ᠢᠯᠡ ᠵᠠᠰᠠᠭ   -   ᠵᠠᠰᠠᠭ᠎ᠤᠨ ᠣᠷᠳᠣᠨ᠎ᠤ ᠪᠠᠶ᠋ᠢᠩᠭᠤ᠎ᠶᠢᠨ ᠬᠤᠷᠠᠯ
ᠦᠪᠡᠷᠲᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ 2021 ᠣᠨ᠎ᠤ 3 ᠳ᠋ᠤᠭ᠋ᠠᠷ ᠤᠳᠠᠭ᠋ᠠᠨ᠎ᠤ ᠪᠠᠢ᠍ᠢ᠍ᠩᠭᠤ ᠵᠢᠨ ᠬᠤᠷᠠᠯ ᠬᠤᠷᠠᠯᠳᠤᠪᠠ
ᠨᠡᠶ᠋ᠢᠲᠡᠯᠡᠭᠰᠡᠨ ᠴᠠᠭ᠄ 2021-02-18

      2  ᠰᠠᠷ᠎ᠠ ᠵᠢᠨ 7᠎ᠤ  ᠡᠳᠦᠷ ᠂  ᠦᠪᠡᠷᠲᠡᠭᠡᠨ  ᠵᠠᠰᠠᠬᠤ  ᠤᠷᠤᠨ᠎ᠤ  ᠨᠠᠮ᠎ᠤᠨ  ᠬᠤᠷᠢᠶᠠᠨ᠎ᠤ  ᠳᠡᠳ᠋  ᠱᠦᠵᠢ ᠂  ᠦᠪᠡᠷᠲᠡᠭᠡᠨ  ᠵᠠᠰᠠᠬᠤ  ᠤᠷᠤᠨ᠎ᠤ  ᠲᠡᠷᠢᠬᠦᠯᠡᠭᠴᠢ      ᠪᠦ᠋  ᠰᠢᠶᠤᠤ  ᠯᠢᠨ᠎ᠤ  ᠨᠠᠢ᠍ᠢ᠍ᠳᠠᠯᠭ᠎ᠠ᠎ᠪᠠᠷ ᠂  ᠦᠪᠡᠷᠲᠡᠭᠡᠨ  ᠵᠠᠰᠠᠬᠤ  ᠤᠷᠤᠨ᠎ᠤ  ᠨᠠᠮ᠎ᠤᠨ  ᠬᠤᠷᠢᠶᠠᠨ᠎ᠤ  ᠪᠠᠢ᠍ᠢ᠍ᠩᠭᠤ ᠵᠢᠨ  ᠭᠡᠰᠢᠬᠦᠨ ᠂  ᠨᠠᠷᠢᠨ  ᠪᠢᠴᠢᠭ᠎ᠤᠨ  ᠳᠠᠷᠤᠭ᠎ᠠ ᠂  ᠦᠪᠡᠷᠲᠡᠭᠡᠨ  ᠵᠠᠰᠠᠬᠤ  ᠤᠷᠤᠨ᠎ᠤ  ᠪᠠᠢ᠍ᠢ᠍ᠩᠭᠤ ᠵᠢᠨ  ᠳᠡᠳ᠋  ᠲᠡᠷᠢᠬᠦᠯᠡᠭᠴᠢ  ᠵᠠᠩ  ᠱᠤᠤ  ᠴᠦᠨ  ᠦᠪᠡᠷᠲᠡᠭᠡᠨ  ᠵᠠᠰᠠᠬᠤ  ᠤᠷᠤᠨ᠎ᠤ  ᠵᠠᠰᠠᠭ᠎ᠤᠨ  ᠤᠷᠳᠤᠨ᠎ᠤ  ᠪᠠᠢ᠍ᠢ᠍ᠩᠭᠤ ᠵᠢᠨ  ᠬᠤᠷᠠᠯ᠎ᠢ  ᠡᠷᠬᠢᠯᠡᠨ  ᠬᠤᠷᠠᠯᠳᠤᠭᠤᠯᠵᠦ ᠂  ᠦᠪᠡᠷᠲᠡᠭᠡᠨ  ᠵᠠᠰᠠᠬᠤ  ᠤᠷᠤᠨ᠎ᠤ  ᠲᠤᠰ  ᠱᠠᠳᠤᠨ᠎ᠤ  ᠤᠯᠤᠰ᠎ᠤᠨ  ᠦᠮᠴᠢᠯᠡᠯ᠎ᠤᠨ  ᠮᠦᠩᠬᠦᠨ  ᠬᠦᠢ᠍ᠯᠭᠡᠭᠡᠨ᠎ᠤ  ᠡᠳ᠋  ᠬᠦᠷᠦᠩᠭᠡ ᠵᠢᠨ  ᠵᠤᠭᠤᠰ  ᠭᠠᠷᠭ᠋ᠠᠭᠰᠠᠳ᠎ᠤᠨ  ᠲᠤᠰᠢᠶᠠᠯ  ᠬᠠᠷᠢᠭᠤᠴᠠᠯᠭ᠎ᠠ ᠵᠢᠨ  ᠭᠡᠷᠡᠭᠵᠢᠬᠦᠯᠬᠦ  ᠲᠤᠬᠳᠠᠭ᠋ᠠᠯ (ᠲᠦᠷ  ᠭᠡᠷᠡᠭᠵᠢᠬᠦᠯᠬᠦ) ᠂  ᠡᠩ᠎ᠤᠨ  ᠶᠡᠭᠡ  ᠳᠡᠭᠡᠳᠦ  ᠰᠤᠷᠭ᠋ᠠᠭᠤᠯᠢ ᠵᠢᠨ  ᠭᠡᠷ᠎ᠤᠨ  ᠠᠮᠢᠲᠤᠷᠠᠯ᠎ᠨᠢ  ᠶᠠᠲᠠᠭᠤ  ᠬᠦᠴᠢᠷᠳᠡᠯᠳᠠᠢ  ᠰᠤᠷᠤᠬ᠍ᠴᠢ ᠵᠢᠨ  ᠰᠤᠷᠭ᠋ᠠᠭᠤᠯᠢ᠎ᠳᠤ  ᠤᠷᠤᠬᠤ ᠵᠢ  ᠲᠤᠰᠠᠯᠠᠬᠤ  ᠲᠦᠷᠦ ᠵᠢᠨ  ᠪᠤᠳᠤᠯᠭ᠎ᠠ ᠂  ᠠᠭᠤᠢ ᠵᠢᠨ  ᠰᠦᠮ᠎ᠠ ᠵᠢ  ᠬᠠᠮᠠᠭ᠋ᠠᠯᠠᠵᠤ  ᠠᠰᠢᠬᠯᠠᠬᠤ  ᠠᠵᠢᠯ᠎ᠢ  ᠴᠢᠩᠭ᠋ᠠᠳᠬᠠᠬᠤ ᠵᠢᠨ  ᠭᠡᠷᠡᠭᠵᠢᠬᠦᠯᠬᠦ  ᠲᠦᠰᠦᠯ  ᠵᠡᠷᠭᠡ  ᠵᠦᠢ᠍ᠯ᠎ᠢ  ᠰᠤᠳᠤᠯᠵᠠᠢ ᠃
       ᠬᠤᠷᠠᠯ᠎ᠠᠴᠠ ᠂  ᠨᠠᠮ᠎ᠤᠨ  ᠲᠦᠪ  ᠬᠤᠷᠢᠶ᠎ᠠ ᠂  ᠲᠦᠷᠦ ᠵᠢᠨ  ᠶᠠᠪᠤᠳᠠᠯ᠎ᠤᠨ  ᠬᠤᠷᠢᠶᠠᠨ᠎ᠤ  ᠤᠯᠤᠰ᠎ᠤᠨ  ᠦᠮᠴᠢᠯᠡᠯ᠎ᠤᠨ  ᠡᠳ᠋  ᠬᠦᠷᠦᠩᠭᠡ ᠵᠢᠨ  ᠬᠠᠮᠢᠶᠠᠷᠤᠯᠳᠠ ᠵᠢ  ᠳᠡᠬᠦᠯᠳᠡᠷᠵᠢᠬᠦᠯᠬᠦ  ᠲᠤᠬᠠᠢ  ᠰᠢᠢ᠍ᠳᠪᠤᠷᠢᠳᠦ  ᠪᠤᠳᠤᠯᠭ᠎ᠠ  ᠪᠠᠢ᠍ᠢ᠍ᠷᠢᠯᠠᠭᠤᠯᠤᠯᠳᠠ ᠵᠢ  ᠨᠠᠷᠢᠨ  ᠬᠢᠨᠠᠮᠠᠭ᠋ᠠᠢ  ᠲᠤᠭᠤᠰᠢᠯᠠᠭᠤᠯᠤᠨ  ᠨᠠᠢ᠍ᠢ᠍ᠳᠠᠪᠤᠷᠢᠵᠢᠭᠤᠯᠵᠦ ᠂  ᠦᠪᠡᠷᠲᠡᠭᠡᠨ  ᠵᠠᠰᠠᠬᠤ  ᠤᠷᠤᠨ᠎ᠤ  ᠲᠤᠰ  ᠱᠠᠳᠤᠨ᠎ᠤ  ᠤᠯᠤᠰ᠎ᠤᠨ  ᠦᠮᠴᠢᠯᠡᠯ᠎ᠤᠨ  ᠮᠦᠩᠬᠦᠨ  ᠬᠦᠢ᠍ᠯᠭᠡᠭᠡᠨ᠎ᠤ  ᠡᠳ᠋  ᠬᠦᠷᠦᠩᠭᠡ ᠵᠢᠨ  ᠬᠠᠮᠢᠶᠠᠷᠤᠯᠳᠠ ᠵᠢ  ᠤᠯᠠᠮ  ᠴᠢᠨᠠᠬᠰᠢᠳᠠ  ᠴᠢᠩᠭ᠋ᠠᠳᠬᠠᠨ ᠂  ᠮᠠᠨ᠎ᠤ  ᠤᠷᠤᠨ᠎ᠤ  ᠤᠯᠤᠰ᠎ᠤᠨ  ᠦᠮᠴᠢᠯᠡᠯ᠎ᠤᠨ  ᠡᠳ᠋  ᠬᠦᠷᠦᠩᠭᠡ ᠵᠢᠨ  ᠬᠠᠮᠢᠶᠠᠷᠤᠯᠳᠠ ᠵᠢᠨ  ᠡᠷᠭᠡ  ᠬᠠᠷᠢᠭᠤᠴᠠᠯᠭ᠎ᠠ  ᠳᠤᠳᠤᠷᠬᠠᠢ  ᠪᠤᠰᠤ  ᠪᠠᠢ᠍ᠢ᠍ᠬᠤ  ᠵᠡᠷᠭᠡ  ᠠᠰᠠᠭᠤᠳᠠᠯ᠎ᠢ  ᠰᠢᠢ᠍ᠳᠪᠤᠷᠢᠯᠡᠵᠦ ᠂  ᠬᠠᠮᠢᠶᠠᠷᠤᠯᠳᠠ ᠵᠢᠨ  ᠪᠠᠢ᠍ᠢ᠍ᠭᠤᠯᠤᠮᠵᠢ ᠵᠢ  ᠳᠡᠬᠦᠯᠳᠡᠷᠵᠢᠬᠦᠯᠬᠦ  ᠭᠡᠷᠡᠭᠲᠡᠢ  ᠭᠡᠵᠦ  ᠵᠢᠭ᠋ᠠᠵᠦ  ᠭᠠᠷᠭ᠋ᠠᠪᠠ ᠃
       ᠬᠤᠷᠠᠯ᠎ᠠᠴᠠ ᠂  ᠨᠠᠮ᠎ᠤᠨ  ᠠᠷᠪᠠ  ᠶᠢᠰᠦᠳᠦᠭᠡᠷ  ᠶᠡᠭᠡ  ᠬᠤᠷᠠᠯ᠎ᠤᠨ  ᠵᠤᠷᠢᠭ  ᠰᠠᠨᠠᠭ᠎ᠠ ᠵᠢ  ᠬᠦᠨᠵᠡᠭᠡᠢ  ᠲᠤᠭᠤᠰᠢᠯᠠᠭᠤᠯᠵᠦ ᠂  ᠰᠤᠷᠭ᠋ᠠᠨ  ᠬᠦᠮᠦᠵᠢᠯ᠎ᠤᠨ  ᠡᠷᠭᠡ  ᠲᠡᠭᠰᠢ  ᠪᠠ  ᠨᠡᠢ᠍ᠢ᠍ᠭᠡᠮ᠎ᠤᠨ  ᠲᠦᠪ  ᠭᠤᠤᠯᠴᠢ ᠵᠢ  ᠤᠯᠠᠮ  ᠴᠢᠨᠠᠬᠰᠢᠳᠠ  ᠠᠬᠢᠭᠤᠯᠤᠨ ᠂ 《ᠡᠳ᠋᠎ᠤᠨ  ᠵᠠᠰᠠᠭ᠎ᠤᠨ  ᠤᠷᠤᠭᠤᠯᠤᠯᠳᠠ ᠵᠢ  ᠨᠡᠮᠡᠭᠳᠡᠬᠦᠯᠬᠦ ᠂  ᠵᠠᠷᠤᠳᠠᠯ᠎ᠢ  ᠵᠤᠬᠢᠰᠳᠠᠢ  ᠡᠬᠦᠷᠭᠡᠯᠡᠬᠦ ᠂  ᠲᠦᠷᠦ ᠵᠢᠨ  ᠪᠤᠳᠤᠯᠭ᠎ᠠ ᠵᠢᠨ  ᠤᠳᠤᠷᠢᠳᠤᠮᠵᠢ ᠵᠢ  ᠳᠤᠳᠤᠷᠬᠠᠢ᠍ᠢ᠍ᠯᠠᠬᠤ ᠂  ᠤᠯᠠᠨ  ᠡᠰᠢᠵᠢᠭᠰᠡᠨ  ᠬᠤᠯᠢᠮᠠᠬ  ᠲᠤᠰᠠᠯᠠᠮᠵᠢ  ᠦᠵᠡᠬᠦᠯᠬᠦ ᠂  ᠡᠯ᠎ᠠ  ᠲᠠᠯ᠎ᠠ ᠵᠢᠨ  ᠬᠠᠷᠢᠭᠤᠴᠠᠯᠭ᠎ᠠ ᠵᠢ  ᠳᠤᠳᠤᠷᠬᠠᠢ᠍ᠢ᠍ᠯᠠᠬᠤ》  ᠵᠢᠴᠢ 《ᠰᠢᠨ᠎ᠠ  ᠰᠤᠷᠤᠬ᠍ᠴᠢᠳ᠎ᠲᠤ  ᠰᠢᠨ᠎ᠠ  ᠠᠷᠭ᠎ᠠ  ᠭᠡᠮᠵᠢᠶ᠎ᠠ  ᠭᠡᠷᠡᠭᠵᠢᠬᠦᠯᠵᠦ ᠂  ᠬᠠᠭᠤᠴᠢᠨ  ᠰᠤᠷᠤᠬ᠍ᠴᠢᠳ᠎ᠲᠤ  ᠬᠠᠭᠤᠴᠢᠨ  ᠠᠷᠭ᠎ᠠ  ᠭᠡᠮᠵᠢᠶ᠎ᠠ  ᠭᠡᠷᠡᠭᠵᠢᠬᠦᠯᠬᠦ》  ᠵᠠᠷᠴᠢᠮ  ᠶᠤᠰᠤᠭ᠋ᠠᠷ ᠂  ᠨᠠᠷᠢᠨ  ᠤᠨᠤᠴᠠᠳᠠᠢ  ᠳᠡᠳᠬᠦᠨ  ᠲᠤᠰᠠᠯᠠᠵᠦ ᠂  ᠮᠠᠨ᠎ᠤ  ᠤᠷᠤᠨ᠎ᠤ  ᠡᠩ᠎ᠤᠨ  ᠶᠡᠭᠡ  ᠳᠡᠭᠡᠳᠦ  ᠰᠤᠷᠭ᠋ᠠᠭᠤᠯᠢ ᠵᠢᠨ  ᠡᠯ᠎ᠠ  ᠲᠦᠷᠦᠯ᠎ᠤᠨ  ᠭᠡᠷ᠎ᠤᠨ  ᠠᠮᠢᠲᠤᠷᠠᠯ᠎ᠨᠢ  ᠶᠠᠳᠠᠭᠤ  ᠬᠦᠴᠢᠷᠳᠡᠯᠳᠠᠢ  ᠰᠤᠷᠤᠬ᠍ᠴᠢ ᠵᠢᠨ  ᠤᠷᠤᠬᠰᠢᠳᠠᠢ᠎ᠪᠠᠷ  ᠰᠤᠷᠭ᠋ᠠᠭᠤᠯᠢ᠎ᠳᠤ  ᠤᠷᠤᠬᠤ ᠵᠢᠨ  ᠬᠠᠮᠳᠦ  ᠰᠤᠷᠤᠯᠭ᠎ᠠ᠎ᠪᠠᠨ  ᠠᠮᠵᠢᠯᠳᠠᠳᠠᠢ  ᠲᠡᠬᠦᠰᠬᠦ ᠵᠢ  ᠲᠦᠷᠢᠮ᠎ᠤᠨ  ᠲᠠᠯ᠎ᠠ᠎ᠠᠴᠠ  ᠪᠠᠳᠤᠯᠠᠬᠤ  ᠭᠡᠷᠡᠭᠲᠡᠢ ᠃  ᠰᠤᠷᠭ᠋ᠠᠭᠤᠯᠢ᠎ᠳᠤ  ᠤᠷᠤᠬᠤ ᠵᠢ  ᠲᠤᠰᠠᠯᠠᠬᠤ  ᠲᠦᠷᠦ ᠵᠢᠨ  ᠪᠤᠳᠤᠯᠭ᠎ᠠ ᠵᠢ  ᠨᠠᠢ᠍ᠢ᠍ᠳᠠᠪᠤᠷᠢᠵᠢᠭᠤᠯᠤᠭᠰᠠᠨ  ᠪᠠᠢ᠍ᠢ᠍ᠳᠠᠯ᠎ᠳᠤ  ᠮᠦᠷᠳᠡᠨ  ᠬᠢᠨᠡᠨ  ᠭᠡᠮᠵᠢᠯᠳᠠ  ᠬᠢᠵᠦ ᠂  ᠬᠠᠷᠠᠭ᠋ᠠᠯᠵᠠᠬᠰᠠᠨ  ᠢᠵᠢ  ᠲᠦᠬᠦᠷ  ᠠᠷᠭ᠎ᠠ  ᠭᠡᠮᠵᠢᠶ᠎ᠠ ᠵᠢ  ᠳᠡᠬᠦᠯᠳᠡᠷᠵᠢᠬᠦᠯᠦᠨ ᠂  ᠰᠤᠷᠤᠯᠭ᠎ᠠ᠎ᠠᠴᠠ  ᠪᠤᠯᠵᠦ  ᠲᠠᠬᠢᠨ  ᠶᠠᠳᠠᠭᠤᠷᠠᠬᠤ ᠂  ᠰᠤᠷᠤᠯᠭ᠎ᠠ᠎ᠠᠴᠠ  ᠪᠤᠯᠵᠦ  ᠶᠠᠳᠠᠭᠤᠷᠠᠬᠤ  ᠦᠵᠡᠭᠳᠡᠯ  ᠭᠠᠷᠬᠤ ᠵᠢ  ᠡᠷᠡᠰ  ᠬᠤᠷᠢᠬᠯᠠᠵᠦ ᠂  ᠶᠠᠳᠠᠭᠤ᠎ᠠᠴᠠ  ᠠᠩᠬᠢᠵᠢᠷᠠᠭᠤᠯᠬᠤ  ᠪᠤᠭᠤᠮᠳᠠ  ᠰᠢᠪᠳᠤᠯᠬᠤ  ᠦᠷ᠎ᠠ  ᠪᠦᠳᠦᠭᠡᠯ᠎ᠢ  ᠦᠨᠡᠨ  ᠬᠦ᠌  ᠪᠡᠬᠢᠵᠢᠬᠦᠯᠬᠦ  ᠭᠡᠷᠡᠭᠲᠡᠢ  ᠭᠡᠵᠦ  ᠵᠢᠭ᠋ᠠᠵᠦ  ᠭᠠᠷᠭ᠋ᠠᠪᠠ ᠃
       ᠬᠤᠷᠠᠯ᠎ᠠᠴᠠ ᠂  ᠡᠯ᠎ᠠ  ᠱᠠᠳᠤ  ᠡᠯ᠎ᠠ  ᠬᠤᠯᠪᠤᠭᠳᠠᠯ  ᠪᠦᠬᠦᠢ  ᠰᠠᠯᠠᠭ᠎ᠠ  ᠮᠦᠴᠢᠷ᠎ᠤᠨ᠎ᠬᠢᠨ  ᠤᠯᠤᠰ  ᠲᠦᠷᠦ ᠵᠢᠨ  ᠵᠤᠬᠰᠤᠴᠠ᠎ᠪᠠᠨ  ᠳᠡᠭᠡᠭᠰᠢᠯᠡᠬᠦᠯᠵᠦ ᠂  ᠠᠭᠤᠢ ᠵᠢᠨ  ᠰᠦᠮ᠎ᠠ ᠵᠢ  ᠬᠠᠮᠠᠭ᠋ᠠᠯᠠᠬᠤ  ᠠᠰᠢᠬᠯᠠᠬᠤ ᠵᠢ  ᠪᠠᠢ᠍ᠢ᠍ᠪᠠᠰᠤ  ᠵᠤᠬᠢᠬᠤ  ᠪᠠᠢ᠍ᠢ᠍ᠷᠢᠨ᠎ᠳᠤ  ᠲᠠᠯᠪᠢᠵᠦ ᠂  ᠡᠯ᠎ᠠ  ᠵᠦᠢ᠍ᠯ᠎ᠤᠨ  ᠡᠬᠦᠷᠭᠡ ᠵᠢᠨ  ᠨᠠᠢ᠍ᠢ᠍ᠳᠠᠪᠤᠷᠢᠵᠢᠭᠤᠯᠤᠯᠳᠠ ᠵᠢ  ᠯᠠᠪᠳᠠᠭᠤᠨ  ᠪᠠᠳᠤᠳᠠᠢ  ᠰᠠᠢ᠍ᠢ᠍ᠳᠤᠷ  ᠠᠳᠬᠤᠬᠤ  ᠭᠡᠷᠡᠭᠲᠡᠢ ᠃  ᠲᠦᠯᠦᠪᠵᠢᠬᠦᠯᠭᠡ᠎ᠪᠠᠷ  ᠬᠦᠳᠦᠯᠦᠨ  ᠳᠠᠭ᠋ᠠᠭᠤᠯᠬᠤ ᠵᠢ  ᠴᠢᠬᠤᠯᠠᠴᠢᠯᠠᠵᠦ ᠂  ᠠᠭᠤᠢ ᠵᠢᠨ  ᠰᠦᠮ᠎ᠠ ᠵᠢᠨ  ᠬᠠᠮᠠᠭ᠋ᠠᠯᠠᠯᠳᠠ  ᠠᠰᠢᠬᠯᠠᠯᠳᠠ ᠵᠢᠨ  ᠲᠤᠰᠬᠠᠢ  ᠲᠦᠯᠦᠪᠵᠢᠬᠦᠯᠭᠡ ᠵᠢ  ᠰᠠᠢ᠍ᠢ᠍ᠳᠤᠷ  ᠵᠤᠬᠢᠶᠠᠨ  ᠪᠠᠢ᠍ᠢ᠍ᠭᠤᠯᠵᠦ  ᠨᠠᠢ᠍ᠢ᠍ᠷᠠᠭᠤᠯᠤᠨ ᠂  ᠪᠦᠬᠦ  ᠤᠷᠤᠨ᠎ᠤ  ᠠᠭᠤᠢ ᠵᠢᠨ  ᠰᠦᠮ᠎ᠠ ᠵᠢᠨ  ᠲᠤᠰᠬᠠᠢ  ᠪᠠᠢ᠍ᠢ᠍ᠴᠠᠭ᠋ᠠᠯᠳᠠ ᠵᠢ  ᠴᠢᠨᠠᠬᠰᠢᠳᠠ  ᠰᠠᠢ᠍ᠢ᠍ᠳᠤᠷ  ᠬᠢᠵᠦ ᠂  ᠬᠠᠳᠠᠭ᠋ᠠᠯᠠᠬᠳᠠᠵᠦ  ᠪᠠᠢ᠍ᠢ᠍ᠭ᠎ᠠ  ᠤᠳᠤᠬᠢ  ᠪᠠᠢ᠍ᠢ᠍ᠳᠠᠯ ᠂  ᠭᠤᠤᠯ  ᠪᠤᠯᠬᠤ  ᠠᠶᠦᠯ  ᠲᠦᠭᠰᠢᠬᠦᠷᠢ ᠵᠢ  ᠨᠠᠷᠢᠨ  ᠤᠢ᠍ᠢ᠍ᠯᠠᠭ᠋ᠠᠭᠰᠠᠨ᠎ᠤ  ᠰᠠᠭᠤᠷᠢᠨ  ᠳᠡᠭᠡᠷ᠎ᠠ ᠂  ᠴᠢᠭᠯᠡᠬᠦᠯᠦᠯᠳᠦ  ᠴᠢᠨᠠᠷᠳᠠᠢ  ᠬᠠᠮᠠᠭ᠋ᠠᠯᠠᠬᠤ  ᠲᠦᠰᠦᠯ  ᠲᠤᠷᠠᠳᠬᠤ  ᠭᠡᠷᠡᠭᠲᠡᠢ ᠃  ᠵᠤᠬᠢᠰᠳᠠᠢ  ᠠᠰᠢᠬᠯᠠᠬᠤ ᠵᠢ  ᠠᠬᠢᠭᠤᠯᠵᠦ ᠂  ᠢᠯᠠᠩᠭᠤᠶ᠎ᠠ  ᠡᠬᠦᠨ᠎ᠤ  ᠳᠤᠮᠳᠠ  ᠠᠭᠤᠯᠤᠬᠳᠠᠵᠦ  ᠪᠠᠢ᠍ᠢ᠍ᠭ᠎ᠠ  ᠦᠨᠳᠦᠰᠦᠳᠡᠨ᠎ᠨᠦᠭᠦᠳ᠎ᠤᠨ  ᠶᠠᠪᠤᠯᠴᠠᠭ᠎ᠠ  ᠰᠤᠯᠢᠯᠴᠠᠭ᠎ᠠ  ᠠᠭᠤᠰᠤᠯᠴᠠᠯ᠎ᠤᠨ  ᠲᠡᠦᠭᠡ ᠵᠢᠨ  ᠠᠭᠤᠯᠬᠤᠨ᠎ᠢ  ᠬᠦᠨᠵᠡᠭᠡᠢ  ᠠᠭᠤᠳᠠᠯᠵᠦ ᠂  ᠠᠭᠤᠢ ᠵᠢᠨ  ᠰᠦᠮ᠎ᠠ  ᠵᠡᠷᠭᠡ  ᠲᠡᠦᠭᠡ  ᠰᠤᠶᠤᠯ᠎ᠤᠨ  ᠦᠪ᠎ᠤᠨ  ᠳᠤᠮᠳᠠᠳᠤ ᠵᠢᠨ  ᠦᠨᠳᠦᠰᠦᠳᠡᠨ᠎ᠤ  ᠬᠠᠮᠳᠦ  ᠴᠤᠬ᠍ᠴᠠ ᠵᠢᠨ  ᠤᠬᠠᠮᠰᠠᠷ᠎ᠢ  ᠪᠠᠳᠤ  ᠴᠤᠬ᠍ᠴᠠᠯᠠᠬᠤ  ᠲᠠᠯ᠎ᠠ᠎ᠪᠠᠷ᠎ᠬᠢ  ᠴᠢᠬᠤᠯᠠ  ᠦᠢ᠍ᠯᠡᠳᠦᠯ᠎ᠢ  ᠬᠦᠢ᠍ᠴᠡᠳ  ᠪᠠᠳᠠᠷᠠᠭᠤᠯᠬᠤ  ᠭᠡᠷᠡᠭᠲᠡᠢ ᠃  ᠤᠯᠠᠨ  ᠰᠠᠯᠠᠭ᠎ᠠ  ᠮᠦᠴᠢᠷ  ᠬᠠᠮᠵᠢᠯᠴᠠᠬᠤ  ᠲᠤᠭᠳᠠᠴᠠ ᠵᠢ  ᠪᠠᠢ᠍ᠢ᠍ᠭᠤᠯᠵᠦ ᠂  ᠠᠭᠤᠢ ᠵᠢᠨ  ᠰᠦᠮ᠎ᠠ ᠵᠢᠨ  ᠬᠠᠮᠠᠭ᠋ᠠᠯᠠᠯᠳᠠ  ᠠᠰᠢᠬᠯᠠᠯᠳᠠ ᠵᠢᠨ  ᠳᠤᠮᠳᠠᠬᠢ  ᠴᠢᠬᠤᠯᠠ  ᠶᠡᠭᠡ  ᠠᠰᠠᠭᠤᠳᠠᠯ᠎ᠢ  ᠰᠤᠳᠤᠯᠤᠨ  ᠰᠢᠢ᠍ᠳᠪᠤᠷᠢᠯᠡᠬᠦ  ᠭᠡᠷᠡᠭᠲᠡᠢ  ᠭᠡᠵᠦ  ᠱᠠᠭ᠋ᠠᠷᠳᠠᠵᠠᠢ ᠃
       ᠬᠤᠷᠠᠯ᠎ᠠᠴᠠ  ᠪᠠᠰᠠ  ᠪᠤᠰᠤᠳ  ᠵᠦᠢ᠍ᠯ᠎ᠢ  ᠰᠤᠳᠤᠯᠪᠠ ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ