᠬᠣᠯᠪᠤᠭ᠋ᠠᠯᠠᠨ᠂ ᠬᠥᠨᠳᠡᠯᠡᠨ ᠵᠶ᠋ᠡᠷ ᠥᠪᠡᠷᠲᠡᠭᠡᠨ ᠵᠠᠰᠠᠬᠤ ᠣᠷᠣᠨ᠎ᠤ ᠲᠣᠮᠣ ᠳ᠋ᠠᠢ᠌ᠲ᠋ᠠ ᠵᠢᠨ ᠲᠥᠪ᠂ ᠥᠪᠡᠷᠲᠡᠭᠡᠨ ᠵᠠᠰᠠᠬᠤ ᠣᠷᠣᠨ᠎ᠤ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠢᠩᠬᠢᠮ ᠵᠡᠷᠭᠡ ᠲᠣᠮᠣ ᠳ᠋ᠠᠢ᠌ᠲ᠋ᠠ ᠵᠢᠨ ᠲᠠᠪᠴᠠᠩ᠎ᠯᠤᠭ᠎ᠠ ᠵᠣᠯᠭ᠋ᠠᠭᠤᠯᠵᠤ᠂ ᠬᠠᠮᠢᠶ᠎ᠠ ᠪᠦᠬᠦᠢ ᠳ᠋ᠠᠢ᠌ᠲ᠋ᠠ ᠵᠢ ᠬᠤᠷᠠᠮᠳᠤᠭᠤᠯᠤᠨ ᠵᠠᠰᠠᠬᠤ ᠠᠵᠢᠯ᠎ᠢ ᠥᠷᠨᠢᠭᠦᠯᠦᠨ᠂ ᠡᠭᠦᠷᠭᠡ ᠵᠢᠨ ᠲᠣᠬᠢᠷᠠᠭᠤᠯᠤᠯᠲᠠ᠂ ᠳ᠋ᠠᠢ᠌ᠲ᠋ᠠ ᠵᠢᠨ ᠡᠬᠢ ᠪᠠᠶᠠᠯᠢᠭ᠎ᠤᠨ ᠬᠠᠮᠢᠶᠠᠷᠤᠯᠲᠠ᠂ ᠶᠠᠰᠤ ᠴᠢᠨᠠᠷ᠎ᠤᠨ ᠬᠠᠮᠢᠶᠠᠷᠤᠯᠲᠠ᠂ ᠳ᠋ᠠᠢ᠌ᠲ᠋ᠠ ᠵᠢ ᠬᠠᠮᠲᠤ᠎ᠳᠤ᠎ᠪᠠᠨ ᠭᠥᠷᠳᠡᠬᠦ ᠪᠠ ᠠᠵᠢᠯᠯᠠᠭᠤᠯᠤᠨ ᠬᠠᠮᠠᠭ᠋ᠠᠯᠠᠵᠤ ᠬᠢᠨᠠᠨ ᠡᠵᠡᠮᠳᠡᠬᠦ ᠵᠡᠷᠭᠡ ᠰᠠᠭᠤᠷᠢᠯᠠᠬᠤ ᠦᠢ᠍ᠯᠡᠳᠦᠯ ᠴᠢᠳᠠᠮᠵᠢ ᠵᠢ ᠬᠠᠩᠭ᠋ᠠᠨ᠎ᠠ᠃ ᠥᠪᠡᠷᠲᠡᠭᠡᠨ ᠵᠠᠰᠠᠬᠤ ᠣᠷᠣᠨ᠎ᠤ ᠲᠠᠪᠴᠠᠩ᠎ᠨᠢ ᠬᠣᠷᠸ᠎ᠠ ᠪᠠᠢ᠌ᠳᠠᠯ᠎ᠢ ᠰᠤᠳᠤᠯᠤᠨ ᠮᠠᠭ᠋ᠠᠳᠯᠠᠵᠤ ᠵᠠᠳᠠᠯᠤᠨ ᠰᠢᠨᠵᠢᠬᠦ᠎ᠪᠠᠷ ᠭᠣᠣᠯᠳᠠᠭᠤᠯᠤᠨ᠂ ᠭᠠᠯ ᠲᠦᠢ᠍ᠮᠡᠷ᠎ᠢ ᠰᠡᠷᠭᠡᠢ᠌ᠯᠡᠨ ᠡᠵᠡᠮᠳᠡᠬᠦ ᠲᠤᠬᠠᠢ᠌ᠯᠠᠭᠰᠠᠨ ᠠᠵᠢᠯ᠎ᠳᠤ ᠲᠤᠯᠭ᠋ᠠᠭᠤᠷᠢᠯᠠᠵᠤ᠂ ᠪᠥᠬᠥ ᠣᠷᠣᠨ᠎ᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠤᠬᠠᠢ᠌ᠯᠠᠭᠰᠠᠨ ᠠᠵᠢᠯ᠎ᠤᠨ ᠳ᠋ᠠᠢ᠌ᠲ᠋ᠠ ᠵᠢᠨ ᠶᠠᠰᠤ ᠴᠢᠨᠠᠷ᠎ᠢ ᠬᠠᠮᠢᠶᠠᠷᠤᠨ ᠡᠵᠡᠮᠳᠡᠬᠦ᠎ᠪᠠᠨ ᠵᠣᠬᠢᠴᠠᠭᠤᠯᠤᠨ ᠵᠢᠷᠤᠮᠵᠢᠭᠤᠯᠬᠤ ᠵᠢᠨ ᠬᠠᠮᠲᠤ᠂ ᠠᠢ᠌ᠮᠠᠭ ᠬᠣᠲᠠ᠎ᠳᠤ ᠳ᠋ᠠᠢ᠌ᠲ᠋ᠠ ᠵᠢᠨ ᠦᠢ᠍ᠯᠡᠴᠢᠯᠡᠭᠡ ᠬᠠᠩᠭ᠋ᠠᠨ᠎ᠠ᠃ ᠠᠢ᠌ᠮᠠᠭ ᠬᠤᠳᠠ᠎ᠤᠨ᠎ᠬᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠵᠤ ᠠᠪᠤᠷᠠᠨ ᠲᠤᠰᠠᠯᠠᠬᠤ ᠪᠠᠢ᠌ᠭᠤᠯᠤᠮᠵᠢ ᠵᠢᠨ ᠪᠣᠳᠠᠲᠠᠢ ᠠᠵᠢᠯ᠎ᠳᠠᠬᠢ ᠬᠡᠷᠡᠭᠯᠡᠯᠲᠡ᠎ᠪᠠᠷ ᠭᠣᠣᠯᠳᠠᠭᠤᠯᠵᠤ᠂ ᠦᠨᠳᠦᠰᠦᠨ ᠱᠠᠲᠤᠨ᠎ᠤ ᠭᠠᠯ ᠲᠦᠢ᠍ᠮᠡᠷ ᠰᠡᠷᠭᠡᠢ᠌ᠯᠡᠬᠦ ᠠᠵᠢᠯ᠎ᠳᠤ ᠬᠢᠨᠠᠯᠲᠠ ᠲᠠᠯᠪᠢᠬᠤ᠂ ᠭᠠᠯ ᠲᠦᠢ᠍ᠮᠡᠷ ᠤᠨᠲᠠᠷᠠᠭ᠋ᠠᠵᠤ ᠠᠪᠤᠷᠠᠨ ᠲᠤᠰᠠᠯᠠᠬᠤ ᠵᠢᠴᠢ ᠲᠤᠨᠤᠭ ᠲᠥᠬᠦᠭᠡᠷᠦᠮᠵᠢ ᠵᠢ ᠬᠠᠮᠢᠶᠠᠷᠬᠤ ᠵᠡᠷᠭᠡ ᠡᠯ᠎ᠡ ᠵᠦᠢ᠍ᠯ᠎ᠤᠨ ᠲᠤᠬᠠᠢ᠌ᠯᠠᠭᠰᠠᠨ ᠠᠵᠢᠯ ᠥᠷᠨᠢᠭᠦᠯᠬᠦ᠎ᠳᠤ ᠲᠤᠯᠭ᠋ᠠᠭᠤᠷᠢᠯᠠᠯ ᠬᠠᠩᠭ᠋ᠠᠨ᠎ᠠ᠃

    3. ᠭᠠᠯ ᠲᠦᠢ᠍ᠮᠡᠷ᠎ᠢ ᠰᠡᠷᠭᠡᠢ᠌ᠯᠡᠨ ᠡᠵᠡᠮᠳᠡᠬᠦ ᠶᠡᠷᠦᠩᠬᠡᠢ᠌ᠯᠡᠭᠰᠡᠨ ᠰᠤᠳᠤᠯᠤᠨ ᠮᠠᠭ᠋ᠠᠳᠯᠠᠬᠤ ᠰᠢᠰᠲ᠋ᠧᠮ᠎ᠢ ᠪᠦᠲᠦᠭᠡᠨ ᠪᠠᠢ᠌ᠭᠤᠯᠤᠨ᠎ᠠ᠃ ᠶᠡᠷᠦᠩᠬᠡᠢ᠌ᠯᠡᠨ ᠪᠠᠢ᠌ᠴᠠᠭ᠋ᠠᠨ ᠯᠠᠪᠯᠠᠬᠤ᠂ ᠴᠠᠭ ᠬᠤᠭᠤᠴᠠᠭ᠎ᠠ ᠪᠠ ᠣᠷᠣᠨ ᠵᠠᠢ ᠵᠢᠨ ᠦᠵᠡᠭᠳᠡᠮᠡᠯ ᠵᠠᠳᠠᠯᠤᠯᠲᠠ ᠬᠢᠬᠦ᠂ ᠶᠡᠷᠦᠩᠬᠡᠢ᠌ᠯᠡᠭᠰᠡᠨ ᠦᠵᠡᠭᠳᠡᠮᠡᠯ ᠵᠠᠳᠠᠯᠤᠯᠲᠠ (ᠲᠣᠮᠣ ᠳᠡᠯᠭᠡᠴᠡ) ᠬᠢᠬᠦ ᠵᠡᠷᠭᠡ ᠳ᠋ᠠᠢ᠌ᠲ᠋ᠠ ᠵᠢᠨ ᠬᠡᠷᠡᠭᠯᠡᠯᠲᠡ ᠵᠢᠨ ᠪᠠᠭ᠋ᠠᠵᠢ ᠵᠢ ᠰᠤᠳᠤᠯᠤᠨ ᠨᠡᠭᠡᠭᠡᠬᠦ ᠵᠢᠨ ᠬᠠᠮᠲᠤ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠵᠢᠯ᠎ᠤᠨ ᠬᠡᠷᠡᠭᠴᠡᠭᠡ ᠱᠠᠭ᠋ᠠᠷᠳᠠᠯᠭ᠎ᠠ ᠵᠢᠨ ᠲᠣᠭᠣᠷᠢᠨ᠎ᠳᠤ ᠲᠤᠬᠠᠢ᠌ᠯᠠᠭᠰᠠᠨ ᠠᠵᠢᠯ᠎ᠤᠨ ᠳ᠋ᠠᠢ᠌ᠲ᠋ᠠ ᠵᠢᠨ ᠬᠡᠪ᠎ᠤᠨ ᠪᠤᠰᠤ ᠬᠡᠯᠪᠡᠯᠵᠡᠯ᠎ᠢ ᠬᠢᠨᠠᠨ ᠰᠢᠨᠵᠢᠵᠦ ᠰᠡᠷᠡᠮᠵᠢᠯᠡᠭᠦᠯᠬᠦ᠂ ᠮᠡᠳᠡᠭᠦᠯᠦᠯᠲᠡ ᠵᠢᠨ ᠬᠦᠰᠦᠨᠦᠭᠲᠦ᠎ᠳᠤ ᠬᠥᠳᠡᠯᠦᠩᠭᠦᠢ ᠵᠠᠳᠠᠯᠤᠯᠲᠠ ᠬᠢᠬᠦ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠪᠠᠢ᠌ᠳᠠᠯ ᠬᠠᠨᠳᠤᠰᠢ ᠵᠢ ᠰᠤᠳᠤᠯᠤᠨ ᠮᠠᠭ᠋ᠠᠳᠯᠠᠵᠤ ᠮᠡᠳᠡᠭᠦᠯᠬᠦ ᠵᠡᠷᠭᠡ ᠰᠢᠷᠢᠰ ᠰᠤᠳᠤᠯᠤᠨ ᠮᠠᠭ᠋ᠠᠳᠯᠠᠵᠤ ᠵᠠᠳᠠᠯᠤᠯᠲᠠ ᠬᠢᠬᠦ ᠪᠠᠭ᠋ᠠᠵᠢ ᠵᠢ ᠰᠤᠳᠤᠯᠤᠨ ᠨᠡᠭᠡᠭᠡᠵᠦ᠂ ᠡᠳᠦᠷ ᠲᠤᠳᠤᠮ᠎ᠤᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠰᠤᠳᠤᠯᠤᠨ ᠮᠠᠭ᠋ᠠᠳᠯᠠᠬᠤ ᠠᠵᠢᠯ᠎ᠳᠤ ᠬᠠᠪᠰᠤᠷᠤᠮᠵᠢ ᠪᠣᠯᠭ᠋ᠠᠨ᠎ᠠ᠃ ᠣᠷᠣᠨ ᠪᠦᠰᠡ ᠵᠢᠨ ᠠᠮᠤᠷ ᠲᠦᠪᠰᠢᠨ᠎ᠢ ᠦᠨᠡᠯᠡᠬᠦ ᠭᠦᠢ᠍ᠴᠡᠳᠬᠡᠯ ᠲᠣᠭ᠋ᠠᠨ᠎ᠤ ᠲᠣᠭᠲᠠᠯᠴᠠᠭ᠎ᠠ ᠵᠢ ᠰᠤᠳᠤᠯᠤᠨ ᠪᠠᠢ᠌ᠭᠤᠯᠵᠤ᠂ ᠡᠯ᠎ᠡ ᠠᠢ᠌ᠮᠠᠭ ᠬᠣᠲᠠ ᠵᠢᠨ ᠣᠳᠣᠬᠠᠨ᠎ᠤ ᠣᠷᠣᠨ ᠪᠦᠰᠡ ᠵᠢᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠴᠢᠨᠠᠷ᠎ᠤᠨ ᠪᠠᠢ᠌ᠳᠠᠯ᠎ᠤᠨ ᠬᠢᠷᠢ ᠲᠦᠪᠰᠢᠨ᠎ᠢ ᠪᠤᠰᠤᠳᠴᠢ᠎ᠪᠠᠷ ᠲᠤᠰᠬᠠᠨ᠎ᠠ᠃

    2026 ᠣᠨ᠎ᠤ ᠰᠡᠭᠦᠯᠴᠢ᠎ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠲᠣᠮᠣ ᠳ᠋ᠠᠢ᠌ᠲ᠋ᠠ ᠵᠢᠨ ᠲᠠᠪᠴᠠᠩ᠎ᠤᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠦᠨ᠎ᠡ᠃

    (ᠳᠥᠷᠪᠡ) ᠰᠢᠯᠵᠢᠭᠡ ᠦᠵᠦᠭᠦᠷ᠎ᠤᠨ ᠭᠠᠷ ᠤᠲᠠᠰᠤᠨ᠎ᠤ APP ᠵᠢ ᠰᠤᠳᠤᠯᠤᠨ ᠨᠡᠭᠡᠭᠡᠨ᠎ᠡ

    《ᠮᠥᠩᠬᠡ ᠰᠤᠪᠠᠭ》 APP᠎ᠳᠤ ᠲᠦᠰᠢᠭᠯᠡᠨ᠂ ᠨᠡᠢ᠌ᠭᠡᠮ ᠨᠡᠶ᠋ᠢᠲᠡ᠂ ᠠᠵᠤ ᠠᠬᠤᠢ᠌ᠯᠠᠯ ᠪᠠ ᠬᠢᠨᠠᠯᠲᠠ ᠬᠠᠮᠢᠶᠠᠷᠤᠯᠲᠠ ᠵᠢᠨ ᠨᠢᠭᠡᠴᠢ᠎ᠳᠤ ᠬᠠᠨᠳᠤᠭᠤᠯᠤᠭᠰᠠᠨ 《ᠲᠠᠯ᠎ᠠ ᠨᠤᠲᠤᠭ᠎ᠤᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠦᠢ᠍ᠯᠡᠳᠦᠯ ᠴᠢᠳᠠᠮᠵᠢ ᠵᠢᠨ ᠬᠡᠰᠡᠭ᠎ᠢ ᠰᠤᠳᠤᠯᠤᠨ ᠨᠡᠭᠡᠭᠡᠵᠦ᠂ ᠲᠣᠮᠣ ᠳ᠋ᠠᠢ᠌ᠲ᠋ᠠ ᠵᠢᠨ ᠲᠠᠪᠴᠠᠩ᠎ᠤᠨ ᠳ᠋ᠠᠢ᠌ᠲ᠋ᠠ ᠵᠢᠨ ᠡᠬᠢ ᠪᠠᠶᠠᠯᠢᠭ᠎ᠯᠤᠭ᠎ᠠ ᠵᠣᠯᠭ᠋ᠠᠭᠤᠯᠤᠨ᠂ ᠬᠡᠮ ᠰᠣᠭᠣᠭ᠎ᠢ 《ᠭᠠᠷ᠎ᠤᠨ ᠠᠶ᠎ᠠ᠎ᠪᠠᠷ ᠰᠡᠭᠦᠳᠡᠷᠯᠡᠬᠦ》᠂ ᠲᠠᠪᠴᠠᠩ ᠵᠶ᠋ᠠᠷ ᠳᠠᠮᠵᠢᠭᠤᠯᠤᠨ ᠣᠷᠣᠭᠤᠯᠬᠤ᠂ ᠲᠦᠭᠰᠢᠭᠦᠷᠢ ᠵᠢᠨ ᠬᠡᠮ ᠰᠣᠭᠣᠭ᠎ᠢ ᠰᠢᠯᠵᠢᠭᠦᠯᠦᠨ ᠲᠤᠰᠢᠶᠠᠬᠤ᠂ ᠨᠢᠭᠡ ᠦᠷᠲᠡᠬᠡᠴᠢᠯᠡᠭᠰᠡᠨ ᠮᠠᠶᠢᠭ ᠵᠶ᠋ᠡᠷ ᠳ᠋ᠠᠢ᠌ᠲ᠋ᠠ᠎ᠳᠤ ᠵᠠᠳᠠᠯᠤᠯᠲᠠ ᠬᠢᠬᠦ ᠵᠡᠷᠭᠡ ᠦᠢ᠍ᠯᠡᠳᠦᠯ ᠴᠢᠳᠠᠮᠵᠢ ᠵᠢ ᠪᠡᠶᠡᠯᠡᠭᠦᠯᠦᠨ᠎ᠡ᠃ ᠭᠠᠷ ᠤᠲᠠᠰᠤᠨ᠎ᠤ APP᠎ᠤᠨ ᠤᠬᠠᠭᠤᠯᠭ᠎ᠠ ᠪᠣᠯᠪᠠᠰᠤᠷᠠᠯ᠎ᠤᠨ ᠬᠡᠰᠡᠭ ᠵᠶ᠋ᠡᠷ ᠳᠠᠮᠵᠢᠭᠤᠯᠤᠨ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠪᠣᠯᠪᠠᠰᠤᠷᠠᠯ᠎ᠢ ᠲᠣᠭᠲᠠᠮᠠᠯ ᠬᠤᠭᠤᠴᠠᠭ᠎ᠠ᠎ᠲᠠᠢ᠎ᠪᠠᠷ ᠵᠣᠬᠢᠶᠠᠨ ᠪᠠᠢ᠌ᠭᠤᠯᠤᠨ ᠥᠷᠨᠢᠭᠦᠯᠵᠦ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠠᠮᠤᠷ ᠲᠦᠪᠰᠢᠨ᠎ᠤ ᠰᠠᠨᠠᠭᠤᠯᠤᠮᠵᠢ ᠵᠢ ᠳᠠᠮᠵᠢᠭᠤᠯᠤᠨ ᠬᠦᠷᠭᠡᠨ᠎ᠡ᠃ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠮᠡᠷᠭᠡᠵᠢᠯ᠎ᠤᠨ ᠬᠠᠪᠰᠤᠷᠤᠯᠭ᠎ᠠ ᠲᠡᠳᠬᠦᠯᠭᠡ ᠭᠤᠶᠤᠴᠢᠯᠠᠬᠤ ᠪᠠ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠵᠠᠰᠠᠭ ᠵᠠᠬᠢᠷᠭ᠋ᠠᠨ᠎ᠤ ᠵᠥᠪᠰᠢᠶᠡᠷᠡᠯ ᠭᠤᠶᠤᠴᠢᠯᠠᠬᠤ ᠵᠡᠷᠭᠡ ᠵᠦᠢ᠍ᠯᠡᠰ᠎ᠢ ᠰᠦᠯᠵᠢᠶ᠎ᠡ᠎ᠪᠠᠷ ᠪᠡᠶᠡᠯᠡᠭᠦᠯᠵᠦ᠂ ᠬᠠᠮᠢᠶ᠎ᠠ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠂ ᠮᠡᠷᠭᠡᠵᠢᠯ᠎ᠤᠨ ᠪᠠᠷᠢᠮᠵᠢᠶ᠎ᠠ ᠵᠢ ᠬᠠᠩᠭ᠋ᠠᠵᠤ ᠪᠠᠢ᠌ᠭ᠋ᠠᠳ ᠣᠯᠠᠨ ᠲᠦᠮᠡᠨ᠎ᠤ ᠰᠤᠷᠤᠯᠴᠠᠨ ᠬᠡᠷᠡᠭᠯᠡᠬᠦ᠎ᠳᠤ ᠲᠥᠬᠥᠮ ᠦᠵᠡᠭᠦᠯᠦᠨ᠎ᠡ᠃ ᠰᠢᠯᠵᠢᠭᠡ ᠦᠵᠦᠭᠦᠷ᠎ᠤᠨ ᠣᠨᠴᠠᠯᠢᠭ ᠰᠢᠨᠵᠢ ᠵᠢᠨ ᠲᠣᠭᠣᠷᠢᠨ᠎ᠳᠤ ᠬᠠᠨᠳᠤᠯᠭ᠋ᠠᠲᠤ ᠴᠢᠨᠠᠷᠲᠠᠢ ᠪᠠᠢ᠌ᠷᠢᠰᠢᠭᠤᠯᠤᠯᠲᠠ ᠵᠢᠨ ᠵᠢᠷᠤᠭ ᠲᠥᠯᠥᠪᠯᠡᠭᠡ ᠭᠠᠷᠭ᠋ᠠᠵᠤ᠂ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ ᠬᠥᠮᠥᠰ᠎ᠲᠤ ᠪᠥᠬᠥ ᠭᠠᠵᠠᠷ ᠣᠷᠣᠨ᠂ ᠣᠯᠠᠨ ᠴᠠᠭ ᠬᠤᠭᠤᠴᠠᠭ᠎ᠠ ᠪᠠ ᠣᠷᠣᠨ ᠵᠠᠢ ᠵᠢᠨ ᠮᠡᠳᠡᠭᠡ ᠵᠠᠩᠭᠢᠴᠢᠯᠠᠭᠰᠠᠨ ᠲᠤᠯᠭ᠋ᠠᠭᠤᠷᠢᠯᠠᠯ ᠬᠠᠩᠭ᠋ᠠᠵᠤ᠂ ᠬᠡᠵᠢᠶ᠎ᠡ ᠬᠠᠮᠢᠭ᠎ᠠ ᠴᠤ᠌ ᠭᠡᠰᠡᠨ ᠳ᠋ᠠᠢ᠌ᠲ᠋ᠠ᠎ᠢ ᠰᠤᠷᠪᠤᠯᠵᠢᠯᠠᠨ ᠦᠵᠡᠵᠦ ᠲᠡᠢ᠌ᠯᠬᠦ ᠵᠢ ᠪᠡᠶᠡᠯᠡᠭᠦᠯᠦᠨ᠎ᠡ᠃ 2025 ᠣᠨ᠎ᠤ ᠰᠡᠭᠦᠯᠴᠢ᠎ᠠᠴᠠ ᠡᠮᠦᠨ᠎ᠡ 《ᠲᠠᠯ᠎ᠠ ᠨᠤᠲᠤᠭ᠎ᠤᠨ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠦᠢ᠍ᠯᠡᠳᠦᠯ ᠴᠢᠳᠠᠮᠵᠢ ᠵᠢᠨ ᠬᠡᠰᠡᠭ᠎ᠤᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠬᠦ ᠵᠢᠨ ᠬᠠᠮᠲᠤ ᠪᠥᠬᠥ ᠣᠷᠣᠨ᠎ᠳᠤ ᠳᠡᠯᠭᠡᠷᠡᠭᠦᠯᠦᠨ ᠬᠡᠷᠡᠭᠯᠡᠨ᠎ᠡ᠃

    ᠭᠤᠷᠪᠠ᠂ ᠠᠵᠢᠯ᠎ᠤᠨ ᠱᠠᠭ᠋ᠠᠷᠳᠠᠯᠭ᠎ᠠ

    ᠡᠯ᠎ᠡ ᠭᠠᠵᠠᠷ ᠣᠷᠣᠨ᠂ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠳ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢ ᠳ᠋ᠢᠭᠢᠲ᠋ᠠᠯ ᠵᠠᠰᠠᠭ᠎ᠤᠨ ᠣᠷᠳᠣᠨ᠂ ᠣᠶᠤᠨᠲᠤ ᠬᠣᠲᠠ ᠵᠢᠨ ᠪᠦᠬᠦᠯᠢ ᠴᠣᠭᠴᠠᠲᠤ ᠪᠦᠲᠦᠭᠡᠨ ᠪᠠᠢ᠌ᠭᠤᠯᠤᠯᠲᠠ ᠵᠢᠨ ᠠᠭᠤᠯᠭ᠎ᠠ᠎ᠳᠤ ᠣᠷᠣᠭᠤᠯᠵᠤ᠂ ᠨᠡᠢ᠌ᠭᠡᠮ᠎ᠤᠨ ᠬᠥᠷᠥᠩᠭᠡ ᠵᠢᠨ᠎ᠬᠢᠨ᠎ᠤ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ᠎ᠳᠤ ᠢᠳᠡᠪᠬᠢᠲᠡᠢ ᠣᠷᠣᠯᠴᠠᠬᠤ ᠵᠢ ᠵᠣᠷᠢᠭᠵᠢᠭᠤᠯᠵᠤ ᠬᠥᠲᠥᠯᠥᠨ ᠵᠢᠯᠣᠭᠣᠳᠤᠨ᠎ᠠ᠃ ᠡᠯ᠎ᠡ ᠭᠠᠵᠠᠷ ᠣᠷᠣᠨ᠎ᠨᠤᠭᠤᠳ 《ᠲᠤᠷᠰᠢᠯᠲᠠ ᠵᠢᠨ ᠴᠡᠭ ᠵᠶ᠋ᠠᠷ ᠳᠡᠯᠭᠡᠷᠡᠭᠦᠯᠦᠨ ᠬᠡᠷᠡᠭᠵᠢᠭᠦᠯᠬᠦ᠂ ᠯᠠᠪᠳᠠᠭᠤᠨ ᠪᠠᠲᠤᠲᠠᠢ ᠠᠬᠢᠭᠤᠯᠬᠤ》 ᠵᠠᠷᠴᠢᠮ ᠶᠣᠰᠣᠭ᠋ᠠᠷ᠂ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢᠨ ᠭᠣᠣᠯᠳᠠᠯᠭ᠎ᠠ ᠪᠣᠯᠬᠤ ᠡᠭᠦᠷᠭᠡ ᠵᠢ ᠦᠨᠳᠦᠰᠦᠯᠡᠨ᠂ ᠲᠤᠰ ᠭᠠᠵᠠᠷ ᠣᠷᠣᠨ᠎ᠤ᠎ᠪᠠᠨ ᠠᠵᠤ ᠠᠬᠤᠢ ᠵᠢᠨ ᠬᠥᠭᠵᠢᠯᠲᠡ᠎ᠪᠠᠷ ᠨᠡᠯᠢᠶᠡᠳ ᠰᠠᠢ᠌ᠨ᠂ ᠲᠤᠷᠰᠢᠯᠲᠠ ᠵᠢᠨ ᠴᠡᠭ ᠪᠣᠯᠭ᠋ᠠᠬᠤ ᠨᠥᠬᠥᠴᠡᠯ᠎ᠢ ᠪᠦᠷᠢᠳᠦᠭᠦᠯᠦᠭᠰᠡᠨ ᠭᠠᠵᠠᠷ ᠣᠷᠣᠨ᠎ᠢ ᠰᠣᠩᠭᠣᠵᠤ ᠪᠠᠢ᠌ᠭ᠋ᠠᠳ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠲᠤᠷᠰᠢᠯᠲᠠ ᠵᠢᠨ ᠴᠡᠭ᠎ᠤᠨ ᠳᠡᠯᠭᠡᠷᠡᠭᠦᠯᠬᠦ ᠠᠵᠢᠯ᠎ᠢ ᠥᠷᠨᠢᠭᠦᠯᠵᠦ᠂ ᠲᠤᠰ ᠭᠠᠵᠠᠷ ᠣᠷᠣᠨ᠎ᠤ᠎ᠪᠠᠨ ᠨᠤᠲᠤᠭ ᠪᠦᠰᠡ ᠵᠢᠨ ᠣᠨᠴᠠᠯᠢᠭ᠎ᠲᠤ ᠨᠡᠢ᠌ᠴᠡᠭᠰᠡᠨ 《ᠣᠶᠤᠨᠲᠤ ᠭᠠᠯ ᠲᠦᠢ᠍ᠮᠡᠷ ᠰᠡᠷᠭᠡᠢ᠌ᠯᠡᠨ ᠤᠨᠲᠠᠷᠠᠭ᠋ᠠᠬᠤ》 ᠪᠦᠲᠦᠭᠡᠨ ᠪᠠᠢ᠌ᠭᠤᠯᠤᠯᠲᠠ ᠵᠢᠨ ᠬᠡᠪ ᠵᠠᠭᠪᠤᠷ᠎ᠢ ᠪᠠᠢ᠌ᠭᠤᠯᠤᠨ᠂ ᠡᠯ᠎ᠡ ᠵᠦᠢ᠍ᠯ᠎ᠤᠨ ᠭᠣᠣᠯᠳᠠᠯᠭ᠎ᠠ ᠪᠣᠯᠬᠤ ᠡᠭᠦᠷᠭᠡ ᠵᠢ ᠴᠠᠭ ᠲᠤᠬᠠᠢ᠎ᠳᠤ᠎ᠨᠢ ᠪᠣᠳᠠᠲᠠᠢ᠌ᠵᠢᠭᠤᠯᠤᠨ ᠨᠠᠢ᠌ᠳᠠᠪᠤᠷᠢᠵᠢᠭᠤᠯᠵᠤ᠂ ᠪᠣᠳᠠᠲᠤ ᠦᠷ᠎ᠡ ᠪᠦᠲᠦᠮᠵᠢ ᠣᠯᠬᠤ ᠵᠢ ᠦᠨᠡᠨ ᠬᠦ᠌ ᠪᠠᠲᠤᠯᠠᠨ᠎ᠠ᠃

2024 ᠣᠨ᠎ᠤ 12 ᠳ᠋ᠤᠭ᠋ᠠᠷ ᠰᠠᠷ᠎ᠠ ᠵᠢᠨ 31᠎ᠤ ᠡᠳᠦᠷ

    (ᠲᠣᠰ ᠪᠢᠴᠢᠭ ᠮᠠᠲ᠋ᠧᠷᠢᠶᠠᠯ᠎ᠢ ᠢᠯᠡ ᠨᠡᠢ᠌ᠲᠡᠯᠡᠨ᠎ᠡ)

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ

2024 ᠣᠨ᠎ᠤ 12 ᠳ᠋ᠤᠭ᠋ᠠᠷ ᠰᠠᠷ᠎ᠠ ᠵᠢᠨ 31᠎ᠤ ᠡᠳᠦᠷ ᠳᠠᠷᠤᠮᠠᠯᠯᠠᠨ ᠲᠠᠷᠬᠠᠭ᠋ᠠᠪᠠ

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ