ᠢᠯᠡ ᠵᠠᠰᠠᠭ   -   ᠲᠤᠰᠬᠠᠢ ᠵᠦᠢᠯ᠎ᠤᠨ ᠠᠵᠢᠯ᠎ᠤᠨ ᠬᠤᠷᠠᠯ
ᠦᠪᠡᠷᠳᠡᠬᠡᠨ ᠵᠠᠰᠠᠬᠤ ᠤᠷᠤᠨ ᠤ᠋ ᠤᠯᠤᠰ ᠤ᠋ᠨ ᠦᠮᠴᠢᠯᠡᠯᠳᠦ ᠡᠳ᠋ ᠬᠦᠷᠦᠩᠬᠡ ᠵᠢᠨ ᠬᠢᠨᠠᠯᠳᠠ ᠬᠠᠮᠢᠶᠠᠷᠤᠯᠳᠠ ᠵᠢᠨ ᠵᠦᠪᠯᠡᠯ ᠤ᠋ᠨ ᠰᠢᠰᠲᠸᠮ ᠤ᠋ᠨ ᠲᠦᠪ ᠤ᠋ᠨ ᠨᠠᠢ᠍ᠮᠠᠨ ᠲᠤᠬᠳᠠᠭᠠᠯ ᠤ᠋ᠨ ᠵᠤᠷᠢᠬ ᠰᠠᠨᠠᠭ᠎ᠠ ᠵᠢ ᠬᠦᠨᠵᠡᠬᠡᠢ ᠲᠤᠭᠤᠰᠢᠯᠠᠭᠤᠯᠬᠤ ᠰᠤᠷᠤᠯᠴᠠᠯᠭ᠎ᠠ ᠬᠦᠮᠦᠵᠢᠯ ᠵᠢᠴᠢ ᠨᠠᠮ ᠤ᠋ᠨ ᠰᠤᠷᠳᠠᠯ ᠴᠢᠬᠡᠴᠢ ᠵᠠᠰᠠᠬ ᠤ᠋ᠨ ᠪᠠᠢᠭᠤᠯᠤᠯᠳᠠ ᠵᠢᠨ ᠰᠡᠷᠡᠮᠵᠢᠯᠡᠬᠦᠯᠬᠦ ᠬᠦᠮᠦᠵᠢᠯ ᠤ᠋ᠨ ᠬᠤᠷᠠᠯ ᠬᠤᠷᠠᠯᠳᠤᠵᠠᠢ  ᠶᠤᠤ ᠶᠦᠩ ᠪᠦᠸᠸ ᠶᠠᠷᠢᠶ᠎ᠠ ᠲᠠᠯᠪᠢᠪᠠ
ᠨᠡᠶ᠋ᠢᠲᠡᠯᠡᠭᠰᠡᠨ ᠴᠠᠭ᠄ 2025-06-25

 

 

6 ᠰᠠᠷ᠎ᠠ ᠵᠢᠨ 24 ᠤ᠋ ᠡᠳᠦᠷ᠂ ᠦᠪᠡᠷᠳᠡᠬᠡᠨ ᠵᠠᠰᠠᠬᠤ ᠤᠷᠤᠨ ᠤ᠋ ᠤᠯᠤᠰ ᠤ᠋ᠨ ᠦᠮᠴᠢᠯᠡᠯᠳᠦ ᠡᠳ᠋ ᠬᠦᠷᠦᠩᠬᠡ ᠵᠢᠨ ᠬᠢᠨᠠᠯᠳᠠ ᠬᠠᠮᠢᠶᠠᠷᠤᠯᠳᠠ ᠵᠢᠨ ᠵᠦᠪᠯᠡᠯ ᠤ᠋ᠨ ᠰᠢᠰᠲᠸᠮ ᠤ᠋ᠨ ᠲᠦᠪ ᠤ᠋ᠨ ᠨᠠᠢ᠍ᠮᠠᠨ ᠲᠤᠬᠳᠠᠭᠠᠯ ᠤ᠋ᠨ ᠵᠤᠷᠢᠬ ᠰᠠᠨᠠᠭ᠎ᠠ ᠵᠢ ᠬᠦᠨᠵᠡᠬᠡᠢ ᠲᠤᠭᠤᠰᠢᠯᠠᠭᠤᠯᠬᠤ ᠰᠤᠷᠤᠯᠴᠠᠯᠭ᠎ᠠ ᠬᠦᠮᠦᠵᠢᠯ ᠵᠢᠴᠢ ᠨᠠᠮ ᠤ᠋ᠨ ᠰᠤᠷᠳᠠᠯ ᠴᠢᠬᠡᠴᠢ ᠵᠠᠰᠠᠬ ᠤ᠋ᠨ ᠪᠠᠢᠭᠤᠯᠤᠯᠳᠠ ᠵᠢᠨ ᠰᠡᠷᠡᠮᠵᠢᠯᠡᠬᠦᠯᠬᠦ ᠬᠦᠮᠦᠵᠢᠯ ᠤ᠋ᠨ ᠬᠤᠷᠠᠯ ᠬᠤᠷᠠᠯᠳᠤᠵᠠᠢ᠃

ᠦᠪᠡᠷᠳᠡᠬᠡᠨ ᠵᠠᠰᠠᠬᠤ ᠤᠷᠤᠨ ᠤ᠋ ᠠᠷᠠᠳ ᠤ᠋ᠨ ᠵᠠᠰᠠᠬ ᠤ᠋ᠨ ᠤᠷᠳᠤᠨ ᠤ᠋ ᠲᠡᠳ᠋ ᠲᠡᠷᠢᠬᠦᠯᠡᠭᠴᠢ ᠶᠤᠤ ᠶᠦᠩ ᠪᠦᠸᠸ ᠬᠤᠷᠠᠯ ᠎ᠢ ᠡᠷᠬᠢᠯᠡᠭᠰᠡᠨ ᠪᠦᠬᠡᠳ ᠶᠠᠷᠢᠶ᠎ᠠ ᠲᠠᠯᠪᠢᠵᠤ᠂ ᠲᠦᠪ ᠤ᠋ᠨ ᠲᠤᠭᠤᠷᠢᠨ ᠪᠠᠢᠴᠠᠭᠠᠬᠤ ᠲᠤᠭᠤᠢᠯᠠᠩ ᠤ᠋ᠨ ᠬᠠᠮᠢᠶ᠎ᠠ ᠪᠦᠬᠦᠢ ᠬᠠᠷᠢᠭᠤᠴᠠᠯᠭᠠᠳᠠᠨ ᠨᠦᠬᠦᠳ ᠬᠤᠷᠠᠯ ᠳ᠋ᠸ᠋ ᠤᠷᠤᠯᠴᠠᠵᠤ ᠵᠢᠭᠠᠨ ᠵᠢᠯᠤᠭᠤᠳᠪᠠ᠃

ᠬᠤᠷᠠᠯ ᠡᠴᠨ᠂ ᠶᠡᠷᠦᠩᠬᠡᠢ ᠱᠦᠵᠢ ᠰᠢ ᠵᠢᠨ ᠫᠢᠩ ᠤ᠋ᠨ ᠤᠯᠤᠰ ᠤ᠋ᠨ ᠦᠮᠴᠢᠯᠡᠯᠳᠦ ᠡᠳ᠋ ᠬᠦᠷᠦᠩᠬᠡ ᠤᠯᠤᠰ ᠤ᠋ᠨ ᠦᠮᠴᠢᠯᠡᠯᠳᠦ ᠠᠵᠤ ᠠᠬᠤᠢᠯᠠᠯ ᠤ᠋ᠨ ᠲᠤᠬᠠᠢ ᠴᠢᠬᠤᠯᠠ ᠦᠬᠦᠯᠡᠯᠳᠡ ᠵᠢ ᠬᠦᠨᠵᠡᠬᠡᠢ ᠰᠤᠷᠤᠯᠴᠠᠨ ᠲᠤᠭᠤᠰᠢᠯᠠᠭᠤᠯᠵᠤ᠂ ᠸᠸᠢ ᠱᠤᠸᠠᠨ ᠱᠢ ᠵᠡᠷᠬᠡ ᠨᠡᠢᠳᠡᠯᠢᠭ ᠬᠡᠷᠡᠭ ᠤ᠋ᠨ ᠵᠢᠱ᠌ᠢᠶ᠎ᠡ ᠵᠢᠨ ᠰᠤᠷᠭᠠᠮᠵᠢ ᠵᠢ ᠬᠦᠨᠵᠡᠬᠡᠢ ᠠᠪᠴᠤ᠂ ᠲᠦᠪᠯᠡᠷᠡᠩᠬᠦᠢ ᠴᠡᠭᠴᠡᠯᠡᠨ ᠵᠠᠰᠠᠯᠳᠠ ᠵᠢ ᠪᠦᠬᠦ ᠲᠠᠯ᠎ᠠ ᠪᠡᠷ ᠦᠷᠨᠢᠬᠦᠯᠦᠨ᠂ ᠤᠯᠤᠰ ᠤ᠋ᠨ ᠦᠮᠴᠢᠯᠡᠯᠳᠦ  ᠡᠳ᠋ ᠬᠦᠷᠦᠩᠬᠡ ᠤᠯᠤᠰ ᠤ᠋ᠨ ᠦᠮᠴᠢᠯᠡᠯᠳᠦ ᠠᠵᠤ ᠠᠬᠤᠢᠯᠠᠯ ᠤ᠋ᠨ ᠰᠢᠰᠲᠸᠮ ᠤ᠋ᠨ ᠨᠠᠮ ᠤ᠋ᠨ ᠰᠤᠷᠳᠠᠯ ᠴᠢᠬᠡᠴᠢ ᠵᠠᠰᠠᠬ ᠤ᠋ᠨ ᠪᠠᠢᠭᠤᠯᠤᠯᠳᠠ ᠵᠢᠨ 《ᠨᠢᠬᠡ ᠠᠵᠢᠯ ᠤ᠋ᠨ ᠪᠠᠢᠷᠢ ᠵᠢᠨ ᠬᠤᠤᠰ ᠬᠠᠷᠢᠭᠤᠴᠠᠯᠭ᠎ᠠ》 ᠵᠢ ᠨᠠᠢᠳᠠᠪᠤᠷᠢᠵᠢᠭᠤᠯᠵᠦ᠂ ᠰᠤᠷᠤᠯᠴᠠᠯᠭ᠎ᠠ ᠬᠦᠮᠦᠵᠢᠯ ᠎ᠢ ᠬᠦᠨᠵᠡᠬᠡᠢᠷᠡᠬᠦᠯᠦᠨ ᠪᠤᠳᠠᠳᠠᠢᠵᠢᠭᠤᠯᠬᠤ ᠵᠢ ᠠᠬᠢᠭᠤᠯᠬᠤ ᠬᠡᠷᠡᠭᠳᠡᠢ ᠭᠡᠵᠦ ᠴᠢᠬᠤᠯᠠᠴᠢᠯᠠᠪᠠ᠃

ᠦᠪᠡᠷᠳᠡᠬᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠵᠢᠨ ᠱᠠᠯᠠᠪᠳᠠᠭᠤᠯᠤᠨ ᠵᠢᠯᠤᠭᠤᠳᠬᠤ ᠲᠤᠭᠤᠢᠯᠠᠩ᠂ ᠦᠪᠡᠷᠳᠡᠬᠡᠨ ᠵᠠᠰᠠᠬᠤ ᠤᠷᠤᠨ ᠤ᠋ ᠤᠯᠤᠰ ᠤ᠋ᠨ ᠦᠮᠴᠢᠯᠡᠯᠳᠦ  ᠡᠳ᠋ ᠬᠦᠷᠦᠩᠬᠡ ᠵᠢᠨ ᠬᠢᠨᠠᠯᠳᠠ ᠬᠠᠮᠢᠶᠠᠷᠤᠯᠳᠠ ᠵᠢᠨ  ᠵᠦᠪᠯᠡᠯ ᠵᠢᠴᠢ ᠤᠷᠤᠨ ᠤ᠋ ᠬᠠᠷᠢᠶ᠎ᠠ ᠤᠯᠤᠰ ᠤ᠋ᠨ ᠦᠮᠴᠢᠯᠡᠯᠳᠦ ᠠᠵᠤ ᠠᠬᠤᠢᠯᠠᠯ ᠤ᠋ᠨ ᠬᠠᠮᠢᠶ᠎ᠠ ᠪᠦᠬᠦᠢ ᠨᠦᠬᠦᠳ ᠬᠤᠷᠠᠯ ᠳ᠋ᠸ᠋ ᠤᠷᠤᠯᠴᠠᠵᠠᠢ᠃

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ