(1994 ᠣᠨ᠎ᠤ 7 ᠰᠠᠷ᠎ᠠ ᠵᠢᠨ 5᠎ᠤ ᠡᠳᠦᠷ ᠨᠠᠢ᠍ᠮᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠤᠷᠢᠶᠠᠨ᠎ᠤ ᠨᠠᠢ᠍ᠮᠠᠳᠤᠭ᠋ᠠᠷ ᠬᠤᠷᠠᠯᠳᠤᠭ᠋ᠠᠨ᠎ᠠᠴᠠ ᠪᠠᠲᠤᠯᠠᠪᠠ᠂ 1994 ᠣᠨ᠎ᠤ 7 ᠰᠠᠷ᠎ᠠ ᠵᠢᠨ 5᠎ᠤ ᠡᠳᠦᠷ ᠪᠦᠭᠦᠲᠡ ᠨᠠᠢ᠌ᠷᠠᠮᠳᠠᠬᠤ ᠳᠤᠮᠳᠠᠳᠤ ᠠᠷᠠᠳ ᠣᠯᠣᠰ᠎ᠤᠨ ᠲᠡᠷᠢᠭᠦᠯᠡᠭᠴᠢ ᠵᠢᠨ ᠬᠤᠷᠢᠨ ᠨᠠᠢ᠍ᠮᠠᠳᠣᠭ᠋ᠠᠷ ᠵᠠᠷᠯᠢᠭ ᠵᠶ᠋ᠠᠷ ᠨᠡᠢ᠌ᠲᠡᠯᠡᠪᠡ᠂ 1995 ᠣᠨ᠎ᠤ 1 ᠰᠠᠷ᠎ᠠ ᠵᠢᠨ 1᠎ᠤ ᠡᠳᠦᠷ᠎ᠠᠴᠠ ᠡᠬᠢᠯᠡᠨ ᠬᠡᠷᠡᠭᠵᠢᠭᠦᠯᠦᠨ᠎ᠡ)
ᠭᠠᠷᠴᠠᠭ
ᠨᠢᠭᠡᠳᠦᠭᠡᠷ ᠪᠦᠯᠦᠭ ᠶᠡᠷᠦᠩᠬᠡᠢ ᠳᠦᠷᠢᠮ
ᠬᠤᠶᠠᠳᠤᠭ᠋ᠠᠷ ᠪᠦᠯᠦᠭ ᠠᠵᠢᠯ ᠤᠯᠭᠤᠬᠤ ᠵᠢ ᠠᠬᠢᠭᠤᠯᠬᠤ
ᠭᠤᠷᠪᠠᠳᠤᠭ᠋ᠠᠷ ᠪᠦᠯᠦᠭ ᠬᠦᠳᠡᠯᠮᠦᠷᠢ ᠵᠢᠨ ᠭᠡᠷ᠎ᠡ ᠪᠠ ᠬᠠᠮᠲᠤ ᠵᠢᠨ ᠭᠡᠷ᠎ᠡ
ᠲᠦᠷᠪᠡᠳᠦᠭᠡᠷ ᠪᠦᠯᠦᠭ ᠠᠵᠢᠯᠯᠠᠬᠤ ᠴᠠᠭ ᠪᠠ ᠠᠮᠠᠷᠠᠬᠤ᠂ ᠠᠮᠠᠷᠠᠯᠲᠠ ᠵᠢᠨ ᠴᠢᠯᠤᠭᠡ
ᠲᠠᠪᠤᠳᠤᠭ᠋ᠠᠷ ᠪᠦᠯᠦᠭ ᠴᠠᠯᠢᠩ
ᠵᠢᠷᠭᠤᠳᠤᠭ᠋ᠠᠷ ᠪᠦᠯᠦᠭ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ
ᠲᠤᠯᠤᠳᠤᠭ᠋ᠠᠷ ᠪᠦᠯᠦᠭ ᠡᠮᠡᠭᠲᠠᠢ ᠠᠵᠢᠯᠲᠠᠨ ᠠᠵᠢᠯᠴᠢᠨ ᠪᠠ ᠨᠠᠰᠤᠨ᠎ᠳᠤ ᠬᠦᠷᠦᠭᠡᠳᠦᠢ ᠠᠵᠢᠯᠲᠠᠨ᠎ᠤ ᠣᠨᠴᠠᠭ᠋ᠠᠢ ᠬᠠᠮᠠᠭ᠋ᠠᠯᠠᠯᠲᠠ
ᠨᠠᠢ᠍ᠮᠠᠳᠤᠭ᠋ᠠᠷ ᠪᠦᠯᠦᠭ ᠠᠵᠢᠯ ᠮᠡᠷᠭᠡᠵᠢᠯ᠎ᠤᠨ ᠪᠤᠯᠪᠠᠰᠤᠷᠠᠯ
ᠶᠢᠰᠤᠳᠦᠭᠡᠷ ᠪᠦᠯᠦᠭ ᠨᠠᠢ᠌ᠭᠡᠮ᠎ᠤᠨ ᠲᠠᠭ᠋ᠠᠳᠬᠠᠯ ᠪᠠ ᠠᠰᠠᠷᠠᠮᠵᠢ
ᠠᠷᠪᠠᠳᠤᠭ᠋ᠠᠷ ᠪᠦᠯᠦᠭ ᠬᠦᠳᠡᠯᠮᠦᠷᠢ ᠵᠢᠨ ᠮᠠᠷᠭᠤᠭ᠋ᠠᠨ
ᠠᠷᠪᠠᠨ ᠨᠢᠭᠡᠳᠦᠭᠡᠷ ᠪᠦᠯᠦᠭ ᠬᠢᠨᠠᠯᠲᠠ ᠲᠠᠯᠪᠢᠵᠤ ᠪᠠᠢ᠌ᠴᠠᠭ᠋ᠠᠬᠤ
ᠠᠷᠪᠠᠨ ᠬᠤᠶᠠᠳᠤᠭ᠋ᠠᠷ ᠪᠦᠯᠦᠭ ᠬᠠᠤᠯᠢ ᠵᠢᠨ ᠬᠠᠷᠢᠭᠤᠴᠠᠯᠭ᠎ᠠ
ᠠᠷᠪᠠᠨ ᠭᠤᠷᠪᠠᠳᠤᠭ᠋ᠠᠷ ᠪᠦᠯᠦᠭ ᠲᠠᠭ᠋ᠠᠯᠳᠤᠭᠤᠯᠤᠭᠰᠠᠨ ᠲᠦᠷᠢᠮ
ᠨᠢᠭᠡᠳᠦᠭᠡᠷ ᠪᠦᠯᠦᠭ ᠶᠡᠷᠤᠩᠬᠡᠢ ᠲᠦᠷᠢᠮ
ᠨᠢᠭᠡᠳᠦᠭᠡᠷ ᠵᠦᠢ᠍ᠯ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠨ ᠬᠦᠳᠡᠯᠮᠦᠷᠢ ᠵᠢᠨ ᠬᠠᠷᠢᠴᠠᠭ᠎ᠠ ᠵᠢ ᠲᠤᠬᠢᠷᠠᠭᠤᠯᠵᠤ ᠨᠡᠢ᠌ᠭᠡᠮ ᠵᠢᠷᠤᠮ᠎ᠤᠨ ᠵᠠᠬ᠎ᠠ ᠲᠡᠯᠭᠡᠭᠦᠷ᠎ᠤᠨ ᠠᠵᠤ ᠠᠬᠤᠢ᠎ᠯᠤᠭ᠎ᠠ ᠵᠤᠬᠢᠴᠠᠭᠰᠠᠨ ᠬᠦᠳᠡᠯᠮᠦᠷᠢ ᠵᠢᠨ ᠲᠦᠷᠢᠮ᠎ᠢ ᠪᠠᠢ᠌ᠭᠤᠯᠤᠨ ᠬᠠᠮᠠᠭ᠋ᠠᠯᠠᠵᠤ ᠠᠵᠤ ᠠᠬᠤᠢ ᠵᠢᠨ ᠬᠦᠭᠵᠢᠯᠲᠡ ᠪᠠ ᠨᠡᠢ᠌ᠭᠡᠮ᠎ᠤᠨ ᠲᠠᠪᠰᠢᠯᠲᠠ ᠵᠢ ᠠᠬᠢᠭᠤᠯᠬᠤ ᠵᠢᠨ ᠲᠦᠯᠦᠭᠡ ᠦᠨᠳᠤᠰᠤᠨ ᠬᠠᠤᠯᠢ ᠵᠢ ᠦᠨᠳᠤᠰᠦᠯᠡᠨ ᠲᠤᠰ ᠬᠠᠤᠯᠢ ᠵᠢ
ᠲᠤᠭᠲᠠᠭ᠋ᠠᠪᠠ᠃
ᠬᠤᠶᠠᠳᠤᠭ᠋ᠠᠷ ᠵᠦᠢ᠍ᠯ ᠪᠦᠬᠦᠲᠡ ᠨᠠᠢ᠌ᠷᠠᠮᠳᠠᠬᠤ ᠲᠤᠮᠳᠠᠳᠤ ᠠᠷᠠᠳ ᠤᠯᠤᠰ᠎ᠤᠨ ᠬᠢᠯᠢ ᠵᠢᠨ ᠲᠤᠲᠤᠷᠠᠬᠢ ᠠᠵᠤ ᠠᠬᠤᠢ᠌ᠯᠠᠯ᠂ ᠬᠤᠪᠢ ᠵᠢᠨ ᠵᠤᠬᠢᠶᠠᠨ ᠪᠠᠢ᠌ᠭᠤᠯᠤᠯᠲᠠ (ᠲᠤᠷᠤᠭᠰᠢ ᠨᠡᠢ᠌ᠲᠡ᠎ᠳᠤᠨᠢ ᠬᠦᠮᠦᠨ ᠬᠡᠷᠡᠭᠯᠡᠬᠦ ᠨᠢᠭᠡᠴᠢ ᠭᠡᠵᠤ ᠨᠡᠷᠡᠯᠡᠨ᠎ᠡ) ᠬᠢᠭᠡᠳ ᠲᠡᠭᠦᠨ᠎ᠯᠦᠭᠡ ᠬᠦᠳᠡᠯᠮᠦᠷᠢ ᠵᠢᠨ ᠬᠠᠷᠢᠴᠠᠭ᠎ᠠ᠎ᠲᠠᠢ ᠪᠤᠯᠤᠭᠰᠠᠨ ᠬᠦᠳᠡᠯᠮᠦᠷᠢᠴᠢᠳ ᠲᠤᠰ ᠬᠠᠤᠯᠢ ᠵᠢ ᠬᠡᠷᠡᠭᠯᠡᠨ᠎ᠡ᠃
ᠲᠦᠷᠦ ᠵᠢᠨ ᠪᠠᠢ᠌ᠭᠤᠯᠭ᠎ᠠ᠂ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠲᠠ᠂ ᠨᠡᠢ᠌ᠭᠡᠮ᠎ᠤᠨ ᠪᠦᠯᠬᠦᠮ ᠪᠠ ᠲᠡᠭᠦᠨ᠎ᠯᠦᠭᠡ ᠬᠦᠳᠡᠯᠮᠦᠷᠢ ᠵᠢᠨ ᠭᠡᠷ᠎ᠡ ᠵᠢᠨ ᠬᠠᠷᠢᠴᠠᠭ᠎ᠠ ᠪᠠᠢ᠌ᠭᠤᠯᠤᠭᠰᠠᠨ ᠬᠦᠳᠡᠯᠮᠦᠷᠢᠴᠢᠨ ᠲᠤᠰ ᠬᠠᠤᠯᠢ ᠵᠢᠨ ᠶᠤᠰᠤᠭ᠋ᠠᠷ ᠬᠡᠷᠡᠭᠵᠢᠭᠦᠯᠦᠨ᠎ᠡ᠃
ᠭᠤᠷᠪᠠᠳᠤᠭ᠋ᠠᠷ ᠵᠦᠢ᠍ᠯ ᠬᠦᠳᠡᠯᠮᠦᠷᠢᠴᠢᠨ ᠡᠷᠭᠡ ᠲᠡᠭᠰᠢ᠎ᠪᠠᠷ ᠠᠵᠢᠯ ᠤᠯᠬᠤ ᠪᠠ ᠠᠵᠢᠯ ᠮᠡᠷᠭᠡᠵᠢᠯ ᠰᠤᠩᠭᠤᠬᠤ ᠡᠷᠬᠡ᠂ ᠬᠦᠳᠡᠯᠮᠦᠷᠢ ᠵᠢᠨ ᠤᠯᠭᠤᠮᠵᠢ ᠤᠯᠬᠤ ᠡᠷᠬᠡ᠂ ᠠᠮᠠᠷᠠᠬᠤ᠂ ᠠᠮᠠᠷᠠᠯᠲᠠ ᠵᠢᠨ ᠴᠢᠯᠤᠭᠡ ᠠᠪᠬᠤ ᠡᠷᠬᠡ᠂ ᠬᠦᠳᠡᠯᠮᠦᠷᠢ ᠵᠢᠨ ᠠᠶᠤᠯᠭᠦᠢ ᠪᠠᠢ᠌ᠬᠤ᠂ ᠡᠷᠡᠭᠦᠯ ᠬᠠᠮᠠᠭ᠋ᠠᠯᠠᠯ᠎ᠤᠨ ᠬᠠᠮᠠᠭ᠋ᠠᠯᠠᠯᠠᠲᠠ ᠵᠢ ᠤᠯᠬᠤ ᠡᠷᠬᠡ᠂ ᠠᠵᠢᠯ ᠮᠡᠷᠭᠡᠵᠢᠯ᠎ᠤᠨ ᠮᠡᠷᠭᠡᠰᠢᠯ ᠴᠢᠳᠠᠪᠤᠷᠢ ᠵᠢᠨ ᠪᠤᠯᠪᠠᠰᠤᠷᠠᠯ ᠬᠦᠷᠲᠡᠬᠦ ᠡᠷᠬᠡ᠂ ᠨᠡᠢ᠌ᠭᠡᠮ᠎ᠤᠨ ᠲᠠᠭ᠋ᠠᠳᠬᠠᠯ ᠪᠠ ᠠᠰᠠᠷᠠᠮᠵᠢ ᠵᠢ ᠡᠳ᠋ᠯᠡᠬᠦ ᠡᠷᠭᠡ᠂ ᠬᠦᠳᠡᠯᠮᠦᠷᠢ ᠵᠢᠨ ᠮᠠᠷᠭᠤᠭ᠋ᠠᠨ᠎ᠢ ᠰᠢᠢ᠍ᠳᠪᠦᠷᠢᠯᠡᠬᠦ᠎ᠪᠠᠷ ᠲᠡᠪᠰᠢᠭᠦᠯᠬᠦ ᠡᠷᠬᠡ᠎ᠲᠠᠢ ᠪᠦᠭᠡᠳ ᠬᠠᠤᠯᠢ᠎ᠳᠤ ᠲᠤᠭᠲᠠᠭ᠋ᠠᠭᠰᠠᠨ ᠪᠤᠰᠤᠳ ᠬᠦᠳᠡᠯᠮᠦᠷᠢ ᠵᠢᠨ ᠡᠷᠬᠡ ᠵᠢ ᠡᠳ᠋ᠯᠡᠨ᠎ᠡ᠃
ᠬᠦᠳᠡᠯᠮᠦᠷᠢᠴᠢᠨ ᠬᠦᠳᠡᠯᠮᠦᠷᠢ ᠵᠢᠨ ᠡᠭᠦᠷᠭᠡ᠎ᠪᠠᠨ ᠪᠡᠶᠡᠯᠡᠭᠦᠯᠵᠤ᠂ ᠠᠵᠢᠯ ᠮᠡᠷᠭᠡᠵᠢᠯ᠎ᠤᠨ ᠮᠡᠷᠭᠡᠰᠢᠯ ᠴᠢᠳᠠᠪᠤᠷᠢ᠎ᠪᠠᠨ ᠲᠡᠭᠡᠭᠰᠢᠯᠡᠭᠦᠯᠦᠨ᠂ ᠬᠦᠳᠡᠯᠮᠦᠷᠢ ᠵᠢᠨ ᠠᠶᠤᠯᠭᠦᠢ ᠪᠠᠢ᠌ᠬᠤ᠂ ᠡᠷᠡᠭᠦᠯ ᠬᠠᠮᠠᠭ᠋ᠠᠯᠠᠯ᠎ᠤᠨ ᠲᠤᠬᠠᠢ ᠲᠦᠷᠢᠮ ᠲᠤᠭᠲᠠᠭ᠋ᠠᠯ᠎ᠢ ᠬᠡᠷᠡᠭᠵᠢᠭᠦᠯᠦᠨ᠂ ᠬᠦᠳᠡᠯᠮᠦᠷᠢ ᠵᠢᠨ ᠰᠠᠬᠢᠯᠭ᠎ᠠ ᠪᠠᠲᠤ ᠪᠠ ᠠᠵᠢᠯ ᠮᠡᠷᠭᠡᠵᠢᠯ᠎ᠤᠨ ᠶᠤᠰᠤ ᠮᠤᠷᠠᠯ᠎ᠢ ᠵᠢᠷᠤᠮᠯᠠᠬᠤ ᠬᠡᠷᠡᠭᠲᠠᠢ᠃
ᠲᠦᠷᠪᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠲᠦᠷᠢᠮ ᠲᠤᠭᠲᠠᠭ᠋ᠠᠯ ᠵᠶ᠋ᠠᠨ ᠬᠠᠤᠯᠢ ᠶᠤᠰᠤᠭ᠋ᠠᠷ ᠪᠠᠢ᠌ᠭᠤᠯᠤᠨ ᠲᠡᠭᠦᠯᠳᠡᠷᠵᠢᠭᠦᠯᠵᠤ᠂ ᠬᠦᠳᠡᠯᠮᠦᠷᠢᠴᠢᠳ᠎ᠤᠨ ᠬᠦᠳᠡᠯᠮᠦᠷᠢᠯᠡᠬᠦ ᠡᠷᠬᠡ ᠡᠳ᠋ᠯᠡᠬᠦ ᠪᠠ ᠬᠦᠳᠡᠯᠮᠦᠷᠢ ᠵᠢᠨ ᠡᠭᠦᠷᠭᠡ᠎ᠪᠠᠨ ᠪᠡᠶᠡᠯᠡᠭᠦᠯᠬᠦ ᠵᠢ ᠪᠠᠲᠤᠯᠠᠬᠤ ᠬᠡᠷᠡᠭᠲᠠᠢ᠃
ᠲᠠᠪᠤᠳᠦᠭ᠋ᠠᠷ ᠵᠦᠢ᠍ᠯ ᠤᠯᠤᠰ᠎ᠠᠴᠠ ᠠᠷᠭ᠎ᠠ ᠬᠡᠮᠵᠢᠶ᠎ᠡ ᠠᠪᠴᠤ ᠪᠠᠢ᠌ᠭ᠋ᠠᠳ ᠬᠦᠳᠡᠯᠮᠦᠷᠢ ᠠᠵᠢᠯ ᠤᠯᠭᠤᠬᠤ ᠵᠢ ᠠᠬᠢᠭᠤᠯᠤᠨ᠂ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠢ ᠬᠦᠭᠵᠢᠭᠦᠯᠵᠤ᠂ ᠬᠦᠳᠡᠯᠮᠦᠷᠢ ᠵᠢᠨ ᠪᠠᠷᠢᠮᠵᠢᠶ᠎ᠠ ᠵᠢ ᠲᠤᠭᠲᠠᠭ᠋ᠠᠨ᠂ ᠨᠡᠢ᠌ᠭᠡᠮ᠎ᠤᠨ ᠤᠷᠤᠯᠭ᠎ᠠ ᠵᠢ ᠲᠤᠬᠢᠷᠠᠭᠤᠯᠵᠤ᠂ ᠨᠡᠢ᠌ᠭᠡᠮ᠎ᠤᠨ ᠲᠠᠭ᠋ᠠᠳᠬᠠᠯ᠎ᠢ ᠲᠡᠭᠦᠯᠳᠡᠷᠵᠢᠭᠦᠯᠦᠨ᠂ ᠬᠦᠳᠡᠯᠮᠦᠷᠢ ᠵᠢᠨ ᠬᠠᠷᠢᠴᠠᠭ᠎ᠠ ᠵᠢ ᠵᠤᠬᠢᠴᠠᠭᠤᠯᠵᠤ᠂ ᠬᠦᠳᠡᠯᠮᠦᠷᠢᠴᠢᠳ᠎ᠤᠨ ᠠᠮᠢᠳᠤᠷᠠᠯ᠎ᠤᠨ ᠬᠢᠷᠢ ᠬᠡᠮᠵᠢᠶ᠎ᠡ ᠵᠢ ᠠᠯᠬᠤᠮ ᠠᠯᠬᠤᠮ ᠵᠶ᠋ᠠᠷ ᠲᠡᠭᠡᠭᠰᠢᠯᠡᠭᠦᠯᠦᠨ᠎ᠡ᠃
ᠵᠢᠷᠭᠤᠳᠤᠭ᠋ᠠᠷ ᠵᠦᠢ᠍ᠯ ᠤᠯᠤᠰ᠎ᠠᠴᠠ ᠬᠦᠳᠡᠯᠮᠦᠷᠢᠴᠢᠳ᠎ᠤᠨ ᠨᠡᠢ᠌ᠭᠡᠮ᠎ᠤᠨ ᠠᠯᠪᠠᠨ ᠵᠢᠷᠤᠮ᠎ᠤᠨ ᠬᠦᠳᠡᠯᠮᠦᠷᠢ᠎ᠳᠤ ᠣᠷᠣᠯᠴᠠᠬᠤ᠂ ᠬᠦᠳᠡᠯᠮᠦᠷᠢ ᠵᠢᠨ ᠤᠷᠤᠯᠳᠤᠭ᠋ᠠᠨ ᠦᠷᠨᠢᠭᠦᠯᠬᠦ ᠪᠠ ᠵᠦᠢ᠎ᠲᠠᠢ ᠰᠠᠨᠠᠭᠤᠯᠭ᠎ᠠ ᠭᠠᠷᠭ᠋ᠠᠬᠤ ᠠᠵᠢᠯᠯᠠᠭ᠎ᠠ ᠦᠷᠨᠢᠭᠦᠯᠬᠦ ᠵᠢ ᠰᠠᠨᠠᠭ᠋ᠠᠴᠢᠯᠠᠵᠤ᠂ ᠬᠦᠳᠡᠯᠮᠦᠷᠢᠴᠢᠳ᠎ᠤᠨ ᠰᠢᠨᠵᠢᠯᠡᠬᠦ ᠤᠬᠠᠭ᠋ᠠᠨ᠎ᠤ ᠰᠣᠳᠤᠯᠤᠯ᠂ ᠲᠸᠭᠨᠢᠭ ᠮᠡᠷᠭᠡᠵᠢᠯ᠎ᠤᠨ ᠰᠢᠨᠡᠴᠢᠯᠡᠯᠲᠡ ᠪᠠ ᠡᠭᠦᠳᠤᠨ ᠪᠦᠲᠦᠭᠡᠯᠲᠡ ᠬᠢᠬᠦ ᠵᠢ ᠵᠤᠷᠢᠭᠵᠢᠭᠤᠯᠤᠨ ᠬᠠᠮᠠᠭ᠋ᠠᠯᠠᠵᠤ᠂ ᠬᠦᠳᠡᠯᠮᠦᠷᠢ ᠵᠢᠨ ᠵᠢᠱ᠌ᠢᠶᠡᠴᠢ ᠪᠠ ᠲᠡᠷᠢᠭᠦᠨ᠎ᠤ ᠠᠵᠢᠯᠲᠠᠨ᠎ᠢ ᠬᠦᠬᠢᠭᠦᠯᠦᠨ ᠱᠠᠩᠨᠠᠨ᠎ᠠ᠃
ᠲᠤᠯᠤᠳᠦᠭ᠋ᠠᠷ ᠵᠦᠢ᠍ᠯ ᠬᠦᠳᠡᠯᠮᠦᠷᠢᠴᠢᠨ ᠬᠠᠤᠯᠢ ᠶᠤᠰᠤᠭ᠋ᠠᠷ ᠠᠵᠢᠯᠴᠢᠨ᠎ᠤ ᠡᠪᠯᠡᠯ᠎ᠳᠤ ᠣᠷᠣᠯᠴᠠᠬᠤ ᠪᠠ ᠠᠵᠢᠯᠴᠢᠨ᠎ᠤ ᠡᠪᠯᠡᠯ᠎ᠢ ᠵᠤᠬᠢᠶᠠᠨ ᠪᠠᠢ᠌ᠭᠤᠯᠬᠤ ᠡᠷᠬᠡ᠎ᠲᠠᠢ᠃ ᠠᠵᠢᠯᠴᠢᠨ᠎ᠤ ᠡᠪᠯᠡᠯ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠲᠦᠯᠦᠭᠡᠯᠡᠨ ᠬᠠᠮᠠᠭ᠋ᠠᠯᠠᠵᠤ᠂ ᠬᠠᠤᠯᠢ ᠶᠤᠰᠤᠭ᠋ᠠᠷ ᠪᠡᠶ᠎ᠡ᠎ᠪᠠᠨ ᠲᠠᠭ᠋ᠠᠭ᠋ᠠᠵᠤ ᠡᠵᠡᠨ ᠮᠡᠳᠡᠨ ᠠᠵᠢᠯᠯᠠᠭ᠎ᠠ᠎ᠪᠠᠨ ᠦᠷᠨᠢᠭᠦᠯᠦᠨ᠎ᠡ᠃
ᠨᠠᠢ᠍ᠮᠠᠳᠣᠭ᠋ᠠᠷ ᠵᠦᠢ᠍ᠯ ᠬᠦᠳᠡᠯᠮᠦᠷᠢᠴᠢᠳ ᠬᠠᠤᠯᠢ ᠵᠢᠨ ᠲᠤᠭᠲᠠᠭ᠋ᠠᠯ ᠶᠤᠰᠤᠭ᠋ᠠᠷ ᠠᠵᠢᠯᠲᠠᠨ ᠠᠵᠢᠯᠴᠢᠨ᠎ᠤ ᠶᠡᠬᠡ ᠬᠤᠷᠠᠯ᠂ ᠠᠵᠢᠯᠲᠠᠨ ᠠᠵᠢᠯᠴᠢᠨ᠎ᠤ ᠲᠦᠯᠦᠭᠡᠯᠡᠭᠴᠢᠳ᠎ᠤᠨ ᠶᠡᠬᠡ ᠬᠤᠷᠠᠯ ᠪᠤᠶᠤ ᠪᠤᠰᠤᠳ ᠬᠡᠯᠪᠡᠷᠢ᠎ᠪᠠᠷ ᠲᠠᠮᠵᠢᠭᠤᠯᠤᠨ ᠠᠷᠠᠳᠴᠢᠯᠠᠭᠰᠠᠨ ᠬᠠᠮᠢᠶᠠᠷᠤᠯᠲᠠ᠎ᠳᠤ ᠤᠷᠤᠯᠴᠠᠬᠤ ᠪᠤᠶᠤ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠬᠤ ᠠᠰᠠᠭᠤᠳᠠᠯ᠎ᠤᠨ ᠲᠤᠬᠠᠢ ᠬᠦᠮᠦᠨ ᠬᠡᠷᠡᠭᠯᠡᠬᠦ ᠨᠢᠭᠡᠴᠢ᠎ᠲᠠᠢ ᠡᠷᠬᠡ ᠲᠡᠭᠰᠢ᠎ᠪᠠᠷ ᠵᠦᠪᠳᠡᠯᠴᠡᠨ᠎ᠡ᠃
ᠶᠢᠰᠤᠳᠦᠭᠡᠷ ᠵᠦᠢ᠍ᠯ ᠲᠦᠷᠦ ᠵᠢᠨ ᠶᠠᠪᠤᠳᠠᠯ᠎ᠤᠨ ᠬᠤᠷᠢᠶᠠᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠦᠬᠦ ᠣᠯᠣᠰ᠎ᠤᠨ ᠬᠦᠳᠡᠯᠮᠦᠷᠢ ᠵᠢᠨ ᠠᠵᠢᠯ᠎ᠢ ᠡᠷᠬᠢᠯᠡᠨ ᠬᠠᠮᠢᠶᠠᠷᠤᠨ᠎ᠠ᠃
ᠰᠢᠶᠠᠨ᠎ᠤ ᠱᠠᠲᠤᠨ᠎ᠠᠴᠠ ᠲᠡᠭᠡᠭᠰᠢᠬᠢ ᠣᠷᠣᠨ ᠨᠤᠲᠤᠭ᠎ᠤᠨ ᠠᠷᠠᠳ᠎ᠤᠨ ᠵᠠᠰᠠᠭ᠎ᠤᠨ ᠣᠷᠳᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ ᠰᠠᠯᠠᠭ᠎ᠠ ᠮᠦᠴᠢᠷ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠲᠤᠲᠤᠷᠠᠬᠢ ᠬᠦᠳᠡᠯᠮᠦᠷᠢᠴᠢᠨᠤ ᠠᠵᠢᠯ᠎ᠢ ᠬᠠᠮᠢᠶᠠᠷᠤᠨ᠎ᠠ᠃
ᠬᠤᠶᠠᠳᠤᠭ᠋ᠠᠷ ᠪᠦᠯᠦᠭ ᠠᠵᠢᠯ ᠤᠯᠭᠤᠬᠤ ᠵᠢ ᠠᠬᠢᠭᠤᠯᠬᠤ
ᠠᠷᠪᠠᠳᠤᠭ᠋ᠠᠷ ᠵᠦᠢ᠍ᠯ ᠤᠯᠤᠰ᠎ᠠᠴᠠ ᠠᠵᠤ ᠠᠬᠤᠢ ᠪᠠ ᠨᠡᠢ᠌ᠭᠡᠮ᠎ᠤᠨ ᠬᠦᠭᠵᠢᠯᠲᠡ ᠵᠢ ᠠᠬᠢᠭᠤᠯᠬᠤ᠎ᠪᠠᠷ ᠲᠠᠮᠵᠢᠭᠤᠯᠤᠨ ᠠᠵᠢᠯ ᠤᠯᠭᠤᠬᠤ ᠨᠦᠬᠦᠴᠡᠯ᠎ᠢ ᠪᠤᠢ ᠪᠤᠯᠭ᠋ᠠᠵᠤ᠂ ᠠᠵᠢᠯ ᠣᠯᠬᠤ ᠲᠤᠬᠢᠶᠠᠯ᠎ᠢ ᠦᠷᠭᠡᠳᠭᠡᠨ᠎ᠡ᠃
ᠤᠯᠤᠰ᠎ᠠᠴᠠ ᠠᠵᠤ ᠠᠬᠤᠢ᠌ᠯᠠᠯ᠂ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠲᠠ᠂ ᠨᠡᠢ᠌ᠭᠡᠮ᠎ᠤᠨ ᠪᠦᠯᠬᠦᠮ᠎ᠤᠨ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ᠎ᠤᠨ ᠲᠤᠭᠲᠠᠭ᠋ᠠᠭᠰᠠᠨ ᠬᠡᠪᠴᠢᠶᠡᠨ ᠲᠤᠲᠤᠷ᠎ᠠ ᠠᠵᠤ ᠦᠢ᠍ᠯᠡᠳᠪᠦᠷᠢᠯᠡᠯ ᠡᠷᠬᠢᠯᠡᠬᠦ ᠪᠤᠶᠤ ᠡᠵᠡᠩᠨᠡᠯᠲᠡ᠎ᠪᠠᠨ ᠦᠷᠭᠡᠳᠭᠡᠨ ᠠᠵᠢᠯ ᠣᠯᠭᠣᠬᠣ ᠶᠠᠪᠤᠳᠠᠯ᠎ᠢ ᠨᠡᠮᠡᠭᠳᠡᠭᠦᠯᠬᠦ ᠵᠢ ᠵᠤᠷᠢᠭᠵᠢᠭᠤᠯᠠᠨ᠎ᠠ᠃
ᠣᠯᠣᠰ᠎ᠠᠴᠠ ᠬᠦᠳᠡᠯᠮᠦᠷᠢᠴᠢᠳ᠎ᠤᠨ ᠰᠠᠢ᠌ᠨ ᠲᠤᠷ᠎ᠠ᠎ᠠᠴᠠ᠎ᠪᠠᠨ ᠵᠤᠬᠢᠶᠠᠨ ᠪᠠᠢ᠌ᠭᠤᠯᠤᠯᠴᠠᠵᠤ ᠠᠵᠢᠯ᠎ᠲᠠᠢ ᠪᠤᠯᠬᠤ ᠪᠠ ᠬᠤᠪᠢ ᠵᠢᠨ ᠡᠵᠡᠩᠨᠡᠯᠲᠠ ᠵᠢ ᠡᠷᠬᠢᠯᠡᠨ ᠠᠵᠢᠯ᠎ᠲᠠᠢ ᠪᠤᠯᠬᠤ ᠵᠢ ᠵᠤᠷᠢᠭᠵᠢᠭᠤᠯᠤᠨ᠎ᠠ᠃
ᠠᠷᠪᠠᠨ ᠨᠢᠭᠡᠳᠦᠭᠡᠷ ᠵᠦᠢ᠍ᠯ ᠣᠷᠤᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ ᠠᠷᠭ᠎ᠠ ᠬᠡᠮᠵᠢᠶ᠎ᠡ ᠠᠪᠴᠤ ᠠᠵᠢᠯ ᠲᠠᠨᠢᠯᠴᠠᠭᠤᠯᠬᠤ ᠤᠯᠠᠨ ᠬᠡᠯᠪᠡᠷᠢ ᠵᠢᠨ ᠪᠠᠢ᠌ᠭᠤᠯᠤᠮᠵᠢ ᠵᠢ ᠬᠦᠭᠵᠢᠭᠦᠯᠦᠨ᠂ ᠠᠵᠢᠯ ᠤᠯᠭᠤᠬᠤ ᠦᠢ᠍ᠯᠡᠴᠢᠯᠡᠭᠡ ᠬᠠᠩᠭ᠋ᠠᠬᠤ ᠬᠡᠷᠡᠭᠲᠠᠢ᠃
ᠠᠷᠪᠠᠨ ᠬᠤᠶᠠᠳᠤᠭ᠋ᠠᠷ ᠵᠦᠢ᠍ᠯ ᠬᠦᠳᠡᠯᠮᠦᠷᠢᠴᠢᠨ ᠠᠵᠢᠯ ᠤᠯᠬᠤ᠎ᠳᠠᠭᠠᠨ ᠦᠨᠳᠦᠰᠦᠲᠡᠨ᠂ ᠶᠠᠰᠤᠲᠠᠨ᠂ ᠴᠢᠨᠠᠷ᠎ᠤᠨ ᠢᠯᠭ᠋ᠠᠯ᠂ ᠱᠠᠰᠢᠨ ᠰᠢᠲᠤᠯᠭᠡ ᠠᠳᠠᠯᠢ ᠦᠭᠡᠢ ᠵᠢᠨ ᠬᠠᠷᠠᠭ᠎ᠠ᠎ᠪᠠᠷ ᠭᠠᠳᠠᠷᠭᠤᠴᠢᠯᠠᠭᠳᠠᠬᠤ ᠦᠭᠡᠢ᠃
ᠠᠷᠪᠠᠨ ᠭᠤᠷᠪᠠᠳᠤᠭ᠋ᠠᠷ ᠵᠦᠢ᠍ᠯ ᠡᠮᠡᠭᠲᠠᠢ᠌ᠴᠤᠳ ᠡᠷᠡᠭᠲᠠᠢ᠌ᠴᠣᠳᠲᠠᠢ ᠡᠷᠭᠡ ᠲᠡᠭᠰᠢ᠎ᠪᠠᠷ ᠠᠵᠢᠯ ᠤᠯᠬᠤ ᠡᠷᠬᠡ ᠵᠢ ᠡᠳ᠋ᠯᠡᠨ᠎ᠡ᠃ ᠠᠵᠢᠯᠲᠠᠨ ᠠᠵᠢᠯᠴᠢᠨ᠎ᠢ ᠡᠯᠰᠡᠵᠤ ᠠᠪᠬᠤ᠎ᠳᠠᠭᠠᠨ ᠡᠮᠡᠭᠲᠠᠢ᠌ᠴᠤᠳᠲᠤ ᠲᠤᠬᠢᠷᠠᠬᠤ ᠦᠭᠡᠢ ᠭᠡᠵᠤ ᠤᠯᠤᠰ᠎ᠠᠴᠠ ᠲᠤᠭᠲᠠᠭ᠋ᠠᠭᠰᠠᠨ ᠠᠵᠢᠯ ᠲᠦᠷᠦᠯ ᠪᠤᠶᠤ ᠠᠵᠢᠯ᠎ᠤᠨ ᠪᠠᠢ᠌ᠷᠢ ᠵᠢ ᠭᠠᠷᠭ᠋ᠠᠪᠠᠯ ᠴᠢᠨᠠᠷ᠎ᠤᠨ ᠢᠯᠭ᠋ᠠᠯ ᠵᠶ᠋ᠠᠷ ᠰᠢᠯᠳᠠᠭ ᠪᠤᠯᠭ᠋ᠠᠨ ᠡᠮᠡᠭᠲᠠᠢ᠌ᠴᠤᠳᠢ ᠡᠯᠰᠡᠵᠤ ᠠᠪᠬᠤ ᠦᠭᠡᠢ ᠪᠤᠶᠤ ᠡᠮᠡᠭᠲᠠᠢ᠌ᠴᠣᠳᠢ ᠡᠯᠰᠡᠵᠤ ᠠᠪᠬᠤ ᠪᠠᠷᠢᠮᠵᠢᠶ᠎ᠠ ᠵᠢ ᠲᠡᠭᠡᠭᠰᠢᠯᠡᠭᠦᠯᠵᠤ ᠪᠤᠯᠬᠤ ᠦᠭᠡᠢ᠃
ᠠᠷᠪᠠᠨ ᠲᠦᠷᠪᠡᠳᠦᠭᠡᠷ ᠵᠦᠢ᠍ᠯ ᠵᠡᠮᠳᠡᠭᠴᠤᠳ᠂ ᠴᠦᠬᠡᠨ ᠲᠤᠭ᠋ᠠᠲᠤ ᠦᠨᠳᠦᠰᠦᠲᠡᠨ᠎ᠤ ᠬᠦᠮᠦᠰ᠂ ᠵᠢᠩᠬᠢᠨᠢ ᠠᠯᠪᠠᠨ᠎ᠠᠴᠠ ᠪᠠᠭᠤᠭᠰᠠᠨ ᠴᠡᠷᠢᠭ᠎ᠤᠨ ᠬᠦᠮᠦᠨ ᠠᠵᠢᠯ ᠤᠯᠬᠤ᠎ᠳᠤ ᠬᠠᠤᠯᠢ ᠴᠠᠭ᠋ᠠᠵᠠ ᠬᠠᠤᠯᠢ ᠲᠤᠭᠲᠠᠭ᠋ᠠᠯ᠎ᠳᠤ ᠤᠨᠴᠠᠭ᠋ᠠᠢ ᠲᠤᠭᠲᠠᠭ᠋ᠠᠯ᠎ᠲᠠᠢ ᠪᠠᠢ᠌ᠪᠠᠯ ᠲᠡᠷᠡ ᠲᠤᠭᠲᠠᠭ᠋ᠠᠯ ᠶᠤᠰᠤᠭ᠋ᠠᠷ ᠬᠡᠷᠡᠭᠵᠢᠭᠦᠯᠦᠨ᠎ᠡ᠃
ᠠᠷᠪᠠᠨ ᠲᠠᠪᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠵᠢᠨ ᠪᠦᠬᠦᠯᠢ ᠠᠷᠪᠠᠨ ᠵᠢᠷᠭᠤᠭ᠋ᠠᠨ ᠨᠠᠰᠤ ᠬᠦᠷᠦᠭᠡᠳᠦᠢ ᠨᠠᠰᠤᠨ᠎ᠳᠤ ᠦᠯᠦ ᠬᠦᠷᠦᠭᠰᠡᠳ᠎ᠢ ᠡᠯᠰᠡᠵᠤ ᠬᠡᠷᠡᠭᠯᠡᠬᠦ ᠵᠢ ᠴᠠᠭ᠋ᠠᠵᠠᠯᠠᠨ᠎ᠠ᠃
ᠤᠳᠬ᠎ᠠ ᠤᠷᠠᠯᠢᠭ᠂ ᠪᠡᠶ᠎ᠡ ᠵᠢᠨ ᠲᠠᠮᠢᠷ ᠪᠠ ᠣᠨᠴᠠᠭ᠋ᠠᠢ ᠲᠦᠷᠦᠯ᠎ᠤᠨ ᠤᠷᠠᠨ ᠮᠡᠷᠭᠡᠰᠢᠯ᠎ᠤᠨ ᠨᠢᠭᠡᠴᠢ ᠪᠦᠬᠦᠯᠢ ᠠᠷᠪᠠᠨ ᠵᠢᠷᠭᠤᠭ᠋ᠠᠨ ᠨᠠᠰᠤ ᠬᠦᠷᠦᠭᠡᠳᠦᠢ ᠨᠠᠰᠤᠨ᠎ᠳᠤ ᠦᠯᠦ ᠬᠦᠷᠦᠭᠰᠡᠳ᠎ᠢ ᠡᠯᠰᠡᠵᠤ ᠬᠡᠷᠡᠭᠯᠡᠬᠦ᠎ᠳᠡᠭᠡᠨ ᠡᠷᠬᠡᠪᠰᠢ ᠤᠯᠤᠰ᠎ᠤᠨ ᠬᠤᠯᠪᠤᠭᠳᠠᠯ ᠪᠦᠬᠦᠢ ᠲᠤᠭᠲᠠᠭ᠋ᠠᠯ ᠶᠤᠰᠤᠭ᠋ᠠᠷ ᠬᠢᠨᠠᠨ ᠵᠦᠪᠰᠢᠶᠡᠷᠡᠭᠦᠯᠬᠦ ᠭᠠᠷ ᠭᠦᠢ᠍ᠴᠡᠳᠭᠡᠯ᠎ᠢ ᠬᠦᠢ᠍ᠴᠡᠳᠭᠡᠬᠦ ᠬᠡᠷᠡᠭᠲᠠᠢ ᠪᠦᠭᠡᠳ ᠲᠡᠲᠡ ᠨᠠᠷ᠎ᠤᠨ ᠠᠯᠪᠠᠨ ᠵᠢᠷᠤᠮ᠎ᠤᠨ ᠰᠤᠷᠭ᠋ᠠᠨ ᠬᠦᠮᠦᠵᠢᠯ ᠬᠦᠷᠲᠡᠬᠦ ᠡᠷᠬᠡ ᠠᠰᠢᠭ᠎ᠢ ᠪᠠᠲᠤᠯᠠᠬᠤ ᠬᠡᠷᠡᠭᠲᠠᠢ᠃
ᠭᠤᠷᠪᠠᠳᠤᠭ᠋ᠠᠷ ᠪᠦᠯᠦᠭ ᠬᠦᠳᠡᠯᠮᠦᠷᠢ ᠵᠢᠨ ᠭᠡᠷ᠎ᠡ ᠪᠠ ᠬᠠᠮᠲᠤ ᠵᠢᠨ ᠭᠡᠷ᠎ᠡ
ᠠᠷᠪᠠᠨ ᠵᠢᠷᠭᠤᠳᠤᠭ᠋ᠠᠷ ᠵᠦᠢ᠍ᠯ ᠬᠦᠳᠡᠯᠮᠦᠷᠢ ᠵᠢᠨ ᠭᠡᠷ᠎ᠡ ᠪᠤᠯ ᠬᠦᠳᠡᠯᠮᠦᠷᠢᠴᠢᠨ ᠬᠢᠭᠡᠳ ᠬᠦᠮᠦᠨ ᠬᠡᠷᠡᠭᠯᠡᠬᠦ ᠨᠢᠭᠡᠴᠢ ᠵᠢᠨ ᠬᠦᠳᠡᠯᠮᠦᠷᠢ ᠵᠢᠨ ᠬᠠᠷᠢᠴᠠᠭ᠎ᠠ ᠪᠠᠢ᠌ᠭᠤᠯᠬᠤ᠂ ᠬᠤᠶᠠᠷ ᠡᠲᠡᠭᠡᠳ᠎ᠤᠨ ᠡᠷᠬᠡ ᠪᠠ ᠡᠭᠦᠷᠭᠡ᠎ᠪᠠᠨ ᠲᠤᠳᠤᠷᠬᠠᠢ᠌ᠯᠠᠬᠤ ᠬᠡᠯᠡᠯᠴᠡᠭᠡᠷ ᠮᠦᠨ᠃
ᠬᠦᠳᠡᠯᠮᠦᠷᠢ ᠵᠢᠨ ᠬᠠᠷᠢᠴᠠᠭ᠎ᠠ ᠪᠠᠢ᠌ᠭᠤᠯᠬᠤ᠎ᠳᠤ ᠬᠦᠳᠡᠯᠮᠦᠷᠢ ᠵᠢᠨ ᠭᠡᠷ᠎ᠡ ᠪᠠᠢ᠌ᠭᠤᠯᠬᠤ ᠬᠡᠷᠡᠭᠲᠠᠢ᠃
ᠠᠷᠪᠠᠨ ᠲᠤᠯᠤᠳᠤᠭ᠋ᠠᠷ ᠵᠦᠢ᠍ᠯ ᠬᠦᠳᠡᠯᠮᠦᠷᠢ ᠵᠢᠨ ᠭᠡᠷ᠎ᠡ ᠵᠢ ᠲᠤᠭᠲᠠᠭ᠋ᠠᠬᠤ ᠪᠠ ᠬᠤᠪᠢᠷᠠᠭᠤᠯᠬᠤ᠎ᠳᠠᠭᠠᠨ ᠡᠷᠬᠡ ᠲᠡᠭᠰᠢ ᠰᠠᠢ᠌ᠨ ᠲᠤᠷ᠎ᠠ ᠵᠢᠨ᠂ ᠵᠦᠪᠳᠡᠯᠴᠡᠨ ᠨᠢᠭᠡᠳᠬᠦ ᠵᠠᠷᠴᠢᠮ᠎ᠢ ᠵᠢᠷᠤᠮᠯᠡᠬᠤ ᠬᠡᠷᠡᠭᠲᠠᠢ᠂ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠦᠷᠢᠮ᠎ᠤᠨ ᠲᠤᠭᠳᠠᠭ᠋ᠠᠯ᠎ᠠᠴᠠ ᠵᠦᠷᠢᠴᠡᠵᠤ ᠪᠤᠯᠬᠤ ᠦᠭᠡᠢ᠃
ᠬᠦᠳᠡᠯᠮᠦᠷᠢ ᠵᠢᠨ ᠭᠡᠷ᠎ᠡ᠎ᠨᠢ ᠬᠠᠤᠯᠢ ᠶᠤᠰᠤᠭ᠋ᠠᠷ ᠲᠤᠭᠲᠠᠭ᠋ᠠᠭᠳᠠᠮᠠᠭᠴᠠ ᠬᠠᠤᠯᠢ ᠴᠠᠭ᠋ᠠᠵᠠ ᠵᠢᠨ ᠬᠢᠵᠠᠭ᠋ᠠᠷᠯᠠᠬᠤ ᠬᠦᠴᠦᠨ᠎ᠲᠠᠢ ᠪᠤᠯᠤᠨ᠎ᠠ᠂ ᠬᠦᠳᠡᠯᠮᠦᠷᠢ ᠵᠢᠨ ᠭᠡᠷ᠎ᠡ᠎ᠳᠤ ᠲᠤᠭᠲᠠᠭ᠋ᠠᠭᠰᠠᠨ ᠡᠭᠦᠷᠭᠡ ᠵᠢ ᠲᠤᠬᠠᠢ ᠵᠢᠨ ᠬᠦᠮᠦᠨ ᠡᠷᠬᠡᠪᠰᠢ ᠬᠦᠢ᠍ᠴᠡᠳᠭᠡᠬᠦ ᠬᠡᠷᠡᠭᠲᠠᠢ᠃
ᠠᠷᠪᠠᠨ ᠨᠠᠢ᠍ᠮᠠᠳᠤᠭ᠋ᠠᠷ ᠵᠦᠢ᠍ᠯ ᠲᠤᠤᠷ᠎ᠠ ᠵᠢᠭᠰᠠᠭ᠋ᠠᠭᠰᠠᠨ ᠬᠦᠳᠡᠯᠮᠦᠷᠢ ᠵᠢᠨ ᠭᠡᠷ᠎ᠡ ᠬᠦᠴᠦᠨ ᠦᠭᠡᠢ᠄
(ᠨᠢᠭᠡ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ᠎ᠠᠴᠠ ᠵᠦᠷᠢᠴᠡᠭᠰᠡᠨ ᠬᠦᠳᠡᠯᠮᠦᠷᠢ ᠵᠢᠨ ᠭᠡᠷ᠎ᠡ;
(ᠬᠤᠶᠠᠷ) ᠮᠡᠬᠡᠯᠡᠨ ᠬᠢᠬᠠᠬᠤ᠂ ᠰᠦᠷᠳᠡᠭᠦᠯᠬᠦ ᠵᠡᠷᠭᠡ ᠠᠷᠭ᠎ᠠ ᠪᠠᠷᠢᠯ᠎ᠢ ᠬᠡᠷᠡᠭᠯᠡᠨ ᠲᠤᠭᠲᠠᠭ᠋ᠠᠭᠰᠠᠨ ᠬᠦᠳᠡᠯᠮᠦᠷᠢ ᠵᠢᠨ ᠭᠡᠷ᠎ᠡ;
ᠬᠦᠴᠦᠨ ᠦᠭᠡᠢ ᠬᠦᠳᠡᠯᠮᠦᠷᠢ ᠵᠢᠨ ᠭᠡᠷ᠎ᠡ᠎ᠨᠢ ᠲᠤᠭᠲᠠᠭ᠋ᠠᠭᠳᠠᠭᠰᠠᠨ ᠴᠠᠭ᠎ᠠᠴᠠ᠎ᠪᠠᠨ ᠡᠬᠢᠯᠡᠭᠡᠳ ᠬᠠᠤᠯᠢ ᠴᠠᠭ᠋ᠠᠵᠠ ᠵᠢᠨ ᠬᠢᠵᠠᠭ᠋ᠠᠷᠯᠠᠬᠤ ᠬᠦᠴᠦᠨ ᠦᠭᠡᠢ᠃ ᠬᠦᠳᠡᠯᠮᠦᠷᠢ ᠵᠢᠨ ᠭᠡᠷ᠎ᠡ ᠵᠢᠨ ᠨᠢᠭᠡ ᠬᠡᠰᠡᠭ᠎ᠨᠢ ᠬᠦᠴᠦᠨ ᠦᠭᠡᠢ ᠭᠡᠵᠤ ᠨᠤᠲᠠᠯᠠᠭᠳᠠᠭᠰᠠᠨ ᠪᠤᠯᠪᠠᠴᠤ ᠲᠡᠷᠡ᠎ᠨᠢ ᠪᠤᠰᠤᠳ ᠬᠡᠰᠡᠭ᠎ᠤᠨ ᠬᠦᠴᠦᠨ᠎ᠢ ᠨᠦᠯᠦᠭᠡᠯᠡᠬᠦ ᠦᠭᠡᠢ ᠪᠤᠯ ᠪᠤᠰᠤᠳ ᠬᠡᠰᠡᠭ᠎ᠨᠢ ᠮᠦᠨ ᠬᠦ᠌ ᠬᠦᠴᠦᠨ᠎ᠲᠠᠢ᠃
ᠬᠦᠳᠡᠯᠮᠦᠷᠢ ᠵᠢᠨ ᠭᠡᠷ᠎ᠡ ᠵᠢᠨ ᠬᠦᠴᠦᠨ ᠦᠭᠡᠢ ᠪᠤᠯᠬᠤ ᠵᠢ ᠬᠦᠳᠡᠯᠮᠦᠷᠢ ᠵᠢᠨ ᠮᠠᠷᠭᠤᠭ᠋ᠠᠨ᠎ᠤ ᠬᠦᠨᠳᠡᠯᠡᠨ᠎ᠠᠴᠠ ᠲᠠᠰᠤᠯᠬᠤ ᠺᠤᠮᠢᠰ ᠪᠤᠶᠤ ᠠᠷᠠᠳ᠎ᠤᠨ ᠰᠢᠭᠦᠬᠦ ᠬᠤᠷᠢᠶᠠᠨ᠎ᠠᠴᠠ ᠨᠤᠲᠠᠯᠠᠨ ᠲᠣᠭᠲᠠᠭ᠋ᠠᠨ᠎ᠠ᠃
ᠠᠷᠪᠠ ᠶᠢᠰᠤᠳᠦᠭᠡᠷ ᠵᠦᠢ᠍ᠯ ᠬᠦᠳᠡᠯᠮᠦᠷᠢ ᠵᠢᠨ ᠭᠡᠷ᠎ᠡ ᠵᠢ ᠪᠢᠴᠢᠭ ᠵᠶ᠋ᠠᠷ ᠲᠤᠭᠲᠠᠭ᠋ᠠᠬᠤ ᠬᠡᠷᠡᠭᠲᠠᠢ ᠪᠦᠭᠡᠳ ᠲᠤᠤᠷᠠᠬᠢ ᠵᠦᠢ᠍ᠯ ᠪᠠᠳᠠᠭ᠎ᠢ ᠪᠦᠷᠢᠯᠳᠤᠭᠦᠯᠦᠭᠰᠡᠨ ᠪᠠᠢ᠌ᠬᠤ ᠬᠡᠷᠡᠭᠲᠠᠢ᠄
(ᠨᠢᠭᠡ) ᠬᠦᠳᠡᠯᠮᠦᠷᠢ ᠵᠢᠨ ᠭᠡᠷ᠎ᠡ ᠵᠢᠨ ᠴᠠᠭ ᠬᠤᠭᠤᠴᠠᠭ᠋ᠠᠨ᠎ᠤ ᠬᠢᠵᠠᠭ᠋ᠠᠷ;
(ᠬᠤᠶᠠᠷ) ᠠᠵᠢᠯ᠎ᠤᠨ ᠠᠭᠤᠯᠭ᠎ᠠ;
(ᠭᠤᠷᠪᠠ) ᠬᠦᠳᠡᠯᠮᠦᠷᠢ ᠵᠢᠨ ᠬᠠᠮᠠᠭ᠋ᠠᠯᠠᠯᠲᠠ ᠪᠠ ᠬᠦᠳᠡᠯᠮᠦᠷᠢ ᠵᠢᠨ ᠨᠦᠬᠦᠴᠡᠯ;
(ᠲᠦᠷᠪᠡ) ᠬᠦᠳᠡᠯᠮᠦᠷᠢ ᠵᠢᠨ ᠬᠦᠯᠦᠰᠤ ᠤᠯᠭᠤᠮᠵᠢ;
(ᠲᠠᠪᠤ) ᠬᠦᠳᠡᠯᠮᠦᠷᠢ ᠵᠢᠨ ᠰᠠᠬᠢᠯᠭ᠎ᠠ ᠪᠠᠲᠤ;
(ᠵᠢᠷᠭᠤᠭ᠎ᠠ) ᠬᠦᠳᠡᠯᠮᠦᠷᠢ ᠵᠢᠨ ᠭᠡᠷ᠎ᠡ ᠵᠢ ᠲᠠᠭᠤᠰᠬᠠᠬᠤ ᠨᠦᠬᠦᠴᠡᠯ;
(ᠲᠤᠯᠤᠭ᠎ᠠ) ᠬᠦᠳᠡᠯᠮᠦᠷᠢ ᠵᠢᠨ ᠭᠡᠷ᠎ᠡ᠎ᠠᠴᠠ ᠵᠦᠷᠢᠴᠡᠭᠰᠡᠨ ᠬᠠᠷᠢᠭᠤᠴᠠᠯᠭ᠎ᠠ᠃
ᠬᠦᠳᠡᠯᠮᠦᠷᠢ ᠵᠢᠨ ᠭᠡᠷ᠎ᠡ᠎ᠳᠤ ᠡᠮᠦᠨᠡᠬᠢ ᠪᠠᠳᠠᠭ᠎ᠲᠤ ᠲᠤᠭᠲᠠᠭ᠋ᠠᠭᠰᠠᠨ ᠡᠷᠬᠡᠪᠰᠢ ᠪᠦᠷᠢᠯᠳᠦᠭᠦᠯᠬᠦ ᠬᠡᠷᠡᠭᠲᠠᠢ ᠵᠦᠢ᠍ᠯ ᠪᠠᠢ᠌ᠳᠠᠭ᠎ᠠᠴᠠ ᠭᠠᠳᠠᠨ᠎ᠠ ᠲᠤᠬᠠᠢ ᠵᠢᠨ ᠬᠦᠮᠦᠨ᠎ᠨᠢ ᠪᠤᠰᠤᠳ ᠠᠭᠤᠯᠭ᠎ᠠ ᠵᠢ ᠵᠦᠪᠳᠡᠯᠴᠡᠨ ᠲᠤᠭᠲᠠᠭ᠋ᠠᠵᠤ ᠪᠤᠯᠤᠨ᠎ᠠ᠃
ᠬᠤᠷᠢᠳᠤᠭ᠋ᠠᠷ ᠵᠦᠢ᠍ᠯ ᠬᠦᠳᠡᠯᠮᠦᠷᠢ ᠵᠢᠨ ᠭᠡᠷ᠎ᠡ ᠵᠢᠨ ᠴᠠᠭ ᠬᠤᠭᠤᠴᠠᠭ᠋ᠠᠨ᠎ᠤ ᠬᠢᠵᠠᠭ᠋ᠠᠷ᠎ᠢ ᠲᠤᠭᠳᠠᠮᠠᠯ ᠴᠠᠭ ᠬᠤᠭᠤᠴᠠᠭ᠋ᠠᠨ᠎ᠤ ᠬᠢᠵᠠᠭ᠋ᠠᠷ᠎ᠲᠠᠢ᠂ ᠲᠤᠭᠲᠠᠮᠠᠯ ᠴᠠᠭ ᠬᠤᠭᠤᠴᠠᠭ᠋ᠠᠨ᠎ᠤ ᠬᠢᠵᠠᠭ᠋ᠠᠷ ᠦᠭᠡᠢ᠂ ᠵᠤᠬᠢᠬᠤ ᠠᠵᠢᠯ᠎ᠢ ᠪᠡᠶᠡᠯᠡᠭᠦᠯᠬᠦ᠎ᠪᠠᠷ ᠴᠠᠭ ᠬᠤᠭᠤᠴᠠᠭ᠋ᠠᠨ᠎ᠤ ᠬᠢᠵᠠᠭ᠋ᠠᠷ ᠪᠤᠯᠭ᠋ᠠᠭᠰᠠᠨ ᠭᠡᠵᠤ ᠬᠤᠪᠢᠶᠠᠨ᠎ᠠ᠃
ᠬᠦᠳᠡᠯᠮᠦᠷᠢᠴᠢᠨ ᠬᠦᠮᠦᠨ ᠬᠡᠷᠡᠭᠯᠡᠬᠦ ᠨᠢᠭᠡᠴᠢ᠎ᠳᠤ ᠵᠠᠯᠭ᠋ᠠᠭ᠋ᠠᠪᠡᠷ ᠠᠷᠪᠠᠨ ᠵᠢᠯ᠎ᠠᠴᠠ ᠲᠡᠭᠡᠭᠰᠢ ᠠᠵᠢᠯᠯᠠᠭ᠋ᠠᠳ ᠬᠤᠶᠠᠷ ᠲᠠᠯ᠎ᠠ ᠵᠢᠨ ᠲᠤᠬᠠᠢ ᠵᠢᠨ ᠬᠦᠮᠦᠨ ᠬᠦᠳᠡᠯᠮᠦᠷᠢ ᠵᠢᠨ ᠭᠡᠷ᠎ᠡ ᠵᠢ ᠦᠷᠭᠦᠯᠵᠢᠯᠡᠬᠦᠯᠬᠦ ᠵᠢ ᠵᠦᠪᠰᠢᠶᠡᠷᠡᠵᠤ᠂ ᠬᠦᠳᠡᠯᠮᠦᠷᠢᠴᠢᠨ᠎ᠠᠴᠠ ᠲᠤᠭᠲᠠᠮᠠᠯ ᠴᠠᠭ ᠬᠤᠭᠤᠴᠠᠭ᠋ᠠᠨ᠎ᠤ ᠬᠢᠵᠠᠭ᠋ᠠᠷ ᠦᠭᠡᠢ ᠬᠦᠳᠡᠯᠮᠦᠷᠢ ᠵᠢᠨ ᠭᠡᠷ᠎ᠡ ᠲᠤᠭᠲᠠᠭ᠋ᠠᠬᠤ᠎ᠪᠠᠷ ᠲᠤᠷᠠᠳᠤᠭᠰᠠᠨ ᠪᠠᠢ᠌ᠪᠠᠯ ᠲᠤᠭᠲᠠᠭᠰᠠᠨ ᠴᠠᠭ ᠬᠤᠭᠤᠴᠠᠭ᠋ᠠᠨ᠎ᠤ ᠬᠢᠵᠠᠭ᠋ᠠᠷ ᠦᠭᠡᠢ ᠬᠦᠳᠡᠯᠮᠦᠷᠢ ᠵᠢᠨ ᠭᠡᠷ᠎ᠡ ᠲᠤᠭᠲᠠᠭ᠋ᠠᠬᠤ ᠬᠡᠷᠡᠭᠲᠠᠢ᠃
ᠬᠤᠷᠢᠨ ᠨᠢᠭᠡᠳᠦᠭᠡᠷ ᠵᠦᠢ᠍ᠯ ᠬᠦᠳᠡᠯᠮᠦᠷᠢ ᠵᠢᠨ ᠭᠡᠷ᠎ᠡ᠎ᠳᠤ ᠲᠤᠷᠰᠢᠨ ᠬᠡᠷᠡᠭᠯᠡᠬᠦ ᠬᠤᠭᠤᠴᠠᠭ᠎ᠠ ᠲᠤᠭᠲᠠᠭ᠋ᠠᠵᠤ ᠪᠤᠯᠤᠨ᠎ᠠ᠃ ᠲᠤᠷᠰᠢᠨ ᠬᠡᠷᠡᠭᠯᠡᠬᠦ ᠬᠤᠭᠤᠴᠠᠭ᠎ᠠ᠎ᠨᠢ ᠬᠠᠮᠤᠭ ᠤᠷᠲᠤ᠎ᠳᠠᠭᠠᠨ ᠵᠢᠷᠭᠤᠭ᠋ᠠᠨ ᠰᠠᠷ᠎ᠠ᠎ᠠᠴᠠ ᠬᠡᠲᠤᠷᠡᠵᠤ ᠪᠤᠯᠬᠤ ᠦᠭᠡᠢ᠃
ᠬᠤᠷᠢᠨ ᠬᠤᠶᠠᠳᠤᠭ᠋ᠠᠷ ᠵᠦᠢ᠍ᠯ ᠬᠦᠳᠡᠯᠮᠦᠷᠢ ᠵᠢᠨ ᠭᠡᠷ᠎ᠡ ᠵᠢᠨ ᠲᠤᠬᠠᠢ ᠵᠢᠨ ᠬᠦᠮᠦᠨ ᠬᠦᠳᠡᠯᠮᠦᠷᠢ ᠵᠢᠨ ᠭᠡᠷ᠎ᠡ᠎ᠳᠡᠭᠡᠨ ᠬᠦᠮᠦᠨ ᠬᠡᠷᠡᠭᠯᠡᠬᠦ ᠨᠢᠭᠡᠴᠢ ᠵᠢᠨ ᠬᠣᠳᠠᠯᠳᠣᠭ᠋ᠠᠨ᠎ᠤ ᠨᠢᠭᠤᠴᠠ ᠵᠢ ᠬᠠᠮᠠᠭ᠋ᠠᠯᠠᠬᠤ ᠲᠤᠬᠠᠢ ᠬᠤᠯᠪᠤᠭᠳᠠᠯ ᠪᠦᠬᠦᠢ ᠤᠴᠢᠷ ᠶᠠᠪᠤᠳᠠᠯ᠎ᠢ ᠲᠤᠭᠲᠠᠭ᠋ᠠᠵᠤ ᠪᠤᠯᠤᠨ᠎ᠠ᠃
ᠬᠤᠷᠢᠨ ᠭᠤᠷᠪᠠᠳᠤᠭ᠋ᠠᠷ ᠵᠦᠢ᠍ᠯ ᠬᠦᠳᠡᠯᠮᠦᠷᠢ ᠵᠢᠨ ᠭᠡᠷ᠎ᠡ ᠵᠢᠨ ᠬᠤᠭᠤᠴᠠᠭ᠎ᠠ᠎ᠨᠢ ᠲᠦᠭᠦᠷᠦᠭᠰᠡᠨ ᠪᠤᠶᠤ ᠲᠤᠬᠠᠢ ᠵᠢᠨ ᠬᠦᠮᠦᠨ᠎ᠤ ᠲᠤᠭᠲᠠᠭ᠋ᠠᠭᠰᠠᠨ ᠬᠦᠳᠡᠯᠮᠦᠷᠢ ᠵᠢᠨ ᠭᠡᠷ᠎ᠡ ᠵᠢ ᠲᠠᠭᠤᠰᠬᠠᠬᠤ ᠨᠦᠬᠦᠴᠡᠯ ᠭᠠᠷᠤᠭᠰᠠᠨ ᠪᠠᠢ᠌ᠪᠠᠯ ᠬᠦᠳᠡᠯᠮᠦᠷᠢ ᠵᠢᠨ ᠭᠡᠷ᠎ᠡ ᠵᠢ ᠲᠠᠷᠤᠢ᠎ᠳᠤ᠎ᠨᠢ ᠲᠠᠭᠤᠰᠬᠠᠨ᠎ᠠ᠃
ᠬᠤᠷᠢᠨ ᠲᠦᠷᠪᠡᠳᠦᠭᠡᠷ ᠵᠦᠢ᠍ᠯ ᠬᠦᠳᠡᠯᠮᠦᠷᠢ ᠵᠢᠨ ᠭᠡᠷ᠎ᠡ ᠵᠢᠨ ᠲᠤᠬᠠᠢ ᠵᠢᠨ ᠬᠦᠮᠦᠨ ᠵᠦᠪᠳᠡᠯᠴᠡᠭᠡᠳ ᠰᠠᠨᠠᠯ ᠨᠢᠭᠡᠳᠪᠡᠯ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠵᠤ ᠪᠤᠯᠤᠨ᠎ᠠ᠃
ᠬᠤᠷᠢᠨ ᠲᠠᠪᠤᠳᠤᠭ᠋ᠠᠷ ᠵᠦᠢ᠍ᠯ ᠬᠦᠳᠡᠯᠮᠦᠷᠢᠴᠢᠨ᠎ᠳᠤ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠵᠤ ᠪᠤᠯᠤᠨ᠎ᠠ᠄
(ᠨᠢᠭᠡ) ᠡᠯᠰᠡᠵᠤ ᠬᠡᠷᠡᠭᠯᠡᠬᠦ ᠨᠦᠬᠦᠴᠡᠯ᠎ᠳᠤ ᠨᠡᠢ᠌ᠴᠡᠬᠦ ᠦᠭᠡᠢ ᠭᠡᠳᠡᠭ᠎ᠨᠢ ᠲᠤᠷᠰᠢᠨ ᠬᠡᠷᠡᠭᠯᠡᠬᠦ ᠬᠤᠭᠤᠴᠠᠭ᠋ᠠᠨ᠎ᠳᠤ ᠭᠡᠷᠡᠴᠢᠯᠡᠭᠳᠡᠭᠰᠡᠨ;
(ᠬᠤᠶᠠᠷ) ᠬᠦᠳᠡᠯᠮᠦᠷᠢ ᠵᠢᠨ ᠰᠠᠬᠢᠯᠭ᠎ᠠ ᠪᠠᠲᠤ ᠪᠤᠶᠤ ᠬᠦᠮᠦᠨ ᠬᠡᠷᠡᠭᠯᠡᠬᠦ ᠨᠢᠭᠡᠴᠢ ᠵᠢᠨ ᠲᠦᠷᠢᠮ ᠲᠤᠭᠲᠠᠭ᠋ᠠᠯ᠎ᠠᠴᠠ ᠬᠦᠨᠳᠤ ᠨᠤᠴᠢᠲᠠᠢ ᠵᠦᠷᠢᠴᠡᠭᠰᠡᠨ;
(ᠭᠤᠷᠪᠠ) ᠡᠭᠦᠷᠭᠡ ᠬᠠᠷᠢᠭᠤᠴᠠᠯᠭ᠎ᠠ᠎ᠪᠠᠨ ᠬᠦᠨᠳᠤ ᠰᠦᠷᠡᠬᠡᠢ ᠠᠯᠳᠠᠵᠤ᠂ ᠠᠷᠭ᠎ᠠ ᠵᠠᠯᠢ ᠬᠡᠷᠡᠭᠯᠡᠨ ᠠᠮᠢᠨ᠎ᠳᠠᠭᠠᠨ ᠲᠠᠲᠠᠭ᠋ᠠᠳ ᠬᠦᠮᠦᠨ ᠬᠡᠷᠡᠭᠯᠡᠬᠦ ᠨᠢᠭᠡᠴᠢ ᠵᠢᠨ ᠠᠰᠢᠭ ᠲᠤᠰᠠ᠎ᠳᠤ ᠬᠦᠨᠳᠤ ᠶᠡᠬᠡ ᠬᠤᠬᠢᠷᠠᠯ ᠤᠴᠠᠷᠠᠭᠤᠯᠤᠭᠰᠠᠨ;
(ᠲᠦᠷᠪᠡ) ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠭᠳᠡᠭᠰᠡᠨ᠃
ᠬᠤᠷᠢᠨ ᠵᠢᠷᠭᠤᠳᠤᠭ᠋ᠠᠷ ᠵᠦᠢ᠍ᠯ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠵᠤ ᠪᠤᠯᠤᠨ᠎ᠠ᠂ ᠭᠡᠭᠦ᠎ᠳᠡᠭᠡᠨ ᠡᠭᠦᠨ ᠵᠶ᠋ᠠᠨ ᠭᠤᠴᠢ ᠬᠤᠨᠤᠭ᠎ᠤᠨ ᠡᠮᠦᠨ᠎ᠡ ᠬᠦᠳᠡᠯᠮᠦᠷᠢᠴᠢᠨ ᠲᠤᠰ ᠬᠦᠮᠦᠨ᠎ᠳᠤ ᠪᠢᠴᠢᠭ ᠵᠶ᠋ᠠᠷ ᠮᠡᠳᠡᠭᠳᠡᠬᠦ ᠬᠡᠷᠡᠭᠲᠠᠢ᠄
(ᠨᠢᠭᠡ) ᠬᠦᠳᠡᠯᠮᠦᠷᠢᠴᠢᠨ ᠡᠪᠡᠳᠴᠢᠯᠡᠭᠰᠡᠨ ᠪᠤᠶᠤ ᠠᠵᠢᠯ᠎ᠤᠨ ᠪᠤᠰᠤ ᠰᠢᠯᠲᠠᠭ᠋ᠠᠨ ᠵᠶ᠋ᠠᠷ ᠰᠢᠷᠬᠠᠲᠤᠭ᠋ᠠᠳ ᠡᠮᠴᠢᠯᠡᠭᠦᠯᠬᠦ ᠬᠤᠭᠤᠴᠠᠭ᠎ᠠ᠎ᠨᠢ ᠲᠦᠭᠦᠷᠦᠭᠰᠡᠨᠤ ᠲᠠᠷᠠᠭ᠎ᠠ ᠤᠤᠯ᠎ᠤᠨ ᠠᠵᠢᠯ ᠵᠶ᠋ᠠᠨ ᠬᠢᠵᠤ ᠴᠢᠳᠠᠬᠤ ᠦᠭᠡᠢ ᠪᠤᠯᠤᠭᠰᠠᠨ ᠪᠦᠭᠡᠳ ᠬᠦᠮᠦᠨ ᠬᠡᠷᠡᠭᠯᠡᠬᠦ ᠨᠢᠭᠡᠴᠢ᠎ᠠᠴᠠ ᠠᠰᠲᠤᠨᠢ ᠲᠤᠬᠢᠷᠠᠭᠤᠯᠤᠭᠰᠠᠨ ᠠᠵᠢᠯ᠎ᠢ ᠴᠤ᠌ ᠬᠢᠵᠤ ᠴᠢᠳᠠᠬᠤ ᠦᠭᠡᠢ ᠪᠤᠯᠤᠭᠰᠠᠨ;
(ᠬᠤᠶᠠᠷ) ᠬᠦᠳᠡᠯᠮᠦᠷᠢᠴᠢᠨ ᠠᠵᠢᠯ ᠵᠶ᠋ᠠᠨ ᠬᠢᠵᠤ ᠲᠡᠢ᠌ᠯᠬᠦ ᠦᠭᠡᠢ᠂ ᠪᠤᠯᠪᠠᠰᠤᠷᠠᠯ ᠬᠢᠯᠭᠡᠬᠦ ᠪᠤᠶᠤ ᠠᠵᠢᠯ᠎ᠤᠨ ᠪᠠᠢ᠌ᠷᠢ᠎ᠳᠤ᠎ᠨᠢ ᠲᠤᠬᠢᠷᠠᠭᠤᠯᠤᠯᠲᠠ ᠬᠢᠬᠦ᠎ᠪᠠᠷ ᠲᠠᠮᠵᠢᠭ᠋ᠠᠳ ᠪᠠᠰᠠ ᠠᠵᠢᠯ ᠵᠶ᠋ᠠᠨ ᠬᠢᠵᠤ ᠲᠡᠢ᠌ᠯᠬᠦ ᠦᠭᠡᠢ ᠪᠠᠢ᠌ᠬᠤ;
(ᠭᠤᠷᠪᠠ) ᠬᠦᠳᠡᠯᠮᠦᠷᠢ ᠵᠢᠨ ᠭᠡᠷ᠎ᠡ ᠵᠢ ᠲᠤᠭᠲᠠᠭ᠋ᠠᠬᠤ ᠦᠶ᠎ᠡ᠎ᠳᠤ ᠡᠰᠢ ᠪᠠᠷᠢᠮᠳᠠ ᠪᠤᠯᠭ᠋ᠠᠭᠰᠠᠨ ᠪᠤᠰᠤᠳᠴᠢ ᠪᠠᠢ᠌ᠳᠠᠯ᠎ᠳᠤ ᠴᠢᠬᠤᠯᠠ ᠶᠡᠬᠡ ᠬᠤᠪᠢᠷᠠᠯᠲᠠ ᠭᠠᠷᠤᠭ᠋ᠠᠳ ᠤᠤᠯ ᠬᠦᠳᠡᠯᠮᠦᠷᠢ ᠵᠢᠨ ᠭᠡᠷ᠎ᠡ ᠵᠢ ᠬᠡᠷᠡᠭᠵᠢᠭᠦᠯᠬᠦ ᠵᠢᠨ ᠠᠷᠭ᠎ᠠ ᠦᠭᠡᠢ ᠪᠤᠯᠵᠤ᠂ ᠲᠤᠬᠠᠢ ᠵᠢᠨ ᠬᠦᠮᠦᠰ ᠵᠦᠪᠳᠡᠯᠴᠡᠭᠡᠳ ᠬᠦᠳᠡᠯᠮᠦᠷᠢ ᠵᠢᠨ ᠭᠡᠷ᠎ᠡ ᠵᠢ ᠬᠤᠪᠢᠷᠠᠭᠤᠯᠬᠤ ᠲᠤᠬᠠᠢ ᠬᠡᠯᠡᠯᠴᠡᠭᠡᠷ ᠲᠤᠬᠢᠷᠠᠵᠤ ᠴᠢᠳᠠᠬᠤ ᠦᠭᠡᠢ ᠪᠤᠯᠤᠭᠰᠠᠨ᠃
ᠬᠤᠷᠢᠨ ᠲᠤᠯᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠠᠮᠪᠠᠷᠠᠬᠤ ᠰᠢᠬᠠᠭ᠋ᠠᠳ ᠬᠠᠤᠯᠢ ᠶᠤᠰᠤᠭ᠋ᠠᠷ ᠴᠡᠭᠴᠡᠯᠡᠬᠦ ᠬᠤᠭᠤᠴᠠᠭ᠋ᠠᠨ᠎ᠳᠤ ᠪᠠᠢ᠌ᠬᠤ ᠪᠤᠶᠤ ᠦᠢ᠍ᠯᠡᠳᠪᠦᠷᠢᠯᠡᠯ ᠡᠵᠡᠩᠨᠡᠯᠲᠡ ᠵᠢᠨ ᠪᠠᠢ᠌ᠳᠠᠯᠳᠤᠨᠢ ᠬᠦᠨᠳᠤ ᠬᠡᠴᠡᠭᠦᠦ ᠬᠦᠴᠢᠷᠳᠡᠯ ᠭᠠᠷᠤᠭ᠋ᠠᠳ ᠦᠨᠡᠬᠡᠷ ᠬᠦᠮᠦᠨ ᠬᠠᠰᠤᠬᠤ ᠴᠢᠬᠤᠯᠠᠲᠠᠢ ᠪᠠᠢ᠌ᠪᠠᠯ᠂ ᠭᠤᠴᠢ ᠬᠤᠨᠤᠭ᠎ᠤᠨ ᠡᠮᠦᠨ᠎ᠡ ᠠᠵᠢᠯᠴᠢᠨ᠎ᠤ ᠡᠪᠯᠡᠯ ᠪᠤᠶᠤ ᠪᠦᠬᠦ ᠠᠵᠢᠯᠲᠠᠨ ᠠᠵᠢᠯᠴᠢᠨ᠎ᠳᠤ ᠪᠠᠢ᠌ᠳᠠᠯ ᠵᠶ᠋ᠠᠨ ᠲᠤᠳᠤᠷᠬᠠᠢ᠌ᠯᠠᠨ ᠦᠭᠴᠤ ᠠᠵᠢᠯᠴᠢᠨ᠎ᠤ ᠡᠪᠯᠡᠯ ᠪᠤᠶᠤ ᠠᠵᠢᠯᠲᠠᠨ ᠠᠵᠢᠯᠴᠢᠨ᠎ᠤ ᠰᠠᠨᠠᠯ᠎ᠢ ᠰᠣᠨᠤᠰᠴᠤ᠂ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠲᠤ ᠮᠡᠳᠡᠭᠦᠯᠦᠭᠰᠡᠨ᠎ᠤ ᠲᠠᠷᠠᠭ᠎ᠠ ᠬᠦᠮᠦᠨ ᠬᠠᠰᠤᠵᠤ ᠪᠤᠯᠤᠨ᠎ᠠ᠃
ᠬᠦᠮᠦᠨ ᠬᠡᠷᠡᠭᠯᠡᠬᠦ ᠨᠢᠭᠡᠴᠢ ᠲᠤᠰ ᠵᠦᠢ᠍ᠯ᠎ᠤᠨ ᠲᠤᠭᠲᠠᠭ᠋ᠠᠯ ᠶᠤᠰᠤᠭ᠋ᠠᠷ ᠬᠦᠮᠦᠨ ᠬᠠᠰᠤᠭ᠋ᠠᠳ ᠵᠢᠷᠭᠤᠭ᠋ᠠᠨ ᠰᠠᠷ᠎ᠠ ᠵᠢᠨ ᠲᠤᠲᠤᠷ᠎ᠠ ᠬᠦᠮᠦᠨ ᠡᠯᠰᠡᠵᠤ ᠬᠡᠷᠡᠭᠯᠡᠪᠡᠯ ᠬᠠᠰᠤᠭᠳᠠᠭᠰᠠᠨ ᠬᠦᠮᠦᠰ᠎ᠢ ᠣᠷᠢᠳ ᠵᠶ᠋ᠠᠷ ᠡᠯᠰᠡᠵᠤ ᠬᠡᠷᠡᠭᠯᠡᠬᠦ ᠬᠡᠷᠡᠭᠲᠠᠢ᠃
ᠬᠤᠷᠢᠨ ᠨᠠᠢ᠍ᠮᠠᠳᠣᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ ᠵᠢᠨ ᠬᠤᠷᠢᠨ ᠲᠦᠷᠪᠡᠳᠦᠭᠡᠷ ᠵᠦᠢ᠍ᠯ᠂ ᠬᠤᠷᠢᠨ ᠵᠢᠷᠭᠤᠳᠤᠭ᠋ᠠᠷ ᠵᠦᠢ᠍ᠯ᠂ ᠬᠤᠷᠢᠨ ᠲᠤᠯᠤᠳᠤᠭ᠋ᠠᠷ ᠵᠦᠢ᠍ᠯ᠎ᠤᠨ ᠲᠤᠭᠲᠠᠭ᠋ᠠᠯ᠎ᠢ ᠦᠨᠳᠤᠰᠦᠯᠡᠨ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠭᠰᠠᠨ ᠪᠠᠢ᠌ᠪᠠᠯ ᠤᠯᠤᠰ᠎ᠤᠨ ᠬᠤᠯᠪᠤᠭᠳᠠᠯ ᠪᠦᠬᠦᠢ ᠲᠤᠭᠲᠠᠭ᠋ᠠᠯ ᠶᠤᠰᠤᠭ᠋ᠠᠷ ᠠᠵᠤ ᠠᠬᠤᠢ ᠵᠢᠨ ᠲᠦᠯᠦᠪᠦᠷᠢ ᠤᠯᠭᠤᠬᠤ ᠬᠡᠷᠡᠭᠲᠠᠢ᠃
ᠬᠤᠷᠢ ᠶᠢᠰᠤᠳᠦᠭᠡᠷ ᠵᠦᠢ᠍ᠯ ᠬᠦᠳᠡᠯᠮᠦᠷᠢᠴᠢᠳ᠎ᠳᠤ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ ᠵᠢᠨ ᠬᠤᠷᠢᠨ ᠵᠢᠷᠭᠤᠳᠤᠭ᠋ᠠᠷ ᠵᠦᠢ᠍ᠯ᠂ ᠬᠤᠷᠢᠨ ᠲᠤᠯᠤᠳᠤᠭ᠋ᠠᠷ ᠵᠦᠢ᠍ᠯ᠎ᠤᠨ ᠲᠤᠭᠲᠠᠭ᠋ᠠᠯ ᠵᠶ᠋ᠠᠷ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠵᠤ ᠪᠤᠯᠬᠤ ᠦᠭᠡᠢ᠄
(ᠨᠢᠭᠡ) ᠠᠵᠢᠯ᠎ᠤᠨ ᠴᠢᠨᠠᠷᠲᠠᠢ ᠡᠪᠡᠳᠴᠢᠨ ᠤᠯᠤᠭᠰᠠᠨ ᠪᠤᠶᠤ ᠠᠵᠢᠯ᠎ᠤᠨ ᠬᠠᠷᠠᠭ᠎ᠠ᠎ᠪᠠᠷ ᠰᠢᠷᠬᠠᠲᠤᠭ᠋ᠠᠳ ᠬᠦᠳᠡᠯᠮᠦᠷᠢᠯᠡᠬᠦ ᠴᠢᠳᠠᠪᠤᠷᠢ᠎ᠪᠠᠨ ᠠᠯᠳᠠᠭᠰᠠᠨ ᠪᠤᠶᠤ ᠬᠡᠰᠡᠭ ᠲᠠᠯ᠎ᠠ᠎ᠪᠠᠷ ᠠᠯᠳᠠᠭᠰᠠᠨ ᠭᠡᠵᠤ ᠲᠤᠳᠤᠯᠠᠭᠳᠠᠭᠰᠠᠨ;
(ᠬᠤᠶᠠᠷ) ᠡᠪᠡᠳᠴᠢᠯᠡᠭᠰᠡᠨ ᠪᠤᠶᠤ ᠰᠢᠷᠬᠠᠲᠤᠭ᠋ᠠᠳ ᠲᠤᠭᠲᠠᠭᠰᠠᠨ ᠡᠮᠨᠡᠭᠦᠯᠬᠦ ᠬᠤᠭᠤᠴᠠᠭ᠋ᠠᠨ᠎ᠳᠤ
ᠪᠠᠢ᠌ᠬᠤ;
(ᠭᠤᠷᠪᠠ) ᠡᠮᠡᠭᠲᠠᠢ ᠠᠵᠢᠯᠲᠠᠨ ᠠᠵᠢᠯᠴᠢᠨ ᠵᠢᠷᠮᠦᠰᠦᠨ ᠬᠤᠭᠤᠴᠠᠭ᠎ᠠ᠂ ᠬᠦᠩᠭᠡᠵᠢᠬᠦ ᠬᠤᠭᠤᠴᠠᠭ᠎ᠠ᠂ ᠬᠦᠬᠦᠭᠦᠯᠬᠦ ᠬᠤᠭᠤᠴᠠᠭ᠋ᠠᠨ᠎ᠳᠠᠭᠠᠨ ᠪᠠᠢ᠌ᠬᠤ;
(ᠲᠦᠷᠪᠡ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ᠎ᠳᠤ ᠲᠤᠭᠲᠠᠭ᠋ᠠᠭᠰᠠᠨ ᠪᠤᠰᠤᠳ ᠪᠠᠢ᠌ᠳᠠᠯ᠎ᠤᠳ᠃
ᠭᠤᠴᠢᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠬᠤ᠎ᠳᠤ ᠠᠵᠢᠯᠴᠢᠨ᠎ᠤ ᠡᠪᠯᠡᠯ ᠲᠤᠬᠢᠷᠠᠮᠵᠢ ᠦᠭᠡᠢ ᠭᠡᠵᠤ ᠦᠵᠡᠪᠡᠯ ᠰᠠᠨᠠᠯ ᠭᠠᠷᠭ᠋ᠠᠬᠤ ᠡᠷᠬᠡ᠎ᠲᠠᠢ᠃ ᠬᠡᠷᠪᠡ ᠬᠦᠮᠦᠨ ᠬᠡᠷᠡᠭᠯᠡᠬᠦ ᠨᠢᠭᠡᠴᠢ ᠬᠠᠤᠯᠢ ᠴᠠᠭ᠋ᠠᠵᠠ ᠬᠠᠤᠯᠢ ᠲᠤᠭᠲᠠᠭ᠋ᠠᠯ ᠪᠤᠶᠤ ᠬᠦᠳᠡᠯᠮᠦᠷᠢ ᠵᠢᠨ ᠭᠡᠷ᠎ᠡ᠎ᠠᠴᠠ ᠵᠦᠷᠢᠴᠡᠭᠰᠡᠨ ᠪᠠᠢ᠌ᠪᠠᠯ ᠠᠵᠢᠯᠴᠢᠨ᠎ᠤ ᠡᠪᠯᠡᠯ ᠲᠠᠬᠢᠵᠤ ᠰᠢᠢ᠍ᠳᠪᠦᠷᠢᠯᠡᠭᠦᠯᠬᠦ᠎ᠪᠠᠷ ᠱᠠᠭ᠋ᠠᠷᠳᠠᠬᠤ ᠡᠷᠬᠡ᠎ᠲᠠᠢ᠃ ᠬᠦᠳᠡᠯᠮᠦᠷᠢᠴᠢᠨ ᠬᠦᠨᠳᠡᠯᠡᠨ᠎ᠠᠴᠠ ᠲᠠᠰᠤᠯᠤᠭᠤᠯᠬᠤ᠎ᠪᠠᠷ ᠭᠤᠶᠤᠴᠢᠯᠠᠭᠰᠠᠨ ᠪᠤᠶᠤ ᠵᠠᠭ᠋ᠠᠯᠳᠤᠯᠭ᠎ᠠ ᠭᠠᠷᠭ᠋ᠠᠭᠰᠠᠨ ᠪᠠᠢ᠌ᠪᠠᠯ ᠠᠵᠢᠯᠴᠢᠨ᠎ᠤ ᠡᠪᠯᠡᠯ ᠬᠠᠤᠯᠢ ᠶᠤᠰᠤᠭ᠋ᠠᠷ ᠲᠠᠮᠵᠢᠵᠤ ᠬᠠᠪᠰᠤᠷᠬᠤ ᠬᠡᠷᠡᠭᠲᠠᠢ᠃
ᠭᠤᠴᠢᠨ ᠨᠢᠭᠡᠳᠦᠭᠡᠷ ᠵᠦᠢ᠍ᠯ ᠬᠦᠳᠡᠯᠮᠦᠷᠢᠴᠢᠨ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠬᠤ ᠭᠡᠪᠡᠯ ᠭᠤᠴᠢ ᠬᠤᠨᠤᠭ᠎ᠤᠨ ᠡᠮᠦᠨ᠎ᠡ ᠬᠦᠮᠦᠨ ᠬᠡᠷᠡᠭᠯᠡᠬᠦ ᠨᠢᠭᠡᠴᠢ᠎ᠳᠤ ᠪᠢᠴᠢᠭ ᠵᠶ᠋ᠠᠷ ᠮᠡᠳᠡᠭᠳᠡᠬᠦ ᠬᠡᠷᠡᠭᠲᠠᠢ᠃
ᠭᠤᠴᠢᠨ ᠬᠤᠶᠠᠳᠤᠭ᠋ᠠᠷ ᠵᠦᠢ᠍ᠯ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠬᠦᠳᠡᠯᠮᠦᠷᠢᠴᠢᠨ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠬᠤ᠎ᠪᠠᠷ ᠬᠦᠮᠦᠨ ᠬᠡᠷᠡᠭᠯᠡᠬᠦ ᠨᠢᠭᠡᠴᠢ᠎ᠳᠤ ᠴᠠᠭ ᠲᠤᠬᠠᠢᠳᠤᠨᠢ ᠮᠡᠳᠡᠭᠳᠡᠵᠤ ᠪᠤᠯᠤᠨ᠎ᠠ᠄
(ᠨᠢᠭᠡ) ᠲᠤᠷᠰᠢᠨ ᠬᠡᠷᠡᠭᠯᠡᠬᠦ ᠬᠤᠭᠤᠴᠠᠭ᠋ᠠᠨ᠎ᠳᠤ ᠪᠠᠢ᠌ᠬᠤ;
(ᠬᠤᠶᠠᠷ) ᠬᠦᠮᠦᠨ ᠬᠡᠷᠡᠭᠯᠡᠬᠦ ᠨᠢᠭᠡᠴᠢ ᠬᠦᠴᠦᠷᠬᠡᠭᠯᠡᠯ᠂ ᠰᠦᠷᠳᠡᠭᠦᠯᠦᠯ ᠪᠤᠶᠤ ᠬᠦᠮᠦᠨ᠎ᠤ ᠪᠡᠶ᠎ᠡ ᠵᠢᠨ ᠡᠷᠬᠡ ᠴᠢᠯᠦᠭᠡ ᠵᠢ ᠬᠠᠤᠯᠢ ᠪᠤᠰᠤ᠎ᠪᠠᠷ ᠬᠢᠵᠠᠭ᠋ᠠᠷᠯᠠᠬᠤ ᠠᠷᠭ᠎ᠠ ᠪᠠᠷᠢᠯ ᠵᠶ᠋ᠠᠷ ᠠᠯᠪᠠᠳᠠᠨ ᠬᠦᠳᠡᠯᠮᠦᠷᠢᠯᠡᠭᠦᠯᠦᠭᠰᠡᠨ;
(ᠭᠤᠷᠪᠠ) ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠭᠡᠷ᠎ᠡ ᠵᠢᠨ ᠲᠤᠭᠲᠠᠭ᠋ᠠᠯ ᠶᠤᠰᠤᠭ᠋ᠠᠷ ᠬᠦᠳᠡᠯᠮᠦᠷᠢ ᠵᠢᠨ ᠬᠦᠯᠦᠰᠦ ᠣᠯᠭᠣᠮᠵᠢ ᠤᠯᠭᠤᠭᠰᠨ ᠦᠭᠡᠢ ᠪᠤᠶᠤ ᠬᠦᠳᠡᠯᠮᠦᠷᠢᠯᠡᠬᠦ ᠨᠦᠬᠦᠴᠡᠯ ᠦᠯᠦ
ᠬᠠᠩᠭ᠋ᠠᠭᠰᠠᠨ᠃
ᠭᠤᠴᠢᠨ ᠭᠤᠷᠪᠠᠳᠤᠭ᠋ᠠᠷ ᠵᠦᠢ᠍ᠯ ᠠᠵᠤ ᠠᠬᠤᠢ᠌ᠯᠠᠯ᠎ᠤᠨ ᠠᠵᠢᠯᠲᠠᠨ ᠠᠵᠢᠯᠴᠢᠨ᠎ᠤ ᠲᠠᠯ᠎ᠠ ᠪᠠ ᠠᠵᠤ ᠠᠬᠤᠢ᠌ᠯᠠᠯ ᠬᠤᠭᠤᠷᠤᠨᠳᠤ᠎ᠪᠠᠨ ᠬᠦᠳᠡᠯᠮᠦᠷᠢ ᠵᠢᠨ ᠬᠦᠯᠦᠰᠤ ᠤᠯᠭᠤᠮᠵᠢ᠂ ᠠᠵᠢᠯᠯᠠᠬᠤ ᠴᠠᠭ᠂ ᠠᠮᠠᠷᠠᠬᠤ᠂ ᠠᠮᠠᠷᠠᠯᠲᠠ ᠵᠢᠨ ᠴᠢᠯᠦᠭᠡ ᠠᠪᠬᠤ᠂ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ᠂ ᠲᠠᠭ᠋ᠠᠳᠬᠠᠯ ᠠᠰᠠᠷᠠᠮᠵᠢ ᠵᠡᠷᠭᠡ ᠤᠴᠢᠷ ᠶᠠᠪᠤᠳᠠᠯ᠎ᠤᠨ ᠲᠤᠬᠠᠢ ᠬᠠᠮᠲᠤ ᠵᠢᠨ ᠭᠡᠷ᠎ᠡ ᠲᠤᠭᠲᠠᠭ᠋ᠠᠵᠤ ᠪᠤᠯᠤᠨ᠎ᠠ᠃ ᠬᠠᠮᠲᠤ ᠵᠢᠨ ᠭᠡᠷ᠎ᠡ ᠵᠢᠨ ᠲᠦᠰᠦᠯ᠎ᠢ ᠠᠵᠢᠯᠲᠠᠨ ᠠᠵᠢᠯᠴᠢᠨ᠎ᠤ ᠲᠦᠯᠦᠭᠡᠯᠡᠭᠴᠢᠳ᠎ᠤᠨ ᠶᠡᠬᠡ ᠬᠤᠷᠠᠯ ᠪᠤᠶᠤ ᠪᠦᠬᠦ ᠠᠵᠢᠯᠲᠠᠨ ᠠᠵᠢᠯᠴᠢᠨ᠎ᠳᠤ ᠲᠡᠪᠰᠢᠭᠦᠯᠦᠨ ᠶᠠᠷᠢᠯᠴᠠᠭᠤᠯᠵᠤ ᠪᠠᠲᠤᠯᠠᠭᠤᠯᠬᠤ ᠬᠡᠷᠡᠭᠲᠠᠢ᠃
ᠬᠠᠮᠲᠤ ᠵᠢᠨ ᠭᠡᠷ᠎ᠡ ᠵᠢ ᠠᠵᠢᠯᠴᠢᠨ᠎ᠤ ᠡᠪᠯᠡᠯ᠎ᠠᠴᠠ ᠠᠵᠢᠯᠲᠠᠨ ᠠᠵᠢᠯᠴᠢᠨ᠎ᠢ ᠲᠦᠯᠦᠭᠡᠯᠡᠨ ᠠᠵᠤ ᠠᠬᠤᠢ᠌ᠯᠠᠯ᠎ᠯᠤᠭ᠎ᠠ ᠲᠤᠭᠲᠠᠭ᠋ᠠᠨ᠎ᠠ; ᠠᠵᠢᠯᠴᠢᠨ᠎ᠤ ᠡᠪᠯᠡᠯ ᠪᠠᠢ᠌ᠭᠤᠯᠤᠭᠰᠠᠨ ᠦᠭᠡᠢ ᠠᠵᠤ ᠠᠬᠤᠢ᠌ᠯᠠᠯ᠎ᠳᠤ ᠪᠤᠯ ᠠᠵᠢᠯᠲᠠᠨ ᠠᠵᠢᠯᠴᠢᠨ᠎ᠤ ᠰᠤᠩᠭᠤᠭᠰᠠᠨ ᠲᠦᠯᠦᠭᠡᠯᠡᠭᠴᠢ ᠠᠵᠤ ᠠᠬᠤᠢ᠌ᠯᠠᠯ᠎ᠯᠤᠭ᠎ᠠ ᠲᠤᠭᠲᠠᠭ᠋ᠠᠨ᠎ᠠ᠃
ᠭᠤᠴᠢᠨ ᠲᠦᠷᠪᠡᠳᠦᠭᠡᠷ ᠵᠦᠢ᠍ᠯ ᠬᠠᠮᠲᠤ ᠵᠢᠨ ᠭᠡᠷ᠎ᠡ ᠵᠢ ᠲᠤᠭᠲᠠᠭ᠋ᠠᠭᠰᠠᠨᠤ ᠲᠠᠷᠠᠭ᠎ᠠ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠲᠤ ᠮᠡᠳᠡᠭᠦᠯᠦᠨ ᠲᠡᠪᠰᠢᠭᠦᠯᠬᠦ ᠬᠡᠷᠡᠭᠲᠠᠢ; ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠨᠢ ᠬᠠᠮᠲᠤ ᠵᠢᠨ ᠭᠡᠷ᠎ᠡ ᠵᠢᠨ ᠪᠢᠴᠢᠭ᠎ᠢ ᠤᠯᠵᠤ ᠠᠪᠤᠭᠰᠠᠨ ᠡᠳᠦᠷ᠎ᠠᠴᠠ ᠡᠬᠢᠯᠡᠨ ᠠᠷᠪᠠᠨ ᠲᠠᠪᠤᠨ ᠬᠤᠨᠤᠭ᠎ᠤᠨ ᠲᠤᠲᠤᠷ᠎ᠠ ᠤᠨᠳᠤᠤ ᠰᠠᠨᠠᠯ ᠭᠠᠷᠭ᠋ᠠᠭᠰᠠᠨ ᠦᠭᠡᠢ ᠪᠠᠢ᠌ᠪᠠᠯ ᠬᠠᠮᠲᠤ ᠵᠢᠨ ᠭᠡᠷ᠎ᠡ ᠲᠠᠷᠤᠢ ᠬᠦᠴᠦᠨ᠎ᠲᠠᠢ ᠪᠤᠯᠤᠨ᠎ᠠ᠃
ᠭᠤᠴᠢᠨ ᠲᠠᠪᠤᠳᠤᠭ᠋ᠠᠷ ᠵᠦᠢ᠍ᠯ ᠬᠠᠤᠯᠢ ᠶᠤᠰᠤᠭ᠋ᠠᠷ ᠲᠤᠭᠲᠠᠭ᠋ᠠᠭᠰᠠᠨ ᠬᠠᠮᠲᠤ ᠵᠢᠨ ᠭᠡᠷ᠎ᠡ᠎ᠨᠢ ᠠᠵᠤ ᠠᠬᠤᠢ᠌ᠯᠠᠯ ᠪᠠ ᠠᠵᠤ ᠠᠬᠤᠢ᠌ᠯᠠᠯ᠎ᠤᠨ ᠪᠦᠬᠦ ᠠᠵᠢᠯᠲᠠᠨ ᠠᠵᠢᠯᠴᠢᠨ᠎ᠳᠤ ᠬᠢᠵᠠᠭ᠋ᠠᠷᠯᠠᠬᠤ ᠬᠦᠴᠦᠨ᠎ᠲᠠᠢ᠃ ᠠᠵᠢᠯᠲᠠᠨ ᠠᠵᠢᠯᠴᠢᠨ ᠬᠤᠪᠢ ᠬᠦᠮᠦᠨ ᠵᠶ᠋ᠠᠷ ᠵᠶ᠋ᠠᠨ ᠠᠵᠤ ᠠᠬᠤᠢ᠌ᠯᠠᠯ᠎ᠯᠤᠭ᠎ᠠ ᠲᠤᠭᠲᠠᠭ᠋ᠠᠭᠰᠠᠨ ᠬᠦᠳᠡᠯᠮᠦᠷᠢ ᠵᠢᠨ ᠭᠡᠷ᠎ᠡ ᠵᠢᠨ ᠲᠤᠲᠤᠷᠠᠬᠢ ᠬᠦᠳᠡᠯᠮᠦᠷᠢ ᠵᠢᠨ ᠨᠦᠬᠦᠴᠡᠯ ᠪᠠ ᠬᠦᠳᠡᠯᠮᠦᠷᠢ ᠵᠢᠨ ᠬᠦᠯᠦᠰᠦ ᠤᠯᠭᠤᠮᠵᠢ ᠵᠡᠷᠭᠡ ᠪᠠᠷᠢᠮᠵᠢᠶ᠎ᠠ᠎ᠨᠢ ᠬᠠᠮᠲᠤ ᠵᠢᠨ ᠭᠡᠷ᠎ᠡ ᠵᠢᠨ ᠲᠤᠭᠲᠠᠭ᠋ᠠᠯ᠎ᠠᠴᠠ ᠲᠤᠤᠷ᠎ᠠ ᠪᠠᠢ᠌ᠵᠤ ᠪᠤᠯᠬᠤ ᠦᠭᠡᠢ᠃
ᠲᠦᠷᠪᠡᠳᠦᠭᠡᠷ ᠪᠦᠯᠦᠭ ᠠᠵᠢᠯᠯᠠᠬᠤ ᠴᠠᠭ ᠪᠠ ᠠᠮᠠᠷᠠᠬᠤ᠂ ᠠᠮᠠᠷᠠᠯᠲᠠ ᠵᠢᠨ ᠴᠢᠯᠦᠭᠡ
ᠭᠤᠴᠢᠨ ᠵᠢᠷᠭᠤᠳᠤᠭ᠋ᠠᠷ ᠵᠦᠢ᠍ᠯ ᠤᠯᠤᠰ᠎ᠠᠴᠠ ᠬᠦᠳᠡᠯᠮᠦᠷᠢᠴᠢᠳ᠎ᠤᠨ ᠡᠳᠦᠷ ᠪᠦᠷᠢ ᠵᠢᠨ ᠠᠵᠢᠯᠯᠠᠬᠤ ᠴᠠᠭ᠎ᠢ ᠨᠠᠢ᠍ᠮᠠᠨ ᠴᠠᠭ᠎ᠠᠴᠠ ᠦᠯᠦ ᠬᠡᠲᠦᠷᠡᠭᠦᠯᠬᠦ᠂ ᠭᠠᠷᠠᠭ ᠪᠦᠷᠢ ᠵᠢᠨ ᠳᠤᠮᠳᠠᠴᠢ ᠠᠵᠢᠯᠯᠠᠬᠤ ᠴᠠᠭ᠎ᠢ ᠲᠦᠴᠢᠨ ᠲᠦᠷᠪᠡᠨ ᠴᠠᠭ᠎ᠠᠴᠠ ᠦᠯᠦ ᠬᠡᠲᠦᠷᠡᠭᠦᠯᠬᠦ ᠠᠵᠢᠯ᠎ᠤᠨ ᠴᠠᠭ᠎ᠤᠨ ᠲᠦᠷᠢᠮ᠎ᠢ ᠬᠡᠷᠡᠭᠵᠢᠭᠦᠯᠦᠨ᠎ᠠ᠃
ᠭᠤᠴᠢᠨ ᠲᠤᠯᠤᠳᠤᠭ᠋ᠠᠷ ᠵᠦᠢ᠍ᠯ ᠲᠤᠭ᠋ᠠᠴᠠᠭ᠋ᠠᠯᠠᠨ ᠪᠤᠳᠤᠬᠤ ᠠᠵᠢᠯ ᠬᠢᠵᠤ ᠪᠠᠢ᠌ᠭ᠎ᠠ ᠬᠦᠳᠡᠯᠮᠦᠷᠢᠴᠢᠳ᠎ᠲᠤ ᠪᠤᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ ᠵᠢᠨ ᠭᠤᠴᠢᠨ ᠵᠢᠷᠭᠤᠳᠤᠭ᠋ᠠᠷ ᠵᠦᠢ᠍ᠯ᠎ᠳᠤ ᠲᠤᠭᠲᠠᠭ᠋ᠠᠭᠰᠠᠨ ᠠᠵᠢᠯ᠎ᠤᠨ ᠴᠠᠭ᠎ᠤᠨ ᠲᠦᠷᠢᠮ᠎ᠢ ᠦᠨᠳᠤᠰᠤᠯᠡᠨ ᠬᠦᠳᠡᠯᠮᠦᠷᠢ ᠵᠢᠨ ᠲᠤᠭ᠎ᠠ ᠨᠤᠷᠮ᠎ᠠ ᠪᠠ ᠲᠤᠭ᠋ᠠᠴᠠᠭ᠋ᠠᠯᠠᠨ ᠪᠤᠳᠤᠬᠤ ᠬᠦᠯᠦᠰᠤ ᠤᠯᠭᠤᠮᠵᠢ ᠵᠢᠨ ᠪᠠᠷᠢᠮᠵᠢᠶ᠎ᠠ ᠵᠢ ᠵᠦᠢ ᠵᠤᠬᠢᠰᠲᠠᠢ᠎ᠪᠠᠷ ᠲᠤᠭᠲᠠᠭ᠋ᠠᠬᠤ ᠬᠡᠷᠡᠭᠲᠠᠢ᠃
ᠭᠤᠴᠢᠨ ᠨᠠᠢ᠍ᠮᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢᠴᠢᠳ᠎ᠤᠨ ᠭᠠᠷᠠᠭ ᠪᠦᠷᠢ ᠠᠳᠠᠭ᠎ᠲᠠᠭᠠᠨ ᠨᠢᠭᠡ ᠡᠳᠦᠷ ᠠᠮᠠᠷᠠᠬᠤ ᠵᠢ ᠪᠠᠲᠤᠯᠠᠬᠤ ᠬᠡᠷᠡᠭᠲᠠᠢ᠃
ᠭᠤᠴᠢ ᠶᠢᠰᠤᠳᠦᠭᠡᠷ ᠵᠦᠢ᠍ᠯ ᠠᠵᠤ ᠠᠬᠤᠢ᠌ᠯᠠᠯ᠎ᠨᠢ ᠦᠢ᠍ᠯᠡᠳᠪᠦᠷᠢᠯᠡᠯ᠎ᠤᠨ ᠤᠨᠴᠠᠯᠢᠭ᠎ᠠᠴᠠ᠎ᠪᠠᠨ ᠪᠤᠯᠵᠤ ᠲᠤᠰ ᠬᠠᠤᠯᠢ ᠵᠢᠨ ᠭᠤᠴᠢᠨ ᠵᠢᠷᠭᠤᠳᠤᠭ᠋ᠠᠷ ᠵᠦᠢ᠍ᠯ᠂ ᠭᠤᠴᠢᠨ ᠨᠠᠢ᠍ᠮᠠᠳᠤᠭ᠋ᠠᠷ ᠵᠦᠢ᠍ᠯ᠎ᠤᠨ ᠲᠤᠭᠲᠠᠭ᠋ᠠᠯ᠎ᠢ ᠬᠡᠷᠡᠭᠵᠢᠭᠦᠯᠵᠤ ᠲᠡᠢ᠌ᠯᠬᠦ ᠦᠭᠡᠢ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠵᠶ᠋ᠠᠷ ᠵᠦᠪᠰᠢᠶᠡᠷᠡᠭᠦᠯᠦᠭᠡᠳ ᠪᠤᠰᠤᠳ ᠵᠦᠢ᠍ᠯ᠎ᠤᠨ ᠠᠵᠢᠯᠯᠠᠬᠤ ᠪᠠ ᠠᠮᠠᠷᠠᠬᠤ ᠠᠷᠭ᠎ᠠ ᠵᠢ ᠬᠡᠷᠡᠭᠵᠢᠭᠦᠯᠵᠤ ᠪᠤᠯᠤᠨ᠎ᠠ᠃
ᠳᠦᠴᠢᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠤᠷ᠎ᠠ ᠵᠢᠭᠰᠠᠭ᠋ᠠᠭᠰᠠᠨ ᠪᠠᠶᠠᠷ᠎ᠤᠨ ᠡᠳᠦᠷ᠎ᠤᠨ ᠬᠤᠭᠤᠴᠠᠭ᠋ᠠᠨ᠎ᠳᠤ ᠬᠦᠳᠡᠯᠮᠦᠷᠢᠴᠢᠳ᠎ᠲᠤ ᠬᠠᠤᠯᠢ ᠶᠤᠰᠤᠭ᠋ᠠᠷ ᠠᠮᠠᠷᠠᠯᠲᠠ ᠵᠢᠨ ᠴᠢᠯᠦᠭᠡ ᠲᠤᠬᠢᠷᠠᠭᠤᠯᠵᠤ ᠦᠭᠬᠦ ᠬᠡᠷᠡᠭᠲᠠᠢ᠄
(ᠨᠢᠭᠡ) ᠰᠢᠨ᠎ᠡ ᠵᠢᠯ᠎ᠤᠨ ᠰᠢᠨ᠎ᠡ ᠵᠢᠨ ᠨᠢᠭᠡᠨ;
(ᠬᠤᠶᠠᠷ) ᠴᠠᠭ᠋ᠠᠨ ᠰᠠᠷ᠎ᠠ ᠵᠢᠨ ᠪᠠᠶᠠᠷ;
(ᠭᠤᠷᠪᠠ) ᠲᠡᠯᠡᠬᠡᠢ ᠵᠢᠨ ᠬᠦᠳᠡᠯᠮᠦᠷᠢᠴᠢᠳ᠎ᠤᠨ ᠪᠠᠶᠠᠷ;
(ᠲᠦᠷᠪᠡ) ᠤᠯᠤᠰ᠎ᠤᠨ ᠪᠠᠶᠠᠷ;
(ᠲᠠᠪᠤ) ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠳᠤ ᠠᠮᠠᠷᠠᠯᠲᠠ ᠵᠢᠨ ᠴᠢᠯᠦᠭᠡ ᠲᠠᠯᠪᠢᠬᠤ᠎ᠪᠠᠷ ᠲᠤᠭᠲᠠᠭ᠋ᠠᠭᠰᠠᠨ ᠪᠤᠰᠤᠳ ᠪᠠᠶᠠᠷ᠎ᠤᠨ ᠡᠳᠦᠷ᠃
ᠲᠦᠴᠢᠨ ᠨᠢᠭᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠦᠢ᠍ᠯᠡᠳᠪᠦᠷᠢᠯᠡᠯ ᠡᠵᠡᠩᠨᠡᠯᠲᠡ᠎ᠳᠤᠨᠢ ᠬᠡᠷᠡᠭᠴᠡᠭᠡ᠎ᠲᠠᠢ ᠪᠤᠯᠪᠠᠯ ᠠᠵᠢᠯᠴᠢᠨ᠎ᠤ ᠡᠪᠯᠡᠯ ᠪᠠ ᠬᠦᠳᠡᠯᠮᠦᠷᠢᠴᠢᠨ᠎ᠲᠠᠢ ᠵᠦᠪᠳᠡᠯᠴᠡᠭᠰᠡᠨᠤ ᠲᠠᠷᠠᠭ᠎ᠠ ᠠᠵᠢᠯᠯᠠᠬᠤ ᠴᠠᠭ᠎ᠢ ᠣᠷᠲᠤᠳᠬᠠᠵᠤ ᠪᠤᠯᠤᠨ᠎ᠠ᠂ ᠭᠡᠬᠦ᠎ᠳᠡᠭᠡᠨ ᠡᠩ᠎ᠤᠨ ᠪᠠᠢ᠌ᠳᠠᠯ᠎ᠤᠨ ᠲᠤᠤᠷ᠎ᠠ ᠡᠳᠦᠷ ᠪᠦᠷᠢ ᠨᠢᠭᠡ ᠴᠠᠭ᠎ᠠᠴᠠ ᠬᠡᠳᠦᠷᠡᠭᠦᠯᠵᠤ ᠪᠤᠯᠬᠤ ᠦᠭᠡᠢ; ᠤᠨᠴᠠᠭ᠋ᠠᠢ ᠰᠢᠯᠲᠠᠭ᠋ᠠᠨ᠎ᠠᠴᠠ ᠪᠤᠯᠤᠭ᠋ᠠᠳ ᠠᠵᠢᠯᠯᠠᠬᠤ ᠴᠠᠭ᠎ᠢ ᠣᠷᠲᠤᠳᠬᠠᠬᠤ ᠴᠢᠬᠤᠯᠠᠲᠠᠢ ᠪᠠᠢ᠌ᠪᠠᠯ ᠬᠦᠳᠡᠯᠮᠦᠷᠢᠴᠢᠳ᠎ᠤᠨ ᠪᠡᠶ᠎ᠡ ᠵᠢᠨ ᠡᠷᠡᠭᠦᠯ ᠴᠢᠬᠢᠷᠠᠭ᠎ᠢ ᠪᠠᠲᠤᠯᠠᠬᠤ ᠨᠦᠬᠦᠴᠡᠯ ᠲᠤᠤᠷ᠎ᠠ ᠤᠷᠲᠤᠳᠬᠠᠬᠤ ᠠᠵᠢᠯ᠎ᠤᠨ ᠴᠠᠭ᠎ᠢ ᠡᠳᠦᠷ ᠪᠦᠷᠢ ᠭᠤᠷᠪᠠᠨ ᠴᠠᠭ᠎ᠠᠴᠠ ᠬᠡᠲᠦᠷᠡᠭᠦᠯᠵᠤ ᠪᠤᠯᠬᠤ ᠦᠭᠡᠢ᠂ ᠭᠡᠪᠡᠴᠤ ᠰᠠᠷ᠎ᠠ ᠪᠦᠷᠢ᠎ᠳᠤ ᠭᠤᠴᠢᠨ ᠵᠢᠷᠭᠤᠭ᠋ᠠᠨ ᠴᠠᠭ᠎ᠠᠴᠠ ᠬᠡᠲᠦᠷᠡᠭᠦᠯᠵᠤ ᠪᠤᠯᠬᠤ ᠦᠭᠡᠢ᠃
ᠲᠦᠴᠢᠨ ᠬᠤᠶᠠᠳᠤᠭ᠋ᠠᠷ ᠵᠦᠢ᠍ᠯ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠠᠵᠢᠯᠯᠠᠬᠤ ᠴᠠᠭ᠎ᠢ ᠤᠷᠲᠤᠳᠬᠠᠬᠤ᠎ᠳᠤ ᠲᠤᠰ ᠬᠠᠤᠯᠢ ᠵᠢᠨ ᠲᠦᠴᠢᠨ ᠨᠢᠭᠡᠳᠦᠭᠡᠷ ᠵᠦᠢ᠍ᠯ᠎ᠤᠨ ᠲᠤᠭᠲᠠᠭ᠋ᠠᠯ᠎ᠳᠤ ᠬᠢᠵᠠᠭ᠋ᠠᠷᠯᠠᠭᠳᠠᠬᠤ ᠦᠭᠡᠢ᠄
(ᠨᠢᠭᠡ) ᠪᠠᠢ᠌ᠭ᠋ᠠᠯᠢ ᠵᠢᠨ ᠭᠠᠮᠰᠢᠭ᠂ ᠭᠡᠨᠡᠳᠡᠯ ᠭᠠᠷᠤᠭᠰᠠᠨ ᠪᠤᠶᠤ ᠪᠤᠰᠤᠳ ᠰᠢᠯᠲᠠᠭ᠋ᠠᠨ᠎ᠠᠴᠠ ᠪᠤᠯᠵᠤ ᠬᠦᠳᠡᠯᠮᠦᠷᠢᠴᠢᠳ᠎ᠤᠨ ᠠᠮᠢ ᠨᠠᠰᠤ ᠡᠷᠡᠭᠦᠯ ᠴᠢᠬᠢᠷᠠᠭ ᠪᠠ ᠡᠳ᠋ ᠬᠦᠷᠦᠩᠭᠡ ᠵᠢᠨ ᠠᠮᠤᠷ ᠲᠦᠪᠰᠢᠨ ᠰᠦᠷᠳᠡᠭᠦᠯᠦᠯ᠎ᠳᠤ ᠤᠴᠠᠷᠠᠭ᠋ᠠᠳ ᠪᠠᠴᠢᠮ ᠰᠢᠢ᠍ᠳᠪᠦᠷᠢᠯᠡᠬᠦ ᠴᠢᠬᠤᠯᠠᠲᠠᠢ ᠪᠤᠯᠤᠭᠰᠠᠨ;
(ᠬᠤᠶᠠᠷ) ᠦᠢ᠍ᠯᠡᠳᠪᠦᠷᠢᠯᠡᠯ᠎ᠤᠨ ᠲᠦᠬᠦᠭᠡᠷᠤᠮᠵᠢ᠂ ᠵᠠᠮ ᠬᠠᠷᠢᠯᠴᠠᠭ᠋ᠠᠨ᠎ᠤ ᠲᠡᠭᠡᠭᠡᠪᠦᠷᠢ ᠵᠢᠨ ᠱᠤᠭᠤᠮ᠂ ᠤᠯᠠᠨ ᠨᠡᠢ᠌ᠲᠡ ᠵᠢᠨ ᠪᠡᠯᠡᠳᠭᠡᠯ ᠲᠦᠬᠦᠭᠡᠷᠦᠮᠵᠢ᠎ᠳᠤ ᠬᠠᠷᠰᠢ ᠰᠠᠭ᠋ᠠᠳ ᠭᠠᠷᠴᠤ ᠦᠢ᠍ᠯᠡᠳᠪᠦᠷᠢᠯᠡᠯ ᠪᠠ ᠤᠯᠠᠨ ᠨᠡᠢ᠌ᠲᠡ ᠵᠢᠨ ᠠᠰᠢᠭ ᠲᠤᠰᠠ ᠵᠢ ᠨᠦᠯᠦᠭᠡᠯᠡᠭᠡᠳ ᠡᠷᠬᠡᠪᠰᠢ ᠴᠠᠭ ᠲᠤᠬᠠᠢᠳᠤᠨᠢ ᠱᠠᠯᠠᠪᠳᠠᠨ ᠵᠠᠰᠠᠬᠤ ᠴᠢᠬᠤᠯᠠᠲᠠᠢ ᠪᠤᠯᠤᠭᠰᠠᠨ;
(ᠭᠤᠷᠪᠠ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ᠎ᠳᠤ ᠲᠤᠭᠲᠠᠭ᠋ᠠᠭᠰᠠᠨ ᠪᠤᠰᠤᠳ ᠪᠠᠢ᠌ᠳᠠᠯ᠎ᠤᠳ᠃
ᠲᠦᠴᠢᠨ ᠭᠤᠷᠪᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ ᠵᠢᠨ ᠲᠤᠭᠲᠠᠭ᠋ᠠᠯ᠎ᠢ ᠵᠦᠷᠢᠴᠡᠵᠤ ᠬᠦᠳᠡᠯᠮᠦᠷᠢᠴᠢᠳ᠎ᠤᠨ ᠠᠵᠢᠯᠯᠠᠬᠤ ᠴᠠᠭ᠎ᠢ ᠣᠷᠲᠤᠳᠬᠠᠵᠤ ᠪᠤᠯᠬᠤ ᠦᠭᠡᠢ᠃
ᠲᠦᠴᠢᠨ ᠲᠦᠷᠪᠡᠳᠦᠭᠡᠷ ᠵᠦᠢ᠍ᠯ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ ᠬᠦᠮᠦᠨ ᠬᠡᠷᠡᠭᠯᠡᠬᠦ ᠨᠢᠭᠡᠴᠢ ᠲᠤᠤᠷᠠᠬᠢ ᠪᠠᠷᠢᠮᠵᠢᠶ᠎ᠠ ᠶᠤᠰᠤᠭ᠋ᠠᠷ ᠬᠦᠳᠡᠯᠮᠦᠷᠢᠴᠢᠳ᠎ᠲᠤ ᠶᠡᠷᠤ ᠵᠢᠨ ᠠᠵᠢᠯᠯᠠᠬᠤ ᠴᠠᠭ᠎ᠤᠨ ᠴᠠᠯᠢᠩ᠎ᠠᠴᠠ ᠲᠡᠭᠡᠭᠦᠷ ᠴᠠᠯᠢᠩ ᠬᠦᠯᠦᠰᠤ ᠤᠯᠭᠤᠬᠤ ᠬᠡᠷᠡᠭᠲᠠᠢ᠄
(ᠨᠢᠭᠡ) ᠬᠦᠳᠡᠯᠮᠦᠷᠢᠴᠢᠳ᠎ᠤᠨ ᠠᠵᠢᠯᠯᠠᠬᠤ ᠴᠠᠭ᠎ᠢ ᠤᠷᠲᠤᠳᠬᠠᠬᠤ᠎ᠪᠠᠷ ᠲᠤᠬᠢᠷᠠᠭᠤᠯᠤᠭᠰᠠᠨ ᠪᠠᠢ᠌ᠪᠠᠯ ᠴᠠᠯᠢᠩ᠎ᠤᠨ ᠬᠢᠨᠢ ᠵᠠᠭᠤᠨ᠎ᠤ ᠲᠠᠪᠢᠨ ᠬᠤᠪᠢ᠎ᠠᠴᠠ ᠲᠤᠤᠷ᠎ᠠ ᠦᠭᠡᠢ ᠴᠠᠯᠢᠩ ᠬᠦᠯᠦᠰᠤ ᠤᠯᠭᠤᠨ᠎ᠠ;
(ᠬᠤᠶᠠᠷ) ᠬᠦᠳᠡᠯᠮᠦᠷᠢᠴᠢᠳᠢ ᠠᠮᠠᠷᠠᠯᠲᠠ ᠵᠢᠨ ᠡᠳᠦᠷ ᠠᠵᠢᠯᠯᠠᠬᠤ᠎ᠪᠠᠷ ᠲᠤᠬᠢᠷᠠᠭᠤᠯᠤᠭᠰᠠᠨ ᠪᠦᠭᠡᠳ ᠨᠦᠬᠦᠪᠦᠷᠢ ᠠᠮᠠᠷᠠᠯᠲᠠ ᠲᠤᠬᠢᠷᠠᠭᠤᠯᠵᠤ ᠴᠢᠳᠠᠬᠤ ᠦᠭᠡᠢ ᠪᠠᠢ᠌ᠪᠠᠯ ᠴᠠᠯᠢᠩ᠎ᠤᠨ ᠬᠢᠨᠢ ᠵᠠᠭᠤᠨ᠎ᠤ ᠬᠤᠶᠠᠷ ᠵᠠᠭᠤᠨ ᠬᠤᠪᠢ᠎ᠠᠴᠠ ᠲᠤᠤᠷ᠎ᠠ ᠦᠭᠡᠢ ᠴᠠᠯᠢᠩ ᠬᠦᠯᠦᠰᠤ ᠤᠯᠭᠤᠨ᠎ᠠ;
(ᠭᠤᠷᠪᠠ) ᠬᠠᠤᠯᠢ᠎ᠪᠠᠷ ᠲᠤᠭᠲᠠᠭ᠋ᠠᠭᠰᠠᠨ ᠠᠮᠠᠷᠠᠯᠲᠠ ᠵᠢᠨ ᠡᠳᠦᠷ ᠬᠦᠳᠡᠯᠮᠦᠷᠢᠴᠢᠳᠢ ᠠᠵᠢᠯᠯᠠᠬᠤ᠎ᠪᠠᠷ ᠲᠤᠬᠢᠷᠠᠭᠤᠯᠤᠭᠰᠠᠨ ᠪᠠᠢ᠌ᠪᠠᠯ ᠴᠠᠯᠢᠩ᠎ᠤᠨ ᠬᠢᠨᠢ ᠵᠠᠭᠤᠨ᠎ᠤ ᠭᠤᠷᠪᠠᠨ ᠵᠠᠭᠤᠨ ᠬᠤᠪᠢ᠎ᠠᠴᠠ ᠲᠤᠤᠷ᠎ᠠ ᠦᠭᠡᠢ ᠴᠠᠯᠢᠩ ᠬᠦᠯᠦᠰᠤ ᠤᠯᠭᠤᠨ᠎ᠠ᠃
ᠲᠦᠴᠢᠨ ᠲᠠᠪᠤᠳᠤᠭ᠋ᠠᠷ ᠵᠦᠢ᠍ᠯ ᠤᠯᠤᠰ᠎ᠠᠴᠠ ᠴᠠᠯᠢᠩ᠎ᠲᠠᠢ᠎ᠪᠠᠷ ᠵᠢᠯ᠎ᠤᠨ ᠠᠮᠠᠷᠠᠯᠲᠠ ᠵᠢᠨ ᠴᠢᠯᠦᠭᠡ ᠠᠪᠬᠤ ᠲᠦᠷᠢᠮ᠎ᠢ ᠬᠡᠷᠡᠭᠵᠢᠭᠦᠯᠦᠨ᠎ᠡ᠃
ᠬᠦᠳᠡᠯᠮᠦᠷᠢᠴᠢᠨ ᠵᠠᠯᠭ᠋ᠠᠭ᠋ᠠᠪᠠᠷ ᠨᠢᠭᠡ ᠵᠢᠯ᠎ᠠᠴᠠ ᠲᠡᠭᠡᠭᠰᠢ ᠠᠵᠢᠯᠯᠠᠭᠰᠠᠨ ᠪᠠᠢ᠌ᠪᠠᠯ ᠴᠠᠯᠢᠩ᠎ᠲᠠᠢ᠎ᠪᠠᠷ ᠵᠢᠯ᠎ᠤᠨ ᠠᠮᠠᠷᠠᠯᠲᠠ ᠵᠢᠨ ᠴᠢᠯᠦᠭᠡ ᠠᠪᠴᠤ ᠪᠤᠯᠤᠨ᠎ᠠ᠃ ᠪᠤᠲᠠᠲᠠᠢ ᠲᠦᠷᠢᠮ᠎ᠢ ᠲᠦᠷᠦ ᠵᠢᠨ ᠶᠠᠪᠤᠳᠠᠯ᠎ᠤᠨ ᠬᠤᠷᠢᠶ᠎ᠠ᠎ᠠᠴᠠ ᠲᠤᠭᠲᠠᠭ᠋ᠠᠨ᠎ᠠ᠃
ᠲᠠ᠊ ᠪᠤᠳᠤᠭ᠋ᠠᠷ ᠪᠦᠯᠦᠭ ᠴᠠᠯᠢᠩ
ᠲᠦᠴᠢᠨ ᠵᠢᠷᠭᠤᠳᠤᠭ᠋ᠠᠷ ᠵᠦᠢ᠍ᠯ ᠴᠠᠯᠢᠩ᠎ᠤᠨ ᠬᠤᠪᠢᠶᠠᠷᠢᠯᠠᠯᠲᠠ᠎ᠳᠤ ᠬᠦᠳᠡᠯᠮᠦᠷᠢᠯᠡᠭᠰᠡᠨᠤ ᠬᠢᠷᠢ᠎ᠪᠠᠷ ᠬᠤᠪᠢᠶᠠᠷᠢᠯᠠᠬᠤ ᠵᠠᠷᠴᠢᠮ᠎ᠢ ᠵᠢᠷᠤᠮᠯᠠᠨ ᠠᠳᠠᠯᠢ ᠠᠵᠢᠯ᠎ᠳᠤ ᠠᠳᠠᠯᠢ ᠬᠦᠯᠦᠰᠤ ᠤᠯᠭᠤᠮᠵᠢ ᠤᠯᠭᠤᠬᠤ ᠬᠡᠷᠡᠭᠲᠠᠢ᠃
ᠴᠠᠯᠢᠩ᠎ᠤᠨ ᠬᠢᠷᠢ ᠬᠡᠮᠵᠢᠶ᠎ᠡ ᠵᠢ ᠠᠵᠤ ᠠᠬᠤᠢ ᠵᠢᠨ ᠬᠦᠭᠵᠢᠯᠲᠡ ᠵᠢᠨ ᠰᠠᠭᠤᠷᠢᠨ ᠲᠡᠭᠡᠷ᠎ᠡ ᠠᠯᠬᠤᠮ ᠠᠯᠬᠤᠮ ᠵᠶ᠋ᠡᠷ ᠲᠡᠭᠡᠭᠰᠢᠯᠡᠭᠦᠯᠦᠨ᠎ᠡ᠃ ᠣᠯᠣᠰ᠎ᠠᠴᠠ ᠴᠠᠯᠢᠩ᠎ᠤᠨ ᠶᠡᠷᠤᠩᠬᠡᠢ ᠬᠡᠮᠵᠢᠶ᠎ᠡ᠎ᠳᠤ ᠬᠤᠷᠸ᠎ᠠ ᠲᠤᠬᠢᠷᠠᠭᠤᠯᠤᠯ ᠡᠵᠡᠮᠳᠡᠯ ᠶᠠᠪᠤᠭᠤᠯᠤᠨ᠎ᠠ᠃
ᠲᠦᠴᠢᠨ ᠲᠤᠯᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠰ ᠨᠢᠭᠡᠴᠢ ᠵᠢᠨ ᠵᠶ᠋ᠠᠨ ᠦᠢ᠍ᠯᠡᠳᠪᠦᠷᠢᠯᠡᠯ ᠡᠵᠡᠩᠨᠡᠯᠲᠡ ᠵᠢᠨ ᠤᠨᠴᠠᠯᠢᠭ ᠪᠠ ᠠᠵᠤ ᠠᠬᠤᠢ ᠵᠢᠨ ᠦᠷ᠎ᠡ ᠠᠰᠢᠭ᠎ᠢ ᠦᠨᠳᠤᠰᠦᠯᠡᠨ ᠲᠤᠰ ᠨᠢᠭᠡᠴᠢ ᠵᠢᠨ ᠵᠶ᠋ᠠᠨ ᠴᠠᠯᠢᠩ᠎ᠤᠨ ᠬᠤᠪᠢᠶᠠᠷᠢᠯᠠᠯᠲᠠ ᠵᠢᠨ ᠬᠡᠯᠪᠡᠷᠢ ᠪᠠ ᠴᠠᠯᠢᠩ᠎ᠤᠨ ᠬᠢᠷᠢ ᠬᠡᠮᠵᠢᠶ᠎ᠡ ᠵᠢ ᠬᠠᠤᠯᠢ ᠶᠤᠰᠤᠭ᠋ᠠᠷ ᠪᠡᠶ᠎ᠡ᠎ᠪᠠᠨ ᠲᠠᠭ᠋ᠠᠭ᠋ᠠᠵᠤ ᠲᠤᠭᠲᠠᠭ᠋ᠠᠨ᠎ᠠ᠃
ᠲᠦᠴᠢᠨ ᠨᠠᠢ᠍ᠮᠠᠳᠣᠭ᠋ᠠᠷ ᠵᠦᠢ᠍ᠯ ᠤᠯᠤᠰ᠎ᠠᠴᠠ ᠬᠠᠮᠤᠭ ᠲᠣᠣᠷ᠎ᠠ ᠴᠠᠯᠢᠩ᠎ᠤᠨ ᠪᠠᠲᠤᠯᠭ᠎ᠠ ᠵᠢᠨ ᠲᠦᠷᠢᠮ᠎ᠢ ᠬᠡᠷᠡᠭᠵᠢᠭᠦᠯᠦᠨ᠎ᠡ᠃ ᠬᠠᠮᠤᠭ ᠲᠤᠤᠷ᠎ᠠ ᠴᠠᠯᠢᠩ᠎ᠤᠨ ᠪᠣᠲᠠᠲᠠᠢ ᠪᠠᠷᠢᠮᠵᠢᠶ᠎ᠠ ᠵᠢ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠲᠠ ᠵᠢᠨ ᠠᠷᠠᠳ᠎ᠤᠨ ᠵᠠᠰᠠᠭ᠎ᠤᠨ ᠤᠷᠲᠤᠨ ᠲᠤᠭᠲᠠᠭ᠋ᠠᠵᠤ ᠲᠦᠷᠦ ᠵᠢᠨ ᠶᠠᠪᠤᠳᠠᠯ᠎ᠤᠨ ᠬᠤᠷᠢᠶ᠎ᠠ᠎ᠳᠤ ᠮᠡᠳᠡᠭᠦᠯᠦᠨ ᠲᠠᠩᠰᠠᠯᠠᠭᠤᠯᠬᠤ ᠬᠡᠷᠡᠭᠲᠠᠢ᠃
ᠬᠦᠮᠦᠨ ᠬᠡᠷᠡᠭᠯᠡᠬᠦ ᠨᠢᠭᠡᠴᠢ᠎ᠠᠴᠠ ᠬᠦᠳᠡᠯᠮᠦᠷᠢᠴᠢᠳ᠎ᠲᠤ ᠤᠯᠭᠤᠬᠤ ᠴᠠᠯᠢᠩ᠎ᠨᠢ ᠲᠤᠬᠠᠢ ᠵᠢᠨ ᠭᠠᠵᠠᠷ᠎ᠤᠨ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠠᠴᠠ ᠲᠤᠤᠷ᠎ᠠ ᠪᠠᠢ᠌ᠵᠤ ᠪᠤᠯᠬᠤ ᠦᠭᠡᠢ᠃
ᠲᠦᠴᠢ ᠶᠢᠰᠤᠳᠦᠭᠡᠷ ᠵᠦᠢ᠍ᠯ ᠬᠠᠮᠤᠭ ᠲᠤᠤᠷ᠎ᠠ ᠴᠠᠯᠢᠩ᠎ᠤᠨ ᠪᠠᠷᠢᠮᠵᠢᠶ᠎ᠠ ᠵᠢ ᠲᠤᠭᠲᠠᠭ᠋ᠠᠬᠤ ᠪᠠ ᠲᠡᠭᠦᠨ᠎ᠳᠤ ᠲᠤᠬᠢᠷᠠᠭᠤᠯᠤᠯᠲᠠ ᠬᠢᠬᠦ᠎ᠳᠡᠭᠡᠨ ᠲᠤᠤᠷ᠎ᠠ ᠵᠢᠭᠰᠠᠭ᠋ᠠᠭᠰᠠᠨ ᠬᠦᠴᠦᠨ ᠵᠦᠢ᠍ᠯ ᠵᠶ᠋ᠠᠷ ᠶᠡᠷᠦᠩᠬᠡᠢ ᠯᠠᠪᠯᠠᠯᠲᠠ ᠪᠤᠯᠭ᠋ᠠᠬᠤ ᠬᠡᠷᠡᠭᠲᠠᠢ᠄
(ᠨᠢᠭᠡ) ᠬᠦᠳᠡᠯᠮᠦᠷᠢᠴᠢᠨ ᠲᠤᠰ ᠬᠦᠮᠦᠨ ᠵᠢᠴᠢ ᠲᠡᠭᠦᠨ᠎ᠤ ᠠᠰᠠᠷᠠᠨ ᠲᠡᠵᠢᠭᠡᠬᠦ ᠲᠤᠮᠳᠠᠴᠢ ᠬᠦᠮᠦᠨ ᠠᠮᠠ ᠵᠢᠨ ᠠᠮᠢᠳᠤᠷᠠᠯ᠎ᠤᠨ ᠬᠠᠮᠤᠭ᠎ᠤᠨ ᠨᠠᠭ᠋ᠠᠲᠤ ᠵᠠᠬ᠎ᠠ ᠵᠢᠨ ᠵᠠᠷᠤᠳᠠᠯ;
(ᠬᠤᠶᠠᠷ) ᠨᠡᠢ᠌ᠭᠡᠮ᠎ᠤᠨ ᠳᠤᠮᠳᠠᠴᠢ ᠴᠠᠯᠢᠩ᠎ᠤᠨ ᠬᠢᠷᠢ ᠬᠡᠮᠵᠢᠶ᠎ᠡ;
(ᠭᠤᠷᠪᠠ) ᠬᠦᠳᠡᠯᠮᠦᠷᠢ ᠵᠢᠨ ᠦᠢ᠍ᠯᠡᠳᠪᠦᠷᠢᠯᠡᠬᠦ ᠪᠦᠲᠦᠭᠡᠯ;
(ᠲᠦᠷᠪᠡ) ᠠᠵᠢᠯ ᠤᠯᠭᠤᠭᠰᠠᠨ ᠪᠠᠢ᠌ᠳᠠᠯ;
(ᠲᠠᠪᠤ) ᠭᠠᠵᠠᠷ ᠤᠷᠤᠨ᠎ᠤ ᠬᠤᠭᠤᠷᠤᠨᠳᠤᠬᠢ ᠠᠵᠤ ᠠᠬᠤᠢ ᠵᠢᠨ ᠬᠦᠭᠵᠢᠯᠲᠡ ᠵᠢᠨ ᠬᠢᠷᠢ ᠬᠡᠮᠵᠢᠶᠡᠨ᠎ᠤ ᠵᠦᠷᠢᠶ᠎ᠡ᠃
ᠲᠠᠪᠢᠳᠤᠭ᠋ᠠᠷ ᠵᠦᠢ᠍ᠯ ᠴᠠᠯᠢᠩ᠎ᠢ ᠵᠤᠭᠤᠰ᠎ᠤᠨ ᠬᠡᠯᠪᠡᠷᠢ᠎ᠪᠠᠷ ᠬᠦᠳᠡᠯᠮᠦᠢ᠌ᠷᠴᠢᠨ ᠬᠤᠪᠢ ᠬᠦᠮᠦᠨ᠎ᠳᠤ ᠰᠠᠷ᠎ᠠ ᠲᠠᠷᠠᠭ᠋ᠠᠯᠠᠨ ᠤᠯᠭᠤᠬᠤ ᠬᠡᠷᠡᠭᠲᠠᠢ᠃ ᠬᠦᠳᠡᠯᠮᠦᠷᠢᠴᠢᠳ᠎ᠤᠨ ᠴᠠᠯᠢᠩ᠎ᠢ ᠬᠠᠰᠤᠬᠤ ᠪᠤᠶᠤ ᠤᠴᠢᠷ ᠰᠢᠯᠲᠠᠭ᠋ᠠᠨ ᠦᠭᠡᠢ᠎ᠪᠠᠷ ᠬᠠᠰᠤᠵᠤ ᠪᠤᠯᠬᠤ ᠦᠭᠡᠢ᠃
ᠲᠠᠪᠢᠨ ᠨᠢᠭᠡᠳᠦᠭᠡᠷ ᠵᠦᠢ᠍ᠯ ᠬᠦᠳᠡᠯᠮᠦᠷᠢᠴᠢᠳ᠎ᠤᠨ ᠬᠠᠤᠯᠢ᠎ᠪᠠᠷ ᠲᠤᠭᠲᠠᠭ᠋ᠠᠭᠰᠠᠨ ᠠᠮᠠᠷᠠᠯᠲᠠ ᠵᠢᠨ ᠡᠳᠦᠷ ᠪᠠ ᠤᠷᠤᠭ ᠬᠤᠷᠢᠮ᠂ ᠪᠤᠯᠪᠠᠰᠤᠷᠠᠯ᠎ᠤᠨ ᠴᠢᠯᠦᠭᠡᠨ᠎ᠤ ᠬᠤᠭᠤᠴᠠᠭ᠎ᠠ ᠵᠢᠴᠢ ᠬᠠᠤᠯᠢ ᠶᠤᠰᠤᠭ᠋ᠠᠷ ᠨᠡᠢ᠌ᠭᠡᠮ᠎ᠤᠨ ᠠᠵᠢᠯᠯᠠᠭ᠎ᠠ᠎ᠳᠤ ᠤᠷᠤᠯᠴᠠᠬᠤ ᠬᠤᠭᠤᠴᠠᠭ᠎ᠠ᠎ᠳᠠᠬᠢ ᠴᠠᠯᠢᠩ᠎ᠢ ᠬᠦᠮᠦᠨ ᠬᠡᠷᠡᠭᠯᠡᠬᠦ ᠨᠢᠭᠡᠴᠢ ᠬᠠᠤᠯᠢ ᠶᠤᠰᠤᠭ᠋ᠠᠷ ᠤᠯᠭᠤᠬᠤ ᠬᠡᠷᠡᠭᠲᠠᠢ᠃
ᠵᠢᠷᠭᠤᠳᠤᠭ᠋ᠠᠷ ᠪᠦᠯᠦᠭ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ
ᠲᠠᠪᠢᠨ ᠬᠤᠶᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠡᠷᠬᠡᠪᠰᠢ ᠬᠦᠳᠡᠯᠮᠦᠷᠢ ᠵᠢᠨ ᠠᠶᠤᠯᠭᠦᠢ ᠪᠠ ᠡᠷᠡᠭᠦᠯ ᠬᠠᠮᠠᠭ᠋ᠠᠯᠠᠯ᠎ᠤᠨ ᠲᠦᠷᠢᠮ᠎ᠢ ᠪᠠᠢ᠌ᠭᠤᠯᠤᠨ ᠲᠡᠭᠦᠯᠳᠡᠷᠵᠢᠬᠦᠯᠵᠤ᠂ ᠣᠯᠣᠰ᠎ᠤᠨ ᠬᠦᠳᠡᠯᠮᠦᠷᠢ ᠵᠢᠨ ᠠᠶᠤᠯᠬᠦᠢ ᠪᠠᠢ᠌ᠬᠤ ᠪᠠ ᠡᠷᠡᠭᠦᠯ ᠬᠠᠮᠠᠭ᠋ᠠᠯᠠᠯ᠎ᠤᠨ ᠵᠢᠷᠤᠮ᠂ ᠪᠠᠷᠢᠮᠵᠢᠶ᠎ᠠ ᠵᠢ ᠴᠢᠩᠭ᠎ᠠ ᠬᠡᠷᠡᠭᠵᠢᠭᠦᠯᠦᠨ᠂ ᠬᠦᠳᠡᠯᠮᠮᠦᠷᠢᠴᠢᠳᠲᠤ ᠬᠦᠳᠡᠯᠮᠦᠷᠢ ᠵᠢᠨ ᠠᠶᠤᠯᠬᠦᠢ ᠪᠠᠢ᠌ᠬᠤ ᠪᠠ ᠡᠷᠡᠭᠦᠯ ᠬᠠᠮᠠᠭ᠋ᠠᠯᠠᠯ᠎ᠤᠨ ᠲᠤᠬᠠᠢ ᠬᠦᠮᠦᠵᠢᠯ ᠬᠢᠵᠤ᠂ ᠬᠦᠳᠡᠯᠮᠦᠷᠢ ᠵᠢᠨ ᠶᠠᠪᠤᠳᠠᠯ᠎ᠳᠠᠬᠢ ᠭᠡᠨᠡᠳᠡᠯ ᠬᠡᠷᠡᠭ᠎ᠢ ᠰᠡᠷᠭᠡᠢ᠌ᠯᠡᠨ ᠠᠵᠢᠯ᠎ᠤᠨ ᠴᠢᠨᠠᠷᠲᠠᠢ ᠬᠤᠤᠷ ᠤᠷᠰᠢᠭ᠎ᠢ ᠪᠠᠭ᠋ᠠᠰᠬᠠᠬᠤ ᠬᠡᠷᠡᠭᠲᠠᠢ᠃
ᠲᠠᠪᠢᠨ ᠭᠤᠷᠪᠠᠳᠤᠭ᠋ᠠᠷ ᠵᠦᠢ᠍ᠯ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ᠎ᠤᠨ ᠲᠦᠭᠦᠭᠡᠷᠤᠮᠵᠢ ᠡᠷᠬᠡᠪᠰᠢ ᠤᠯᠤᠰ᠎ᠤᠨ ᠲᠤᠭᠲᠠᠭ᠋ᠠᠭᠰᠠᠨ ᠪᠠᠷᠢᠮᠵᠢᠶ᠎ᠠ᠎ᠳᠤ ᠨᠡᠢ᠌ᠴᠡᠭᠰᠡᠨ ᠪᠠᠢ᠌ᠬᠤ ᠬᠡᠷᠡᠭᠲᠠᠢ᠃
ᠡᠬᠢᠯᠡᠵᠤ ᠪᠠᠷᠢᠬᠤ᠂ ᠵᠠᠰᠠᠵᠤ ᠪᠠᠷᠢᠬᠤ᠂ ᠦᠷᠭᠡᠳᠭᠡᠵᠤ ᠪᠠᠷᠢᠬᠤ ᠪᠠᠷᠢᠯᠭ᠎ᠠ ᠵᠢᠨ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ᠎ᠤᠨ ᠲᠦᠭᠦᠭᠡᠷᠦᠮᠵᠢ ᠵᠢ ᠡᠷᠬᠡᠪᠰᠢ ᠭᠤᠤᠯ ᠪᠠᠷᠢᠯᠭ᠎ᠠ᠎ᠲᠠᠢ ᠬᠠᠮᠲᠤᠳᠤᠨᠢ ᠵᠢᠷᠤᠵᠤ ᠲᠦᠯᠦᠪᠯᠡᠨ ᠬᠠᠮᠲᠤᠳᠤᠨᠢ ᠪᠠᠢ᠌ᠭᠤᠯᠵᠤ ᠬᠠᠮᠲᠤᠳᠤᠨᠢ ᠠᠰᠢᠭᠯᠠᠯᠲᠠ᠎ᠳᠤ ᠤᠷᠤᠭᠤᠯᠵᠤ ᠬᠡᠷᠡᠭᠯᠡᠬᠦ ᠬᠡᠷᠡᠭᠲᠠᠢ᠃
ᠲᠠᠪᠢᠨ ᠲᠦᠷᠪᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠡᠷᠭᠡᠪᠰᠢ ᠬᠦᠳᠡᠯᠮᠦᠷᠢᠴᠢᠳ᠎ᠲᠤ ᠤᠯᠤᠰ᠎ᠤᠨ ᠲᠤᠭᠲᠠᠭ᠋ᠠᠯ᠎ᠳᠤ ᠨᠡᠢ᠌ᠴᠡᠭᠰᠡᠨ ᠬᠦᠳᠡᠯᠮᠦᠷᠢ ᠵᠢᠨ ᠠᠶᠤᠯᠭᠦᠢ ᠪᠠᠢ᠌ᠬᠤ ᠪᠠ ᠡᠷᠡᠭᠦᠯ ᠬᠠᠮᠠᠭ᠋ᠠᠯᠠᠯ᠎ᠤᠨ ᠨᠦᠬᠦᠴᠡᠯ᠂ ᠴᠢᠬᠤᠯᠠ ᠪᠦᠬᠦᠢ ᠬᠦᠳᠡᠯᠮᠦᠷᠢ ᠵᠢᠨ ᠬᠠᠮᠠᠭ᠋ᠠᠯᠠᠯᠲᠠ ᠵᠢᠨ ᠬᠡᠷᠡᠭᠰᠡᠯ᠎ᠢ ᠬᠠᠩᠭ᠋ᠠᠵᠤ᠂ ᠠᠵᠢᠯ᠎ᠤᠨ ᠴᠢᠨᠠᠷᠲᠠᠢ ᠬᠤᠤᠷ ᠤᠷᠰᠢᠭ᠎ᠲᠠᠢ ᠠᠵᠢᠯ ᠬᠢᠳᠡᠭ ᠬᠦᠳᠡᠯᠮᠦᠷᠢᠴᠢᠳ᠎ᠲᠤ ᠲᠤᠭᠲᠠᠮᠠᠯ ᠬᠤᠭᠤᠴᠠᠭ᠎ᠠ᠎ᠲᠠᠢ᠎ᠪᠠᠷ ᠡᠷᠡᠭᠦᠯ ᠮᠡᠨᠳᠤ ᠵᠢᠨ ᠪᠠᠢ᠌ᠴᠠᠭ᠋ᠠᠯᠲᠠ ᠬᠢᠬᠦ ᠬᠡᠷᠡᠭᠲᠠᠢ᠃
ᠲᠠᠪᠢᠨ ᠲᠠᠪᠤᠳᠤᠭ᠋ᠠᠷ ᠵᠦᠢ᠍ᠯ ᠤᠨᠴᠠᠭ᠋ᠠᠢ ᠲᠦᠷᠦᠯ᠎ᠤᠨ ᠠᠵᠢᠯ ᠬᠢᠬᠦ ᠬᠦᠳᠡᠯᠮᠦᠷᠢᠴᠢᠳ ᠡᠷᠬᠡᠪᠰᠢ ᠲᠤᠰᠬᠠᠢ ᠪᠤᠯᠪᠠᠰᠤᠷᠠᠯ ᠬᠦᠷᠲᠡᠬᠦ ᠵᠢᠨ ᠬᠠᠮᠲᠤ ᠤᠨᠴᠠᠭ᠋ᠠᠢ ᠲᠦᠷᠦᠯ᠎ᠤᠨ ᠠᠵᠢᠯ ᠬᠢᠬᠦ ᠬᠢᠷᠢ ᠬᠡᠮ ᠤᠯᠤᠭᠰᠠᠨ ᠪᠠᠢ᠌ᠬᠤ ᠬᠡᠷᠡᠭᠲᠠᠢ᠃
ᠲᠠᠪᠢᠨ ᠵᠢᠷᠭᠤᠳᠤᠭ᠋ᠠᠷ ᠵᠦᠢ᠍ᠯ ᠬᠦᠳᠡᠯᠮᠦᠷᠢᠴᠢᠳ ᠬᠦᠳᠡᠯᠮᠦᠷᠢᠯᠡᠬᠦ ᠶᠠᠪᠤᠴᠠ᠎ᠳᠠᠭᠠᠨ ᠠᠶᠤᠯ ᠦᠭᠡᠢ᠎ᠪᠠᠷ ᠠᠵᠢᠯᠯᠠᠬᠤ ᠵᠢᠷᠤᠮ᠎ᠢ ᠡᠷᠬᠡᠪᠰᠢ ᠴᠢᠩᠭ᠎ᠠ ᠵᠢᠷᠤᠮᠯᠠᠬᠤ ᠬᠡᠷᠡᠭᠲᠠᠢ᠃
ᠬᠦᠮᠦᠨ ᠬᠡᠷᠡᠭᠯᠡᠬᠦ ᠨᠢᠭᠡᠴᠢ ᠵᠢᠨ ᠬᠠᠮᠢᠶᠠᠷᠤᠯᠲᠠ ᠵᠢᠨ ᠠᠵᠢᠯᠲᠠᠨ ᠲᠦᠷᠢᠮ ᠲᠤᠭᠲᠠᠭ᠋ᠠᠯ᠎ᠢ ᠵᠦᠷᠢᠴᠡᠨ ᠵᠢᠯᠤᠭᠤᠳᠴᠤ ᠠᠶᠤᠯ ᠲᠦᠭᠰᠢᠭᠦᠷᠢ᠎ᠲᠠᠢ ᠠᠵᠢᠯ᠎ᠢ ᠠᠯᠪᠠᠲᠠᠨ ᠬᠢᠯᠭᠡᠬᠦ ᠭᠡᠪᠡᠯ ᠬᠦᠳᠡᠯᠮᠦᠷᠢᠴᠢᠳ ᠬᠡᠷᠡᠭᠵᠢᠭᠦᠯᠬᠦ ᠦᠭᠡᠢ ᠪᠠᠢ᠌ᠬᠤ ᠡᠷᠬᠡ᠎ᠲᠠᠢ; ᠠᠮᠢ ᠨᠠᠰᠤᠨ᠎ᠤ ᠠᠮᠤᠷ ᠲᠦᠪᠰᠢᠨ ᠪᠠ ᠪᠡᠶ᠎ᠡ ᠮᠠᠬᠠᠪᠤᠳ᠎ᠤᠨ ᠡᠷᠡᠭᠦᠯ ᠮᠡᠨᠳᠤ᠎ᠳᠤ ᠬᠤᠤᠷ ᠬᠦᠨᠤᠭᠡᠯ᠎ᠲᠠᠢ ᠠᠵᠢᠯᠯᠠᠭ᠎ᠠ ᠵᠢ ᠰᠢᠭᠦᠮᠵᠢᠯᠡᠬᠦ᠂ ᠢᠯᠡᠴᠢᠯᠡᠬᠦ ᠪᠠ ᠵᠠᠭ᠋ᠠᠯᠳᠤᠬᠤ ᠡᠷᠬᠡ᠎ᠲᠠᠢ᠃
ᠲᠠᠪᠢᠨ ᠲᠤᠯᠤᠳᠤᠭ᠋ᠠᠷ ᠵᠦᠢ᠍ᠯ ᠤᠯᠤᠰ᠎ᠠᠴᠠ ᠦᠬᠦᠵᠤ ᠰᠢᠷᠬᠠᠲᠤᠭᠰᠠᠨ ᠭᠡᠨᠡᠳᠡᠯ ᠪᠠ ᠠᠵᠢᠯ᠎ᠤᠨ ᠴᠢᠨᠠᠷᠲᠠᠢ ᠡᠪᠡᠳᠴᠢᠨ᠎ᠢ ᠪᠦᠷᠢᠳᠭᠡᠨ ᠮᠡᠳᠡᠭᠦᠯᠬᠦ᠂ ᠰᠢᠢ᠍ᠳᠪᠦᠷᠢᠯᠡᠬᠦ ᠲᠦᠷᠢᠮ᠎ᠢ ᠲᠤᠭᠲᠠᠭ᠋ᠠᠨ᠎ᠠ᠃ ᠰᠢᠶᠠᠨ᠎ᠤ ᠱᠠᠲᠤᠨ᠎ᠠᠴᠠ ᠲᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠦᠳᠡᠯᠮᠦᠷᠢ ᠵᠢᠨ ᠵᠠᠰᠠᠭ᠎ᠤᠨ ᠣᠷᠳᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠪᠠ ᠬᠦᠮᠦᠨ ᠬᠡᠷᠡᠭᠯᠡᠬᠦ ᠨᠢᠭᠡᠴᠢ᠎ᠨᠢ ᠬᠦᠳᠡᠯᠮᠦᠷᠢᠴᠢᠳ᠎ᠤᠨ ᠬᠦᠳᠡᠯᠮᠦᠷᠢᠯᠡᠬᠦ ᠶᠠᠪᠤᠴᠠ᠎ᠳᠤ ᠭᠠᠷᠤᠭᠰᠠᠨ ᠦᠬᠦᠵᠤ ᠰᠢᠷᠬᠠᠲᠤᠭᠰᠠᠨ ᠭᠡᠨᠡᠳᠡᠯ ᠪᠠ ᠬᠦᠳᠡᠯᠮᠦᠷᠢᠴᠢᠳ᠎ᠤᠨ ᠠᠵᠢᠯ᠎ᠤᠨ ᠴᠢᠨᠠᠷᠲᠠᠢ ᠡᠪᠡᠳᠴᠢᠨ᠎ᠤ ᠪᠠᠢ᠌ᠳᠠᠯ᠎ᠢ ᠬᠠᠤᠯᠢ ᠶᠤᠰᠤᠭ᠋ᠠᠷ ᠪᠦᠷᠢᠳᠭᠡᠨ ᠮᠡᠳᠡᠭᠦᠯᠵᠤ ᠰᠢᠢ᠍ᠳᠪᠦᠷᠢᠯᠡᠬᠦ ᠬᠡᠷᠡᠭᠲᠠᠢ᠃
ᠲᠤᠯᠤᠳᠤᠭ᠋ᠠᠷ ᠪᠦᠯᠦᠭ ᠡᠮᠡᠭᠲᠠᠢ ᠠᠵᠢᠯᠲᠠᠨ ᠠᠵᠢᠯᠴᠢᠨ ᠪᠠ ᠨᠠᠰᠤᠨ᠎ᠳᠤ ᠬᠦᠷᠦᠭᠡᠳᠦᠢ ᠠᠵᠢᠯᠴᠢᠨ᠎ᠤ ᠤᠨᠴᠠᠭ᠋ᠠᠢ ᠬᠠᠮᠠᠭ᠋ᠠᠯᠠᠯᠲᠠ
ᠲᠠᠪᠢᠨ ᠨᠠᠢ᠍ᠮᠠᠳᠣᠭ᠋ᠠᠷ ᠵᠦᠢ᠍ᠯ ᠣᠯᠣᠰ᠎ᠠᠴᠠ ᠡᠮᠡᠭᠲᠠᠢ ᠠᠵᠢᠯᠲᠠᠨ ᠠᠵᠢᠯᠴᠢᠨ ᠪᠠ ᠨᠠᠰᠤᠨ᠎ᠳᠤ ᠬᠦᠷᠦᠭᠡᠳᠦᠢ ᠠᠵᠢᠯᠴᠢᠨ᠎ᠳᠤ ᠬᠦᠳᠡᠯᠮᠦᠷᠢ ᠵᠢᠨ ᠤᠨᠴᠠᠭ᠋ᠠᠢ ᠬᠠᠮᠠᠭ᠋ᠠᠯᠠᠯᠲᠠ ᠬᠡᠷᠡᠭᠵᠢᠬᠦᠯᠦᠨ᠎ᠡ᠃
ᠨᠠᠰᠤᠨ᠎ᠳᠤ ᠬᠦᠷᠦᠭᠡᠳᠦᠢ ᠠᠵᠢᠯᠴᠢᠨ ᠭᠡᠵᠤ ᠪᠦᠬᠦᠯᠢ ᠠᠷᠪᠠᠨ ᠵᠢᠷᠭᠤᠭ᠋ᠠᠨ ᠨᠠᠰᠣ ᠬᠦᠷᠴᠦ᠂ ᠪᠦᠬᠦᠯᠢ ᠠᠷᠪᠠᠨ ᠨᠠᠢ᠍ᠮᠠᠨ ᠨᠠᠰᠤ ᠬᠦᠷᠦᠭᠡᠳᠦᠢ ᠬᠦᠳᠡᠯᠮᠦᠷᠢᠴᠢ᠎ᠨᠢ ᠬᠡᠯᠡᠵᠤ ᠪᠠᠢ᠌ᠨ᠎ᠠ᠃
ᠲᠠᠪᠢ ᠶᠢᠰᠤᠳᠦᠭᠡᠷ ᠵᠦᠢ᠍ᠯ ᠡᠮᠡᠭᠲᠠᠢ ᠠᠵᠢᠯᠲᠠᠨ ᠠᠵᠢᠯᠴᠢᠨ᠎ᠢ ᠠᠭᠤᠷᠬᠠᠢ ᠵᠢᠨ ᠬᠤᠳᠳᠤᠭ ᠲᠤᠲᠤᠷ᠎ᠠ᠂ ᠤᠯᠤᠰ᠎ᠠᠴᠠ ᠲᠤᠭᠲᠠᠭ᠋ᠠᠭᠰᠠᠨ ᠪᠡᠶ᠎ᠡ ᠵᠢᠨ ᠬᠦᠳᠡᠯᠮᠦᠷᠢ ᠵᠢᠨ ᠲᠦᠷᠪᠡᠳᠦᠭᠡᠷ ᠲᠡᠰ᠎ᠤᠨ ᠡᠷᠴᠢᠮ᠎ᠤᠨ ᠬᠦᠳᠡᠯᠮᠦᠷᠢ ᠪᠠ ᠤᠨᠳᠤᠤ ᠴᠡᠭᠡᠷ᠎ᠲᠠᠢ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠬᠤ ᠵᠢ ᠴᠠᠭ᠋ᠠᠵᠠᠯᠠᠨ᠎ᠠ᠃
ᠵᠢᠷᠠᠳᠤᠭ᠋ᠠᠷ ᠵᠦᠢ᠍ᠯ ᠡᠮᠡᠭᠲᠠᠢ ᠠᠵᠢᠯᠲᠠᠨ ᠠᠵᠢᠯᠴᠢᠨ᠎ᠢ ᠰᠠᠷ᠎ᠠ ᠵᠢᠨ ᠭ᠋ᠬᠢᠷᠢᠤᠨ ᠬᠢᠨᠢ ᠬᠤᠭᠤᠴᠠᠭ᠋ᠠᠨ᠎ᠳᠤ ᠦᠨᠳᠦᠷ ᠭᠠᠵᠠᠷ᠂ ᠭᠦᠢ᠍ᠲᠡᠨ ᠭᠠᠵᠠᠷ᠂ ᠬᠦᠢ᠍ᠲᠡᠨ ᠤᠰᠤᠨ ᠲᠤᠲᠤᠷ᠎ᠠ ᠠᠵᠢᠯᠯᠠᠭᠤᠯᠬᠤ ᠪᠠ ᠤᠯᠤᠰ᠎ᠠᠴᠠ ᠲᠤᠭᠲᠠᠭ᠋ᠠᠭᠰᠠᠨ ᠪᠡᠶ᠎ᠡ ᠵᠢᠨ ᠬᠦᠳᠡᠯᠮᠦᠷᠢ ᠵᠢᠨ ᠭᠤᠷᠪᠠᠳᠤᠭ᠋ᠠᠷ ᠲᠡᠰ᠎ᠤᠨ ᠡᠷᠴᠢᠮ᠎ᠤᠨ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠵᠤ ᠪᠤᠯᠬᠤ ᠦᠭᠡᠢ᠃
ᠵᠢᠷᠠᠨ ᠨᠢᠭᠡᠳᠦᠭᠡᠷ ᠵᠦᠢ᠍ᠯ ᠡᠮᠡᠭᠲᠠᠢ ᠠᠵᠢᠯᠲᠠᠨ ᠠᠵᠢᠯᠴᠢᠨ᠎ᠢ ᠵᠢᠷᠮᠤᠰᠤᠨ ᠬᠤᠭᠤᠴᠠᠭ᠋ᠠᠨ᠎ᠳᠤ᠎ᠨᠢ ᠤᠯᠤᠰ᠎ᠠᠴᠠ ᠲᠤᠭᠲᠠᠭ᠋ᠠᠭᠰᠠᠨ ᠪᠡᠶ᠎ᠡ ᠵᠢᠨ ᠬᠦᠳᠡᠯᠮᠦᠷᠢ ᠵᠢᠨ ᠭᠤᠷᠪᠠᠳᠤᠭ᠋ᠠᠷ ᠲᠡᠰ᠎ᠤᠨ ᠡᠷᠴᠢᠮ᠎ᠤᠨ ᠬᠦᠳᠡᠯᠮᠦᠷᠢ ᠪᠠ ᠵᠢᠷᠮᠤᠰᠤᠨ ᠬᠤᠭᠤᠴᠠᠭ᠋ᠠᠨ᠎ᠳᠠᠬᠢ ᠴᠡᠭᠡᠷ᠎ᠲᠠᠢ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠵᠤ ᠪᠤᠯᠬᠤ ᠦᠭᠡᠢ᠃ ᠵᠢᠷᠮᠦᠰᠦᠯᠡᠭᠡᠳ ᠲᠤᠯᠤᠭ᠋ᠠᠨ ᠰᠠᠷ᠎ᠠ ᠬᠡᠲᠤᠷᠡᠭᠰᠡᠨ ᠡᠮᠡᠭᠲᠠᠢ ᠠᠵᠢᠯᠴᠢᠨ᠎ᠤ ᠠᠵᠢᠯᠯᠠᠬᠤ ᠴᠠᠭ᠎ᠢ᠎ᠨᠢ ᠤᠷᠲᠤᠳᠬᠠᠬᠤ ᠪᠠ ᠲᠡᠲᠡ ᠨᠠᠷ᠎ᠢ ᠰᠦᠨᠢ ᠵᠢᠨ ᠡᠭᠡᠯᠵᠢᠨ᠎ᠤ ᠬᠦᠳᠡᠯᠮᠦᠷᠢ ᠬᠢᠯᠭᠡᠬᠦ᠎ᠳᠤ ᠲᠤᠬᠢᠷᠠᠭᠤᠯᠵᠤ ᠪᠤᠯᠬᠤ ᠦᠭᠡᠢ᠃
ᠵᠢᠷᠠᠨ ᠬᠤᠶᠠᠳᠤᠭ᠋ᠠᠷ ᠵᠦᠢ᠍ᠯ ᠡᠮᠡᠭᠲᠠᠢ ᠠᠵᠢᠯᠲᠠᠨ ᠠᠵᠢᠯᠴᠢᠨ ᠬᠦᠩᠭᠡᠵᠢᠭᠰᠡᠨᠤ ᠲᠠᠷᠠᠭ᠎ᠠ ᠶᠠᠷᠠᠨ ᠡᠳᠦᠷ᠎ᠠᠴᠠ ᠲᠤᠷᠤᠭᠰᠢ ᠦᠭᠡᠢ ᠬᠦᠩᠭᠡᠵᠢᠬᠦ ᠴᠢᠯᠦᠭᠡ ᠵᠢ ᠡᠳᠡᠯᠡᠨ᠎ᠡ᠃
ᠵᠢᠷᠠᠨ ᠭᠤᠷᠪᠠᠳᠤᠭ᠋ᠠᠷ ᠵᠦᠢ᠍ᠯ ᠡᠮᠡᠭᠲᠠᠢ ᠠᠵᠢᠯᠲᠠᠨ ᠠᠵᠢᠯᠴᠢᠨ᠎ᠢ ᠣᠢ ᠬᠦᠷᠦᠭᠡᠳᠦᠢ ᠨᠢᠯᠬ᠎ᠠ ᠬᠡᠤᠬᠡᠳ ᠵᠶ᠋ᠠᠨ ᠬᠦᠬᠦᠭᠦᠯᠵᠤ ᠪᠠᠢ᠌ᠭ᠎ᠠ ᠬᠤᠭᠤᠴᠠᠭ᠋ᠠᠨ᠎ᠳᠤ᠎ᠨᠢ ᠤᠯᠤᠰ᠎ᠠᠴᠠ ᠲᠤᠭᠲᠠᠭ᠋ᠠᠭᠰᠠᠨ ᠪᠡᠶ᠎ᠡ ᠵᠢᠨ ᠬᠦᠳᠡᠯᠮᠦᠷᠢ ᠵᠢᠨ ᠭᠤᠷᠪᠠᠳᠤᠭ᠋ᠠᠷ ᠲᠡᠰ᠎ᠤᠨ ᠡᠷᠴᠢᠮ᠎ᠤᠨ ᠬᠦᠳᠡᠯᠮᠦᠷᠢ ᠪᠠ ᠬᠦᠬᠦᠭᠦᠯᠵᠤ ᠪᠠᠢ᠌ᠭ᠎ᠠ ᠬᠤᠭᠤᠴᠠᠭ᠋ᠠᠨ᠎ᠳᠠᠬᠢ ᠴᠡᠭᠡᠷ᠎ᠲᠠᠢ ᠪᠤᠰᠤᠳ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠵᠤ ᠪᠤᠯᠬᠤ ᠦᠭᠡᠢ᠂ ᠲᠡᠭᠦᠨ᠎ᠤ ᠠᠵᠢᠯᠯᠠᠬᠤ ᠴᠠᠭ᠎ᠢ᠎ᠨᠢ ᠤᠷᠲᠤᠳᠬᠠᠬᠤ ᠪᠠ ᠰᠦᠨᠢ ᠵᠢᠨ ᠡᠭᠡᠯᠵᠢᠨ᠎ᠤ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠵᠤ ᠪᠤᠯᠬᠤ ᠦᠭᠡᠢ᠃
ᠵᠢᠷᠠᠨ ᠲᠦᠷᠪᠡᠳᠦᠭᠡᠷ ᠵᠦᠢ᠍ᠯ ᠨᠠᠰᠤᠨ᠎ᠳᠤ ᠬᠦᠷᠦᠭᠡᠳᠦᠢ ᠠᠵᠢᠯᠴᠢᠨ᠎ᠢ ᠠᠭᠤᠷᠬᠠᠢ ᠵᠢᠨ ᠬᠤᠳᠳᠤᠭ ᠲᠤᠲᠤᠷ᠎ᠠ ᠠᠵᠢᠯᠯᠠᠭᠤᠯᠬᠤ᠂ ᠬᠤᠤᠷ ᠬᠦᠨᠦᠭᠡᠯ᠎ᠲᠠᠢ ᠠᠵᠢᠯ ᠬᠢᠯᠭᠡᠬᠦ᠂ ᠤᠯᠤᠰ᠎ᠠᠴᠠ ᠲᠤᠭᠲᠠᠭ᠋ᠠᠭᠰᠠᠨ ᠪᠡᠶ᠎ᠡ ᠵᠢᠨ ᠬᠦᠳᠡᠯᠮᠦᠷᠢ ᠵᠢᠨ ᠲᠦᠷᠪᠡᠳᠦᠭᠡᠷ ᠲᠡᠰ᠎ᠤᠨ ᠡᠷᠴᠢᠮ᠎ᠤᠨ ᠬᠦᠳᠡᠯᠮᠦᠷᠢ ᠪᠠ ᠪᠤᠰᠤᠳ ᠴᠡᠭᠡᠷ᠎ᠲᠠᠢ ᠬᠦᠳᠡᠯᠮᠦᠷᠢ ᠬᠢᠯᠭᠡᠬᠦ᠎ᠪᠠᠷ ᠲᠤᠬᠢᠷᠠᠭᠤᠯᠵᠤ ᠪᠤᠯᠬᠤ ᠦᠭᠡᠢ᠃
ᠵᠢᠷᠠᠨ ᠲᠠᠪᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠨᠠᠰᠤᠨ᠎ᠳᠤ ᠬᠦᠷᠦᠭᠡᠳᠦᠢ ᠠᠵᠢᠯᠲᠠᠨ ᠠᠵᠢᠯᠴᠢᠨ᠎ᠳᠤ ᠲᠤᠭᠲᠠᠮᠠᠯ ᠬᠤᠭᠤᠴᠠᠭ᠎ᠠ᠎ᠲᠠᠢ᠎ᠪᠠᠷ ᠡᠷᠡᠭᠦᠯ ᠮᠡᠨᠳᠤ ᠵᠢᠨ ᠪᠠᠢ᠌ᠴᠠᠭ᠋ᠠᠯᠲᠠ ᠬᠢᠬᠦ ᠬᠡᠷᠡᠭᠲᠠᠢ᠃
ᠨᠠᠢ᠍ᠮᠠᠳᠣᠭ᠋ᠠᠷ ᠪᠦᠯᠦᠭ ᠠᠵᠢᠯ ᠮᠡᠷᠭᠡᠵᠢᠯ᠎ᠤᠨ ᠪᠤᠯᠪᠠᠰᠤᠷᠠᠯ
ᠵᠢᠷᠠᠨ ᠵᠢᠷᠭᠤᠳᠤᠭ᠋ᠠᠷ ᠵᠦᠢ᠍ᠯ ᠤᠯᠤᠰ᠎ᠠᠴᠠ ᠡᠯ᠎ᠡ ᠵᠦᠢ᠍ᠯ᠎ᠤᠨ ᠠᠷᠭ᠎ᠠ ᠵᠠᠮ ᠵᠶ᠋ᠠᠷ ᠣᠯᠠᠨ ᠵᠦᠢ᠍ᠯ᠎ᠤᠨ ᠠᠷᠭ᠎ᠠ ᠬᠡᠮᠵᠢᠶ᠎ᠡ ᠠᠪᠴᠣ ᠠᠵᠢᠯ ᠮᠡᠷᠭᠡᠵᠢᠯ᠎ᠤᠨ ᠪᠤᠯᠪᠠᠰᠤᠷᠠᠯ᠎ᠤᠨ ᠦᠢ᠍ᠯᠡᠰ᠎ᠢ ᠬᠦᠭᠵᠢᠭᠦᠯᠵᠤ᠂ ᠬᠦᠳᠡᠯᠮᠦᠷᠢᠴᠢᠳ᠎ᠤᠨ ᠠᠵᠢᠯ ᠮᠡᠷᠭᠡᠵᠢᠯ᠎ᠤᠨ ᠮᠡᠷᠭᠡᠰᠢᠯ ᠴᠢᠳᠠᠪᠤᠷᠢ ᠵᠢ ᠨᠠᠬᠡᠬᠡᠨ ᠨᠡᠮᠡᠭᠳᠡᠭᠦᠯᠵᠤ᠂ ᠬᠦᠳᠡᠯᠮᠦᠷᠢᠴᠢᠳ᠎ᠤᠨ ᠬᠡᠪ ᠴᠢᠨᠠᠷ᠎ᠢ ᠲᠡᠭᠡᠭᠰᠢᠯᠡᠭᠦᠯᠵᠤ᠂ ᠬᠦᠳᠡᠯᠮᠦᠷᠢᠴᠢᠳ᠎ᠤᠨ ᠠᠵᠢᠯ ᠤᠯᠬᠤ ᠴᠢᠳᠠᠪᠤᠷᠢ ᠪᠠ ᠠᠵᠢᠯ᠎ᠤᠨ ᠴᠢᠳᠠᠪᠤᠷᠢ ᠵᠢ
ᠨᠡᠮᠡᠭᠳᠡᠭᠦᠯᠦᠨ᠎ᠡ᠃
ᠵᠢᠷᠠᠨ ᠲᠤᠯᠤᠳᠤᠭ᠋ᠠᠷ ᠵᠦᠢ᠍ᠯ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠤᠨ ᠠᠵᠢᠯ ᠮᠡᠷᠭᠡᠵᠢᠯ᠎ᠤᠨ ᠪᠤᠯᠪᠠᠰᠤᠷᠠᠯ᠎ᠢ ᠭᠦᠭᠵᠢᠭᠦᠯᠬᠦ ᠵᠢ ᠨᠡᠢ᠌ᠭᠡᠮ ᠠᠵᠤ ᠠᠬᠤᠢ ᠵᠢᠨ ᠬᠦᠭᠵᠢᠯᠲᠡ ᠵᠢᠨ ᠲᠦᠯᠦᠪᠵᠢᠬᠦᠯᠭᠡ᠎ᠳᠡᠭᠡᠨ ᠣᠷᠣᠭᠣᠯᠵᠣ᠂ ᠨᠦᠬᠦᠴᠡᠯ᠎ᠲᠠᠢ ᠠᠵᠤ ᠠᠬᠤᠢ᠌ᠯᠠᠯ᠂ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠲᠠ᠂ ᠨᠡᠢ᠌ᠭᠡᠮ᠎ᠤᠨ ᠪᠦᠯᠬᠦᠮ ᠪᠠ ᠬᠤᠪᠢ ᠬᠦᠮᠦᠨ᠎ᠤ ᠡᠯ᠎ᠡ ᠵᠦᠢ᠍ᠯ᠎ᠤᠨ ᠬᠡᠯᠪᠡᠷᠢ᠎ᠪᠠᠷ ᠠᠵᠢᠯ ᠮᠡᠷᠭᠡᠵᠢᠯ᠎ᠤᠨ ᠪᠤᠯᠪᠠᠰᠤᠷᠠᠯ ᠬᠢᠬᠦ ᠵᠢ ᠵᠤᠷᠢᠭᠵᠢᠭᠤᠯᠤᠨ ᠲᠡᠮᠵᠢᠬᠦ ᠬᠡᠷᠡᠭᠲᠠᠢ᠃
ᠵᠢᠷᠠᠨ ᠨᠠᠢ᠍ᠮᠠᠳᠣᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠠᠵᠢᠯ ᠮᠡᠷᠭᠡᠵᠢᠯ᠎ᠤᠨ ᠪᠤᠯᠪᠠᠰᠤᠷᠠᠯ᠎ᠤᠨ ᠲᠦᠷᠢᠮ᠎ᠢ ᠪᠠᠢ᠌ᠭᠤᠯᠵᠤ᠂ ᠤᠯᠤᠰ᠎ᠤᠨ ᠲᠤᠭᠲᠠᠭ᠋ᠠᠯ ᠶᠤᠰᠤᠭ᠋ᠠᠷ ᠠᠵᠢᠯ ᠮᠡᠷᠭᠡᠵᠢᠯ᠎ᠤᠨ ᠪᠤᠯᠪᠠᠰᠤᠷᠠᠯ᠎ᠤᠨ ᠵᠠᠷᠤᠳᠠᠯ᠎ᠢ ᠭᠠᠷᠭ᠋ᠠᠨ ᠠᠪᠬᠤ ᠪᠠ ᠬᠡᠷᠡᠭᠯᠡᠵᠤ᠂ ᠲᠤᠰ ᠨᠢᠭᠡᠴᠢ ᠵᠢᠨ ᠵᠶ᠋ᠠᠨ ᠪᠣᠲᠠᠳᠤ ᠪᠠᠢ᠌ᠳᠠᠯ᠎ᠢ ᠦᠨᠳᠦᠰᠦᠯᠡᠨ ᠬᠦᠳᠡᠯᠮᠦᠷᠢᠴᠢᠳᠢ ᠲᠦᠯᠦᠪᠯᠡᠭᠡ᠎ᠲᠠᠢ᠎ᠪᠠᠷ ᠠᠵᠢᠯ ᠮᠡᠷᠭᠡᠵᠢᠯ᠎ᠤᠨ ᠪᠤᠯᠪᠠᠰᠤᠷᠠᠯ ᠬᠢᠯᠭᠡᠬᠦ ᠬᠡᠷᠡᠭᠲᠠᠢ᠃ ᠮᠡᠷᠭᠡᠵᠢᠯ᠎ᠤᠨ ᠲᠦᠷᠦᠯ᠎ᠤᠨ ᠠᠵᠢᠯ ᠬᠢᠬᠦ ᠬᠦᠳᠡᠯᠮᠦᠷᠢᠴᠢᠳ ᠠᠵᠢᠯ᠎ᠤᠨ ᠪᠠᠢ᠌ᠷᠢ᠎ᠳᠤ ᠭᠠᠷᠬᠤ᠎ᠠᠴᠠ᠎ᠪᠠᠨ ᠡᠮᠦᠨ᠎ᠡ ᠡᠷᠬᠡᠪᠰᠢ ᠪᠤᠯᠪᠠᠰᠤᠷᠠᠯ ᠬᠦᠷᠲᠡᠭᠦ ᠬᠡᠷᠡᠭᠲᠠᠢ᠃
ᠵᠢᠷᠠ ᠶᠢᠰᠤᠳᠦᠭᠡᠷ ᠵᠦᠢ᠍ᠯ ᠣᠯᠣᠰ᠎ᠠᠴᠠ ᠠᠵᠢᠯ ᠮᠡᠷᠭᠡᠵᠢᠯ᠎ᠤᠨ ᠲᠦᠷᠦᠯ ᠬᠤᠪᠢᠶᠠᠷᠢ ᠵᠢ ᠲᠤᠭᠲᠠᠭ᠋ᠠᠵᠤ᠂ ᠲᠤᠭᠲᠠᠭ᠋ᠠᠭᠰᠠᠨ ᠠᠵᠢᠯ ᠮᠡᠷᠭᠡᠵᠢᠯ᠎ᠤᠨ ᠮᠠᠷᠬᠡᠰᠢᠯ ᠴᠢᠳᠠᠪᠤᠷᠢ ᠵᠢᠨ ᠪᠠᠷᠢᠮᠵᠢᠶ᠎ᠠ ᠲᠤᠭᠲᠠᠭ᠋ᠠᠵᠤ᠂ ᠠᠵᠢᠯ ᠮᠡᠷᠭᠡᠵᠢᠯ᠎ᠤᠨ ᠬᠢᠷᠢ ᠬᠡᠮ᠎ᠤᠨ ᠦᠨᠡᠮᠯᠡᠯ᠎ᠤᠨ ᠳᠦᠷᠢᠮ᠎ᠢ ᠬᠡᠷᠡᠭᠵᠢᠭᠦᠯᠦᠨ᠂ ᠵᠠᠰᠠᠭ᠎ᠤᠨ ᠤᠷᠲᠤᠨ ᠵᠶ᠋ᠠᠷ ᠵᠦᠪᠰᠢᠶᠡᠷᠡᠭᠦᠯᠦᠭᠰᠡᠨ ᠬᠢᠨᠠᠨ ᠲᠤᠭᠲᠠᠭ᠋ᠠᠬᠤ ᠪᠠᠢ᠌ᠭᠤᠯᠦᠮᠵᠢᠠᠴᠠ ᠬᠦᠳᠡᠯᠮᠦᠷᠢᠴᠢᠳ᠎ᠲᠤ ᠠᠵᠢᠯ ᠮᠡᠷᠭᠡᠵᠢᠯ᠎ᠤᠨ ᠮᠡᠷᠭᠡᠰᠢᠯ ᠴᠢᠳᠠᠪᠤᠷᠢ ᠵᠢᠨ ᠬᠢᠨᠠᠨ ᠲᠤᠭᠲᠠᠭ᠋ᠠᠯᠲᠠ ᠬᠢᠬᠦ ᠵᠢ ᠬᠠᠷᠢᠭᠤᠴᠠᠨ᠎ᠠ᠃
ᠶᠢᠰᠤᠳᠦᠭᠡᠷ ᠪᠦᠯᠦᠭ ᠨᠡᠢ᠌ᠭᠡᠮ᠎ᠤᠨ ᠲᠠᠭ᠋ᠠᠳᠬᠠᠯ ᠪᠠ ᠠᠰᠠᠷᠠᠮᠵᠢ
ᠲᠠᠯᠠᠳᠤᠭ᠋ᠠᠷ ᠵᠦᠢ᠍ᠯ ᠤᠯᠤᠰ᠎ᠠᠴᠠ ᠨᠡᠢ᠌ᠭᠡᠮ᠎ᠤᠨ ᠲᠠᠭ᠋ᠠᠳᠬᠠᠯ᠎ᠤᠨ ᠦᠢ᠍ᠯᠡᠰ᠎ᠢ ᠬᠦᠭᠵᠢᠭᠦᠯᠦᠨ᠂ ᠨᠡᠢ᠌ᠭᠡᠮ᠎ᠤᠨ ᠲᠠᠭ᠋ᠠᠳᠬᠠᠯ᠎ᠤᠨ ᠲᠦᠷᠢᠮ᠎ᠢ ᠪᠠᠢ᠌ᠭᠤᠯᠵᠤ᠂ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠭᠠᠷᠭ᠋ᠠᠵᠤ᠂ ᠬᠦᠳᠡᠯᠮᠦᠷᠢᠴᠢᠳ᠎ᠤᠨ ᠦᠲᠡᠯᠬᠦ᠂ ᠡᠪᠡᠳᠴᠢᠯᠡᠬᠦ᠂ ᠠᠵᠢᠯ᠎ᠤᠨ ᠬᠠᠷᠠᠭ᠎ᠠ᠎ᠪᠠᠷ ᠰᠢᠷᠬᠠᠲᠤᠬᠤ᠂ ᠠᠵᠢᠯ ᠠᠯᠳᠠᠬᠤ᠂ ᠬᠦᠩᠭᠡᠵᠢᠵᠤ ᠪᠤᠢ᠌ᠵᠢᠭᠤᠯᠬᠤ ᠵᠡᠷᠭᠡ ᠪᠠᠢ᠌ᠳᠠᠯ ᠲᠤᠤᠷ᠎ᠠ ᠬᠠᠪᠰᠤᠷᠤᠯᠭ᠎ᠠ ᠪᠠ ᠨᠦᠬᠦᠪᠦᠷᠢ ᠤᠯᠭᠤᠨ᠎ᠠ᠃
ᠲᠠᠯᠠᠨ ᠨᠢᠭᠡᠳᠦᠭᠡᠷ ᠵᠦᠢ᠍ᠯ ᠨᠡᠢ᠌ᠭᠡᠮ᠎ᠤᠨ ᠲᠠᠭ᠋ᠠᠳᠬᠠᠯ᠎ᠤᠨ ᠬᠢᠷᠢ ᠬᠡᠮᠵᠢᠶ᠎ᠡ᠎ᠨᠢ ᠨᠡᠢ᠌ᠭᠡᠮ᠎ᠤᠨ ᠠᠵᠤ ᠠᠬᠤᠢ ᠵᠢᠨ ᠬᠦᠭᠵᠢᠯᠲᠡ ᠵᠢᠨ ᠬᠢᠷᠢ ᠬᠡᠮᠵᠢᠶ᠎ᠡ ᠪᠠ ᠨᠡᠢ᠌ᠭᠡᠮ᠎ᠤᠨ ᠡᠭᠦᠷᠭᠡᠯᠡᠨ ᠲᠠᠭ᠋ᠠᠭ᠋ᠠᠬᠤ ᠴᠢᠳᠠᠪᠤᠷᠢ᠎ᠲᠠᠢ ᠵᠤᠬᠢᠴᠠᠯᠳᠤᠬᠤ ᠬᠡᠷᠡᠭᠲᠠᠢ᠃
ᠲᠠᠯᠠᠨ ᠬᠤᠶᠠᠳᠤᠭ᠋ᠠᠷ ᠵᠦᠢ᠍ᠯ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠵᠢ ᠪᠤᠯ ᠲᠠᠭ᠋ᠠᠳᠬᠠᠯ᠎ᠤᠨ ᠲᠦᠷᠦᠯ᠎ᠢ᠎ᠨᠢ ᠦᠨᠳᠤᠰᠦᠯᠡᠨ ᠪᠡᠯᠡ ᠮᠦᠩᠭᠦᠨ᠎ᠤ ᠢᠷᠡᠯᠲᠡ ᠵᠢ᠎ᠨᠢ ᠲᠤᠭᠲᠠᠭ᠋ᠠᠵᠤ᠂ ᠢᠳᠡᠭ ᠢᠳᠡᠭ ᠵᠶ᠋ᠠᠷ ᠨᠡᠢ᠌ᠭᠡᠮ ᠲᠡᠭᠡᠷ᠎ᠡ᠎ᠠᠴᠠ ᠨᠢᠭᠡᠳᠦᠯᠲᠠᠢ ᠴᠣᠭᠯᠠᠭᠤᠯᠬᠤ ᠪᠤᠯᠭ᠋ᠠᠨ᠎ᠠ᠃ ᠬᠦᠮᠦᠨ ᠬᠡᠷᠡᠭᠯᠡᠬᠦ ᠨᠢᠭᠡᠴᠢ ᠪᠠ ᠬᠦᠳᠡᠯᠮᠦᠷᠢᠴᠢᠳ ᠡᠷᠬᠡᠪᠰᠢ ᠬᠠᠤᠯᠢ ᠶᠤᠰᠤᠭ᠋ᠠᠷ ᠨᠡᠢ᠌ᠭᠡᠮ᠎ᠤᠨ ᠲᠠᠭ᠋ᠠᠳᠬᠠᠯ᠎ᠳᠤ ᠤᠷᠤᠯᠴᠠᠵᠤ ᠨᠡᠢ᠌ᠭᠡᠮ᠎ᠤᠨ ᠲᠠᠭ᠋ᠠᠳᠬᠠᠯ᠎ᠤᠨ ᠰᠦᠢ᠍ᠳᠭᠡᠯ ᠲᠤᠰᠢᠶᠠᠬᠤ ᠬᠡᠷᠡᠭᠲᠠᠢ᠃
ᠲᠠᠯᠠᠨ ᠭᠤᠷᠪᠠᠳᠤᠭ᠋ᠠᠷ ᠵᠦᠢ᠍ᠯ ᠬᠦᠳᠡᠯᠮᠦᠷᠢᠴᠢᠳ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠲᠤᠤᠷ᠎ᠠ ᠨᠡᠢ᠌ᠭᠡᠮ᠎ᠤᠨ ᠲᠠᠭ᠋ᠠᠳᠬᠠᠯ᠎ᠤᠨ ᠬᠠᠷᠠᠭ᠋ᠠᠯᠵᠠᠯ᠎ᠢ ᠬᠠᠤᠯᠢ ᠶᠤᠰᠤᠭ᠋ᠠᠷ ᠬᠦᠷᠲᠡᠨ᠎ᠡ᠄
(ᠨᠢᠭᠡ) ᠨᠠᠰᠤᠨ᠎ᠤ ᠠᠮᠠᠷᠠᠯᠲᠠ᠎ᠪᠠᠨ ᠠᠪᠤᠭᠰᠠᠨ;
(ᠬᠤᠶᠠᠷ) ᠡᠪᠡᠳᠴᠢᠯᠡᠭᠰᠡᠨ᠂ ᠰᠢᠷᠬᠠᠲᠤᠭᠰᠠᠨ;
(ᠭᠤᠷᠪᠠ) ᠠᠵᠢᠯ᠎ᠤᠨ ᠬᠠᠷᠠᠭ᠎ᠠ᠎ᠪᠠᠷ ᠰᠢᠷᠬᠠᠲᠤᠵᠤ ᠵᠡᠮᠳᠡᠭ ᠪᠤᠯᠤᠭᠰᠠᠨ ᠪᠤᠶᠤ ᠠᠵᠢᠯ᠎ᠤᠨ ᠴᠢᠨᠠᠷᠲᠠᠢ ᠡᠪᠡᠳᠴᠢᠨ ᠤᠯᠤᠭᠰᠠᠨ;
(ᠲᠦᠷᠪᠡ) ᠠᠵᠢᠯ ᠠᠯᠳᠠᠭᠰᠠᠨ;
(ᠲᠠᠪᠤ) ᠬᠦᠩᠭᠡᠵᠢᠭᠰᠡᠨ᠃
ᠬᠦᠳᠡᠯᠮᠦᠷᠢᠴᠢᠨ ᠨᠠᠰᠤ ᠪᠠᠷᠠᠭᠰᠠᠨ᠎ᠤ ᠲᠠᠷᠠᠭ᠎ᠠ ᠭᠡᠷ ᠪᠦᠯᠢ ᠵᠢᠨ᠎ᠬᠢᠨ ᠬᠠᠤᠯᠢ ᠶᠤᠰᠤᠭ᠋ᠠᠷ ᠭᠡᠷ ᠪᠦᠯᠢ ᠵᠢᠨ᠎ᠬᠢᠨ᠎ᠤ ᠤᠯᠭᠤᠮᠵᠢ ᠬᠦᠷᠲᠡᠨ᠎ᠡ᠃
ᠬᠦᠳᠡᠯᠮᠦᠷᠢᠴᠢᠳ᠎ᠤᠨ ᠨᠡᠢ᠌ᠭᠡᠮ᠎ᠤᠨ ᠲᠠᠭ᠋ᠠᠳᠬᠠᠯ᠎ᠤᠨ ᠬᠠᠷᠠᠭ᠋ᠠᠯᠵᠠᠯ ᠬᠦᠷᠲᠡᠬᠦ ᠨᠦᠬᠦᠴᠡᠯ ᠪᠠ ᠪᠠᠷᠢᠮᠵᠢᠶ᠎ᠠ ᠵᠢ ᠬᠠᠤᠯᠢ ᠴᠠᠭ᠋ᠠᠵᠠ᠂ ᠬᠠᠤᠯᠢ ᠲᠤᠭᠲᠠᠭ᠋ᠠᠯ ᠵᠶ᠋ᠠᠷ ᠲᠤᠭᠲᠠᠭ᠋ᠠᠨ᠎ᠠ᠃
ᠬᠦᠳᠡᠯᠮᠦᠷᠢᠴᠢᠳ᠎ᠤᠨ ᠡᠳ᠋ᠯᠡᠬᠦ ᠨᠡᠢ᠌ᠭᠡᠮ᠎ᠤᠨ ᠲᠠᠭ᠋ᠠᠳᠬᠠᠯ᠎ᠤᠨ ᠬᠠᠷᠠᠭ᠋ᠠᠯᠵᠠᠯ ᠬᠦᠷᠲᠡᠬᠦ ᠨᠦᠬᠦᠴᠡᠯ ᠪᠠ ᠪᠠᠷᠢᠮᠵᠢᠶ᠎ᠠ ᠵᠢ ᠬᠠᠤᠯᠢ ᠴᠠᠭ᠋ᠠᠵᠠ᠂ ᠬᠠᠤᠯᠢ ᠲᠤᠭᠲᠠᠭ᠋ᠠᠯ ᠵᠶ᠋ᠠᠷ ᠲᠤᠭᠲᠠᠭ᠋ᠠᠨ᠎ᠠ᠃
ᠬᠦᠳᠡᠯᠮᠦᠷᠢᠴᠢᠳ᠎ᠤᠨ ᠡᠳ᠋ᠯᠡᠬᠦ ᠨᠡᠢ᠌ᠭᠡᠮ᠎ᠤᠨ ᠲᠠᠭ᠋ᠠᠳᠬᠠᠯ᠎ᠤᠨ ᠮᠦᠩᠭᠦ ᠵᠢ ᠡᠷᠬᠡᠪᠰᠢ ᠴᠠᠭ ᠲᠤᠬᠠᠢᠳᠤᠨᠢ ᠲᠤᠭ᠎ᠠ ᠶᠤᠰᠤᠭ᠋ᠠᠷ᠎ᠨᠢ ᠤᠯᠭᠤᠬᠤ ᠬᠡᠷᠡᠭᠲᠠᠢ᠃
ᠲᠠᠯᠠᠨ ᠲᠦᠷᠪᠡᠳᠦᠭᠡᠷ ᠵᠦᠢ᠍ᠯ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠵᠢ ᠭᠠᠷᠲᠠᠨ ᠡᠷᠬᠢᠯᠡᠬᠦ ᠪᠠᠢ᠌ᠭᠤᠯᠤᠮᠵᠢ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠵᠢ ᠬᠠᠤᠯᠢ ᠵᠢᠨ ᠲᠤᠭᠲᠠᠭ᠋ᠠᠯ ᠶᠤᠰᠤᠭ᠋ᠠᠷ ᠬᠤᠷᠢᠶᠠᠨ ᠠᠪᠴᠣ ᠵᠠᠷᠤᠬᠤ᠂ ᠬᠠᠮᠢᠶᠠᠷᠬᠤ ᠪᠠ ᠬᠡᠷᠡᠭᠯᠡᠬᠦ ᠪᠦᠭᠡᠳ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠵᠢᠨ ᠦᠷᠲᠡᠭ᠎ᠢ ᠪᠠᠲᠤᠯᠠᠵᠤ ᠨᠡᠮᠡᠭᠳᠡᠭᠦᠯᠬᠦ ᠬᠠᠷᠢᠭᠤᠴᠠᠯᠭ᠎ᠠ᠎ᠲᠠᠢ᠃
ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦᠨ᠎ᠳᠤ ᠬᠢᠨᠠᠯᠲᠠ ᠲᠠᠯᠪᠢᠬᠤ ᠪᠠᠢ᠌ᠭᠤᠯᠤᠮᠵᠢ ᠬᠠᠤᠯᠢ ᠵᠢᠨ ᠲᠤᠭᠲᠠᠭ᠋ᠠᠯ ᠶᠤᠰᠤᠭ᠋ᠠᠷ ᠨᠡᠢ᠌ᠭᠡᠮ᠎ᠤᠨ ᠲᠠᠭ᠋ᠠᠳᠬᠠᠯ᠎ᠤᠨ ᠮᠦᠩᠭᠦ ᠵᠢ ᠬᠤᠷᠢᠶᠠᠨ ᠠᠪᠴᠤ ᠵᠠᠷᠤᠬᠤ᠂ ᠬᠠᠮᠢᠶᠠᠷᠴᠤ ᠬᠡᠷᠡᠭᠯᠡᠵᠤ ᠪᠠᠢ᠌ᠭ᠎ᠠ ᠪᠠᠢ᠌ᠳᠠᠯ᠎ᠳᠤ ᠬᠢᠨᠠᠯᠲᠠ ᠲᠠᠯᠪᠢᠨ᠎ᠠ᠃
ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠬᠦ ᠵᠢ ᠭᠠᠷᠲᠠᠨ ᠡᠷᠬᠢᠯᠡᠬᠦ ᠪᠠᠢ᠌ᠭᠤᠯᠤᠮᠵᠢ ᠪᠠ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦᠨ᠎ᠳᠤ ᠬᠢᠨᠠᠯᠲᠠ ᠲᠠᠯᠪᠢᠬᠤ ᠪᠠᠢ᠌ᠭᠤᠯᠤᠮᠵᠢ ᠵᠢ ᠪᠠᠢ᠌ᠭᠤᠯᠬᠤ ᠪᠠ ᠲᠡᠭᠦᠨ᠎ᠤ ᠡᠭᠦᠷᠭᠡ ᠲᠤᠰᠢᠶᠠᠯ᠎ᠢ ᠬᠠᠤᠯᠢ᠎ᠪᠠᠷ ᠲᠤᠭᠲᠠᠭ᠋ᠠᠨ᠎ᠠ᠃
ᠶᠠᠮᠠᠷᠪᠠ ᠵᠤᠬᠢᠶᠠᠨ ᠪᠠᠢ᠌ᠭᠤᠯᠤᠯᠲᠠ ᠪᠠ ᠬᠤᠪᠢ ᠬᠦᠮᠦᠨ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠬᠦ ᠵᠢ ᠨᠡᠭᠦᠯᠭᠡᠨ ᠬᠡᠷᠡᠭᠯᠡᠵᠤ ᠪᠤᠯᠬᠤ ᠦᠭᠡᠢ᠃
ᠲᠠᠯᠠᠨ ᠲᠠᠪᠤᠳᠤᠭ᠋ᠠᠷ ᠵᠦᠢ᠍ᠯ ᠬᠦᠮᠦᠨ ᠬᠡᠷᠡᠭᠡᠯᠡᠬᠦ ᠨᠢᠭᠡᠴᠢ ᠵᠢᠨ ᠲᠤᠰ ᠨᠢᠭᠡᠴᠢ ᠵᠢᠨ ᠵᠶ᠋ᠠᠨ ᠪᠤᠳᠠᠳᠤ ᠪᠠᠢ᠌ᠳᠠᠯ᠎ᠢ ᠦᠨᠳᠤᠰᠦᠯᠡᠨ ᠬᠦᠳᠡᠯᠮᠦᠷᠢᠴᠢᠳ᠎ᠲᠤ ᠨᠦᠬᠦᠪᠦᠷᠢ ᠲᠠᠭ᠋ᠠᠳᠬᠠᠯ ᠪᠠᠢ᠌ᠭᠤᠯᠵᠤ ᠦᠭᠬᠦ ᠵᠢ ᠤᠯᠤᠰ᠎ᠠᠴᠠ ᠵᠤᠷᠢᠭᠵᠢᠭᠤᠯᠤᠨ᠎ᠠ᠃
ᠬᠦᠳᠡᠯᠮᠦᠷᠢᠴᠢᠳ᠎ᠤᠨ ᠬᠤᠪᠢ᠎ᠪᠠᠷ ᠵᠶ᠋ᠠᠨ ᠬᠠᠳᠠᠭ᠋ᠠᠯᠠᠮᠵᠢ ᠵᠢᠨ ᠴᠢᠨᠠᠷᠲᠠᠢ ᠲᠠᠭ᠋ᠠᠳᠬᠠᠯ ᠬᠢᠬᠦ ᠵᠢ ᠤᠯᠤᠰ᠎ᠠᠴᠠ ᠰᠠᠨᠠᠭ᠋ᠠᠴᠢᠯᠠᠨ᠎ᠠ᠃
ᠲᠠᠯᠠᠨ ᠵᠢᠷᠭᠤᠳᠤᠭ᠋ᠠᠷ ᠵᠦᠢ᠍ᠯ ᠤᠯᠤᠰ᠎ᠠᠴᠠ ᠨᠡᠢ᠌ᠭᠡᠮ᠎ᠤᠨ ᠠᠰᠠᠷᠠᠮᠵᠢ ᠵᠢᠨ ᠦᠢ᠍ᠯᠡᠰ᠎ᠢ ᠬᠦᠭᠵᠢᠭᠦᠯᠵᠤ᠂ ᠤᠯᠠᠨ ᠨᠡᠢ᠌ᠲᠡ ᠵᠢᠨ ᠠᠰᠠᠷᠠᠮᠵᠢ ᠵᠢᠨ ᠲᠦᠬᠦᠭᠡᠷᠤᠮᠵᠢ ᠵᠢ ᠪᠠᠢ᠌ᠭᠤᠯᠵᠤ᠂ ᠬᠦᠳᠡᠯᠮᠦᠷᠢᠴᠢᠳ᠎ᠤᠨ ᠠᠮᠠᠷᠠᠬᠤ᠂ ᠠᠮᠠᠷᠠᠨ ᠰᠤᠪᠢᠯᠠᠬᠤ ᠪᠠ ᠡᠮᠨᠡᠭᠦᠯᠦᠨ ᠰᠤᠪᠢᠯᠠᠬᠤ᠎ᠳᠤ ᠨᠦᠬᠦᠴᠡᠯ ᠬᠠᠩᠭ᠋ᠠᠨ᠎ᠠ᠃
ᠬᠦᠮᠦᠨ ᠬᠡᠷᠡᠭᠯᠡᠬᠦ ᠨᠢᠭᠡᠴᠢ ᠨᠦᠬᠦᠴᠡᠯ ᠪᠦᠷᠢᠯᠳᠤᠭᠦᠯᠦᠨ ᠨᠡᠢ᠌ᠲᠡ ᠵᠢᠨ ᠠᠰᠠᠷᠠᠮᠵᠢ ᠵᠢ ᠰᠠᠢ᠌ᠵᠢᠷᠠᠭᠤᠯᠵᠤ᠂ ᠬᠦᠳᠡᠯᠮᠦᠷᠢᠴᠢᠳ᠎ᠤᠨ ᠠᠰᠠᠷᠠᠮᠵᠢ ᠬᠠᠷᠠᠭ᠋ᠠᠯᠵᠠᠯ᠎ᠢ ᠲᠡᠭᠡᠭᠰᠢᠯᠡᠭᠦᠯᠬᠦ ᠬᠡᠷᠡᠭᠲᠠᠢ᠃
ᠠᠷᠪᠠᠳᠤᠭ᠋ᠠᠷ ᠪᠦᠯᠦᠭ ᠬᠦᠳᠡᠯᠮᠦᠷᠢ ᠵᠢᠨ ᠮᠠᠷᠭᠤᠭ᠋ᠠᠨ
ᠲᠠᠯᠠᠨ ᠲᠤᠯᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠪᠤᠯᠤᠨ ᠬᠦᠳᠡᠯᠮᠦᠷᠢᠴᠢᠨ ᠬᠤᠭᠤᠷᠤᠨᠳᠤ᠎ᠪᠠᠨ ᠬᠦᠳᠡᠯᠮᠦᠷᠢ ᠵᠢᠨ ᠮᠠᠷᠭᠣᠭ᠋ᠠᠨ ᠭᠠᠷᠪᠠᠯ ᠲᠤᠬᠠᠢ ᠵᠢᠨ ᠬᠦᠮᠦᠨ ᠬᠠᠤᠯᠢ ᠶᠤᠰᠤᠭ᠋ᠠᠷ ᠡᠶᠡᠳᠡᠭᠦᠯᠬᠦ᠂ ᠬᠦᠨᠳᠡᠯᠡᠨ᠎ᠠᠴᠠ ᠲᠠᠰᠤᠯᠤᠭᠤᠯᠬᠤ ᠭᠤᠶᠤᠴᠢᠯᠠᠯ ᠭᠠᠷᠭ᠋ᠠᠬᠤ᠂ ᠵᠠᠭ᠋ᠠᠯᠳᠤᠯᠭ᠎ᠠ ᠭᠠᠷᠭ᠋ᠠᠬᠤ᠂ ᠵᠦᠪᠳᠡᠯᠴᠡᠨ ᠰᠢᠢ᠍ᠳᠪᠦᠷᠢᠯᠡᠵᠤ ᠴᠣ᠌
ᠪᠤᠯᠤᠨ᠎ᠠ᠃
ᠡᠶᠡᠳᠡᠭᠦᠯᠬᠦ ᠵᠠᠷᠴᠢᠮ᠎ᠢ ᠬᠦᠨᠳᠡᠯᠡᠨ᠎ᠠᠴᠠ ᠲᠠᠰᠤᠯᠬᠤ ᠪᠠ ᠵᠠᠷᠭᠣᠯᠳᠤᠬᠤ ᠵᠢᠷᠤᠮᠳᠤ ᠬᠡᠷᠡᠭᠯᠡᠨ᠎ᠡ᠃
ᠲᠠᠯᠠᠨ ᠨᠠᠢ᠍ᠮᠠᠳᠣᠭ᠋ᠠᠷ ᠵᠦᠢ᠍ᠯ ᠬᠦᠳᠡᠯᠮᠦᠷᠢ ᠵᠢᠨ ᠮᠠᠷᠭᠤᠭ᠋ᠠᠨ᠎ᠢ ᠰᠢᠢ᠍ᠳᠪᠦᠷᠢᠯᠡᠬᠦ᠎ᠳᠡᠭᠡᠨ ᠬᠠᠤᠯᠢ᠎ᠳᠤ ᠨᠡᠢ᠌ᠴᠡᠬᠦ᠂ ᠭᠤᠤᠯᠴᠢ ᠪᠠᠢ᠌ᠬᠤ᠂ ᠴᠠᠭ ᠲᠤᠬᠠᠢ᠎ᠲᠤᠨᠢ ᠰᠢᠢ᠍ᠳᠪᠦᠷᠢᠯᠡᠬᠦ ᠵᠠᠷᠴᠢᠮ᠎ᠢ ᠦᠨᠳᠤᠰᠤᠯᠡᠨ ᠬᠦᠳᠡᠯᠮᠦᠷᠢ ᠵᠢᠨ ᠮᠠᠷᠭᠤᠭ᠋ᠠᠨ᠎ᠤ ᠲᠤᠬᠠᠢ ᠵᠢᠨ ᠬᠦᠮᠦᠨ᠎ᠤ ᠬᠠᠤᠯᠢ ᠶᠤᠰᠤᠨ᠎ᠤ ᠡᠷᠬᠡ ᠠᠰᠢᠭ᠎ᠢ ᠬᠠᠤᠯᠢ ᠶᠤᠰᠤᠭ᠋ᠠᠷ ᠬᠠᠮᠠᠭ᠋ᠠᠯᠠᠬᠤ ᠬᠡᠷᠡᠭᠲᠠᠢ᠃
ᠲᠠᠯ᠎ᠠ ᠶᠢᠰᠦᠳᠦᠭᠡᠷ ᠵᠦᠢ᠍ᠯ ᠬᠦᠳᠡᠯᠮᠦᠷᠢ ᠵᠢᠨ ᠮᠠᠷᠭᠤᠭ᠋ᠠᠨ ᠭᠠᠷᠤᠭᠰᠠᠨ᠎ᠤ ᠲᠠᠷᠠᠭ᠎ᠠ᠂ ᠲᠤᠬᠠᠢ ᠵᠢᠨ ᠬᠦᠮᠦᠨ ᠲᠤᠰ ᠨᠢᠭᠡᠴᠢ ᠵᠢᠨ ᠵᠶ᠋ᠠᠨ ᠬᠦᠳᠡᠯᠮᠦᠷᠢ ᠵᠢᠨ ᠮᠠᠷᠭᠤᠭ᠋ᠠᠨ᠎ᠢ ᠡᠶᠡᠳᠡᠭᠦᠯᠬᠦ ᠺᠤᠮᠢᠰ᠎ᠲᠤ ᠡᠶᠡᠳᠡᠭᠦᠯᠬᠦ ᠭᠤᠶᠤᠴᠢᠯᠠᠯ ᠭᠠᠷᠭ᠋ᠠᠵᠤ ᠪᠤᠯᠤᠨ᠎ᠠ; ᠡᠶᠡᠳᠡᠭᠦᠯᠦᠨ ᠪᠦᠲᠦᠭᠰᠡᠨ ᠦᠭᠡᠢ ᠪᠠᠢ᠌ᠪᠠᠯ᠂ ᠨᠢᠭᠡ ᠲᠠᠯ᠎ᠠ ᠵᠢᠨ ᠲᠤᠬᠠᠢ ᠵᠢᠨ ᠬᠦᠮᠦᠨ᠎ᠨᠢ ᠬᠦᠨᠳᠡᠯᠡᠨ᠎ᠠᠴᠠ ᠲᠠᠰᠤᠯᠤᠭᠤᠯᠬᠤ᠎ᠪᠠᠷ ᠱᠠᠭ᠋ᠠᠷᠳᠠᠭᠰᠠᠨ ᠪᠤᠯ᠂ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠤᠯᠬᠤ ᠺᠤᠮᠢᠰ᠎ᠲᠤ ᠬᠦᠨᠳᠡᠯᠡᠨ᠎ᠠᠴᠠ ᠲᠠᠰᠤᠯᠤᠭᠤᠯᠬᠤ᠎ᠪᠠᠷ ᠭᠤᠶᠤᠴᠢᠯᠠᠯ ᠭᠠᠷᠭ᠋ᠠᠵᠤ ᠪᠤᠯᠤᠨ᠎ᠠ᠃ ᠨᠢᠭᠡ ᠲᠠᠯ᠎ᠠ ᠵᠢᠨ ᠲᠤᠬᠠᠢ ᠵᠢᠨ ᠬᠦᠮᠦᠨ᠎ᠨᠢ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠤᠯᠬᠤ ᠺᠤᠮᠢᠰ᠎ᠲᠤ ᠰᠢᠭᠤᠳ ᠬᠦᠨᠳᠡᠯᠡᠨ᠎ᠠᠴᠠ ᠲᠠᠰᠣᠯᠣᠭᠤᠯᠬᠤᠳᠤ ᠭᠤᠶᠤᠴᠢᠯᠠᠯ ᠭᠠᠷᠭ᠋ᠠᠵᠤ ᠴᠤ᠌ ᠪᠤᠯᠤᠨ᠎ᠠ᠃ ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ ᠵᠢ ᠵᠦᠪᠰᠢᠶᠡᠷᠡᠭᠦ ᠦᠭᠡᠢ ᠪᠠᠢ᠌ᠪᠠᠯ ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠵᠤ ᠪᠤᠯᠤᠨ᠎ᠠ᠃
ᠨᠠᠶᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ᠎ᠳᠤ ᠬᠦᠳᠡᠯᠮᠦᠷᠢ ᠵᠢᠨ ᠮᠠᠷᠭᠤᠭ᠋ᠠᠨ᠎ᠢ ᠡᠶᠡᠳᠡᠭᠦᠯᠬᠦ ᠺᠤᠮᠢᠰ ᠪᠠᠢ᠌ᠭᠤᠯᠵᠤ ᠪᠤᠯᠤᠨ᠎ᠠ᠃ ᠬᠦᠳᠡᠯᠮᠦᠷᠢ ᠵᠢᠨ ᠮᠠᠷᠭᠤᠭ᠋ᠠᠨ᠎ᠢ ᠡᠶᠡᠳᠡᠭᠦᠯᠬᠦ ᠺᠤᠮᠢᠰ᠎ᠨᠢ ᠠᠵᠢᠯᠲᠠᠨ ᠠᠵᠢᠯᠴᠢᠨ᠎ᠤ ᠲᠦᠯᠦᠭᠡᠯᠡᠭᠴᠢ᠂ ᠬᠦᠮᠦᠨ ᠬᠡᠷᠡᠭᠯᠡᠬᠦ ᠨᠢᠭᠡᠴᠢ ᠵᠢᠨ ᠲᠦᠯᠦᠭᠡᠯᠡᠭᠴᠢ ᠪᠠ ᠠᠵᠢᠯᠴᠢᠨ᠎ᠤ ᠡᠪᠯᠡᠯ᠎ᠤᠨ ᠲᠦᠯᠦᠭᠡᠯᠡᠭᠴᠢ᠎ᠪᠠᠷ ᠪᠦᠷᠢᠯᠳᠦᠨ᠎ᠡ᠃ ᠬᠦᠳᠡᠯᠮᠦᠷᠢ ᠵᠢᠨ ᠮᠠᠷᠭᠤᠭ᠋ᠠᠨ᠎ᠢ ᠲᠠᠰᠤᠯᠬᠤ ᠡᠶᠡᠳᠡᠭᠦᠯᠬᠦ ᠺᠤᠮᠢᠰ᠎ᠤᠨ ᠡᠷᠬᠢᠯᠡᠭᠴᠢ ᠵᠢᠨ ᠲᠤᠰᠢᠶᠠᠯ᠎ᠢ ᠠᠵᠢᠯᠲᠠᠨ᠎ᠤ ᠡᠪᠯᠡᠯ᠎ᠤᠨ ᠲᠦᠯᠦᠭᠡᠯᠡᠭᠴᠢ ᠡᠬᠦᠷᠭᠡᠯᠡᠨ᠎ᠡ᠃
ᠬᠦᠳᠡᠯᠮᠦᠷᠢ ᠵᠢᠨ ᠮᠠᠷᠭᠤᠭ᠋ᠠᠨ᠎ᠢ ᠡᠶᠡᠳᠡᠭᠦᠯᠦᠭᠡᠳ ᠬᠡᠯᠡᠯᠴᠡᠭᠡᠷ ᠲᠤᠬᠢᠷᠠᠭᠰᠠᠨ ᠪᠠᠢ᠌ᠪᠠᠯ ᠲᠤᠬᠠᠢ ᠵᠢᠨ ᠬᠦᠮᠦᠨ ᠬᠡᠷᠡᠭᠵᠢᠭᠦᠯᠬᠦ ᠬᠡᠷᠡᠭᠲᠠᠢ᠃
ᠨᠠᠶᠠᠨ ᠨᠢᠭᠡᠳᠦᠭᠡᠷ ᠵᠦᠢ᠍ᠯ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠣᠯᠬᠤ ᠺᠤᠮᠢᠰ᠎ᠨᠢ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠲᠦᠯᠦᠭᠡᠯᠡᠭᠴᠢ᠂ ᠠᠳᠠᠯᠢ ᠱᠠᠲᠤᠨ᠎ᠤ ᠠᠵᠢᠯᠴᠢᠨ᠎ᠤ ᠡᠪᠯᠡᠯ᠎ᠤᠨ ᠲᠦᠯᠦᠭᠡᠯᠡᠭᠴᠢ᠂ ᠬᠦᠮᠦᠨ ᠬᠡᠷᠡᠭᠯᠡᠬᠦ ᠨᠢᠭᠡᠴᠢ ᠵᠢᠨ ᠲᠠᠯ᠎ᠠ ᠵᠢᠨ ᠲᠦᠯᠦᠭᠡᠯᠡᠭᠴᠢ᠎ᠪᠠᠷ ᠪᠦᠷᠢᠯᠳᠦᠨ᠎ᠡ᠃ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠤᠯᠬᠤ ᠺᠤᠮᠢᠰ᠎ᠤᠨ ᠡᠷᠬᠢᠯᠡᠭᠴᠢ ᠵᠢᠨ ᠲᠤᠰᠢᠶᠠᠯ᠎ᠢ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠲᠦᠯᠦᠭᠡᠯᠡᠭᠴᠢ ᠡᠭᠦᠷᠭᠡᠯᠡᠨ᠎ᠡ᠃
ᠨᠠᠶᠠᠨ ᠬᠤᠶᠠᠳᠤᠭ᠋ᠠᠷ ᠵᠦᠢ᠍ᠯ ᠬᠦᠨᠳᠡᠯᠡᠨ᠎ᠠᠴᠠ ᠲᠠᠰᠣᠯᠣᠭᠤᠯᠬᠤ ᠱᠠᠭ᠋ᠠᠷᠳᠠᠯᠭ᠎ᠠ ᠲᠤᠷᠠᠳᠤᠭᠰᠠᠨ ᠲᠠᠯ᠎ᠠ᠎ᠪᠠᠷ᠎ᠨᠢ ᠬᠦᠳᠡᠯᠮᠦᠷᠢ ᠵᠢᠨ ᠮᠠᠷᠭᠤᠭ᠋ᠠᠨ ᠭᠠᠷᠤᠭᠰᠠᠨ ᠡᠳᠦᠷ᠎ᠠᠴᠠ ᠡᠬᠢᠯᠡᠨ ᠵᠢᠷᠠᠨ ᠬᠤᠨᠤᠭ᠎ᠤᠨ ᠲᠤᠲᠤᠷ᠎ᠠ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠤᠯᠬᠤ ᠺᠤᠮᠢᠰ᠎ᠲᠤ ᠪᠢᠴᠢᠭ ᠵᠶ᠋ᠠᠷ ᠭᠤᠶᠤᠴᠢᠯᠠᠯ ᠭᠠᠷᠭ᠋ᠠᠬᠤ ᠭᠡᠷᠡᠭᠲᠠᠢ; ᠬᠦᠨᠳᠡᠯᠡᠨ᠎ᠠᠴᠠ ᠲᠠᠰᠤᠯᠬᠤ ᠬᠢᠨᠡᠨ ᠲᠠᠰᠤᠯᠤᠯᠲᠠ ᠵᠢ ᠡᠩ᠎ᠤᠨ ᠪᠠᠢ᠌ᠳᠠᠯ ᠲᠤᠤᠷ᠎ᠠ ᠬᠦᠨᠳᠡᠯᠡᠨ᠎ᠠᠴᠠ ᠲᠠᠰᠤᠯᠤᠭᠤᠯᠬᠤ ᠭᠤᠶᠤᠴᠢᠯᠠᠯ᠎ᠢ ᠤᠯᠤᠭᠰᠠᠨ ᠡᠳᠦᠷ᠎ᠠᠴᠠ ᠬᠤᠢ᠌ᠰᠢ ᠵᠢᠨ ᠵᠢᠷᠠᠨ ᠬᠤᠨᠤᠭ᠎ᠤᠨ ᠲᠤᠲᠤᠷ᠎ᠠ ᠭᠠᠷᠭ᠋ᠠᠨ᠎ᠠ᠂ ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ᠎ᠳᠤ ᠤᠨᠳᠤᠤ ᠰᠠᠨᠠᠯ ᠦᠭᠡᠢ ᠪᠤᠯ ᠲᠤᠬᠠᠢ ᠵᠢᠨ ᠬᠦᠮᠦᠨ ᠡᠷᠬᠡᠪᠰᠢ ᠬᠡᠷᠡᠭᠵᠢᠭᠦᠯᠬᠦ ᠬᠡᠷᠡᠭᠲᠡᠢ᠃
ᠨᠠᠶᠠᠨ ᠭᠤᠷᠪᠠᠳᠤᠭ᠋ᠠᠷ ᠵᠦᠢ᠍ᠯ ᠬᠦᠳᠡᠯᠮᠦᠷᠢ ᠵᠢᠨ ᠮᠠᠷᠭᠤᠭ᠋ᠠᠨ᠎ᠤ ᠲᠤᠬᠠᠢ ᠵᠢᠨ ᠬᠦᠮᠦᠨ ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ ᠵᠢ ᠵᠦᠪᠰᠢᠶᠡᠷᠡᠬᠦ ᠦᠭᠡᠢ ᠪᠠᠢ᠌ᠪᠠᠯ ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ ᠵᠢᠨ ᠪᠢᠴᠢᠭ᠎ᠢ ᠤᠯᠤᠭᠰᠠᠨ ᠡᠳᠦᠷ᠎ᠠᠴᠠ ᠡᠬᠢᠯᠡᠨ ᠠᠷᠪᠠᠨ ᠲᠠᠪᠤᠨ ᠬᠤᠨᠤᠭ᠎ᠤᠨ ᠲᠤᠲᠤᠷ᠎ᠠ ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠵᠤ ᠪᠤᠯᠤᠨ᠎ᠠ᠂ ᠨᠢᠭᠡ ᠲᠠᠯ᠎ᠠ ᠵᠢᠨ ᠲᠤᠬᠠᠢ ᠵᠢᠨ ᠬᠦᠮᠦᠨ᠎ᠨᠢ ᠬᠠᠤᠯᠢ᠎ᠳᠤ ᠲᠤᠭᠲᠠᠭ᠋ᠠᠭᠰᠠᠨ ᠬᠤᠭᠤᠴᠠᠭ᠋ᠠᠨ ᠲᠤᠲᠤᠷ᠎ᠠ ᠵᠠᠭ᠋ᠠᠯᠳᠤᠯᠭ᠎ᠠ ᠭᠠᠷᠭ᠋ᠠᠬᠤ ᠦᠭᠡᠢ ᠪᠦᠭᠡᠳ ᠬᠦᠨᠳᠡᠯᠨᠠᠴᠠ ᠲᠠᠰᠤᠯᠤᠭᠰᠠᠨ ᠬᠢᠨᠠᠨ ᠲᠠᠰᠤᠯᠤᠯᠲᠠ ᠵᠢ ᠬᠡᠷᠡᠭᠵᠢᠭᠦᠯᠬᠦ ᠦᠭᠡᠢ ᠪᠠᠢ᠌ᠪᠠᠯ ᠨᠦᠭᠦᠭᠡ ᠲᠠᠯ᠎ᠠ ᠵᠢᠨ ᠲᠤᠬᠠᠢ ᠵᠢᠨ ᠬᠦᠮᠦᠨ ᠠᠯᠪᠠᠳᠠᠨ ᠬᠦᠢ᠍ᠴᠡᠳᠭᠡᠭᠦᠯᠬᠦᠪᠠᠷ ᠠᠷᠠᠳ᠎ᠤᠨ ᠰᠢᠭᠦᠬᠦ ᠬᠤᠷᠢᠶᠠᠨ᠎ᠳᠤ ᠭᠤᠶᠤᠴᠢᠯᠠᠯ ᠭᠠᠷᠭ᠋ᠠᠵᠤ ᠪᠤᠯᠤᠨ᠎ᠠ᠃ᠨᠠᠶᠠᠨ ᠲᠦᠷᠪᠡᠳᠦᠭᠡᠷ ᠵᠦᠢ᠍ᠯ ᠬᠠᠮᠲᠤ ᠵᠢᠨ ᠭᠡᠷ᠎ᠡ ᠲᠤᠭᠲᠠᠭ᠋ᠠᠭᠰᠠᠨᠤ ᠲᠠᠷᠠᠭ᠎ᠠ᠎ᠪᠠᠷ ᠮᠠᠷᠭᠤᠭ᠋ᠠᠨ ᠭᠠᠷᠤᠭ᠋ᠠᠳ ᠲᠤᠬᠠᠢ ᠵᠢᠨ ᠬᠦᠮᠦᠨ ᠵᠦᠪᠳᠡᠯᠴᠡᠨ ᠰᠢᠢ᠍ᠳᠪᠦᠷᠢᠯᠡᠵᠤ ᠴᠢᠳᠠᠭᠰᠠᠨ ᠦᠭᠡᠢ ᠪᠠᠢ᠌ᠪᠠᠯ ᠲᠤᠬᠠᠢ ᠵᠢᠨ ᠭᠠᠵᠠᠷ᠎ᠤᠨ ᠠᠷᠠᠳ᠎ᠤᠨ ᠵᠠᠰᠠᠭ᠎ᠤᠨ ᠤᠷᠳᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠬᠤᠯᠪᠤᠭᠳᠠᠯ ᠪᠦᠬᠦᠢ ᠲᠠᠯ᠎ᠠ ᠵᠢᠨ᠎ᠬᠢᠨ᠎ᠢ ᠵᠤᠬᠢᠶᠠᠨ ᠪᠠᠢ᠌ᠭᠤᠯᠵᠤ ᠵᠤᠬᠢᠴᠠᠭᠤᠯᠤᠨ ᠰᠢᠢ᠍ᠳᠪᠦᠷᠢᠯᠡᠵᠤ ᠪᠤᠯᠤᠨ᠎ᠠ᠃
ᠬᠠᠮᠲᠤ ᠵᠢᠨ ᠭᠡᠷ᠎ᠡ ᠵᠢ ᠬᠡᠷᠡᠭᠵᠢᠬᠦᠯᠦᠭᠰᠡᠨ᠎ᠤ ᠲᠠᠷᠠᠭ᠎ᠠ᠎ᠪᠠᠷ ᠮᠠᠷᠭᠤᠭ᠋ᠠᠨ ᠭᠠᠷᠤᠭ᠋ᠠᠳ ᠲᠤᠬᠠᠢ ᠵᠢᠨ ᠬᠦᠮᠦᠨ ᠵᠦᠪᠳᠡᠯᠴᠡᠨ ᠰᠢᠢ᠍ᠳᠪᠦᠷᠢᠯᠡᠵᠤ ᠴᠢᠳᠠᠭᠰᠠᠨ ᠦᠭᠡᠢ ᠪᠠᠢ᠌ᠪᠠᠯ ᠬᠦᠳᠡᠯᠮᠦᠷᠢ ᠵᠢᠨ ᠮᠠᠷᠭᠤᠭ᠋ᠠᠨ᠎ᠢ ᠬᠦᠨᠳᠡᠯᠡᠨ᠎ᠠᠴᠠ ᠲᠠᠰᠤᠯᠬᠤ ᠺᠤᠮᠢᠰ᠎ᠲᠤ ᠬᠦᠨᠳᠡᠯᠡᠨ᠎ᠠᠴᠠ ᠲᠠᠰᠤᠯᠤᠭᠤᠯᠬᠤ ᠭᠤᠶᠤᠴᠢᠯᠠᠯ ᠭᠠᠷᠭ᠋ᠠᠵᠤ ᠪᠤᠯᠤᠨ᠎ᠠ; ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ ᠵᠢ ᠵᠦᠪᠰᠢᠶᠡᠷᠡᠭᠦ ᠦᠭᠡᠢ ᠪᠠᠢ᠌ᠪᠠᠯ ᠬᠦᠨᠳᠡᠯᠡᠨ᠎ᠠᠴᠠ ᠲᠠᠰᠤᠯᠤᠭᠰᠠᠨ ᠬᠢᠨᠠᠨ ᠲᠠᠰᠤᠯᠤᠯᠲᠠ ᠵᠢᠨ ᠪᠢᠴᠢᠭ᠎ᠢ ᠣᠯᠣᠭᠰᠠᠨ ᠡᠳᠦᠷ᠎ᠠᠴᠠ ᠡᠬᠢᠯᠡᠨ ᠠᠷᠪᠠᠨ ᠲᠠᠪᠤ ᠬᠤᠨᠤᠭ᠎ᠤᠨ ᠲᠤᠲᠤᠷ᠎ᠠ ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠵᠤ ᠪᠤᠯᠤᠨ᠎ᠠ᠃
ᠠᠷᠪᠠᠨ ᠨᠢᠭᠡᠳᠦᠭᠡᠷ ᠪᠦᠯᠦᠭ ᠬᠢᠨᠠᠯᠲᠠ ᠲᠠᠯᠪᠢᠵᠤ ᠪᠠᠢ᠌ᠴᠠᠭ᠋ᠠᠬᠤ
ᠨᠠᠶᠠᠨ ᠲᠠᠪᠤᠳᠤᠭ᠋ᠠᠷ ᠵᠦᠢ᠍ᠯ ᠰᠢᠶᠠᠨ᠎ᠤ ᠱᠠᠲᠤᠨ᠎ᠠᠴᠠ ᠲᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠲᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠳ ᠬᠦᠮᠦᠨ ᠬᠡᠷᠡᠭᠯᠡᠬᠦ ᠨᠢᠭᠡᠴᠢ ᠵᠢᠨ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠵᠢᠷᠤᠮᠯᠠᠵᠤ ᠪᠠᠢ᠌ᠭ᠎ᠠ ᠪᠠᠢ᠌ᠳᠠᠯ᠎ᠳᠤ ᠬᠠᠤᠯᠢ ᠶᠤᠰᠤᠭ᠋ᠠᠷ ᠬᠢᠨᠠᠯᠲᠠ ᠲᠠᠯᠪᠢᠨ ᠪᠠᠢ᠌ᠴᠠᠭ᠋ᠠᠯᠲᠠ ᠬᠢᠵᠤ᠂ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠵᠦᠷᠢᠴᠡᠭᠰᠡᠨ ᠦᠢ᠍ᠯᠡ ᠠᠵᠢᠯᠯᠠᠭ᠎ᠠ ᠵᠢ ᠬᠤᠷᠢᠭᠯᠠᠨ ᠵᠤᠭᠰᠤᠭ᠋ᠠᠬᠤ ᠡᠷᠬᠡ᠎ᠲᠠᠢ ᠪᠦᠭᠡᠳ ᠵᠠᠷᠯᠢᠭᠳᠠᠨ ᠵᠠᠯᠠᠷᠠᠭᠤᠯᠬᠤ ᠬᠡᠷᠡᠭᠲᠠᠢ᠃
ᠨᠠᠶᠠᠨ ᠵᠢᠷᠭᠤᠳᠤᠭ᠋ᠠᠷ ᠵᠦᠢ᠍ᠯ ᠰᠢᠶᠠᠨ᠎ᠤ ᠱᠠᠲᠤᠨ᠎ᠠᠴᠠ ᠲᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠬᠢᠨᠠᠯᠲᠠ ᠲᠠᠯᠪᠢᠵᠤ ᠪᠠᠢ᠌ᠴᠠᠭ᠋ᠠᠬᠤ ᠠᠵᠢᠯᠲᠠᠳ ᠠᠯᠪᠠᠨ ᠠᠵᠢᠯ ᠵᠶ᠋ᠠᠨ ᠭᠦᠢ᠍ᠴᠡᠳᠭᠡᠭᠦ᠎ᠳᠡᠭᠡᠨ ᠬᠦᠮᠦᠨ ᠬᠡᠷᠡᠭᠯᠡᠬᠦ ᠨᠢᠭᠡᠴᠢ᠎ᠳᠤ ᠬᠦᠷᠴᠤ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠬᠡᠷᠡᠭᠵᠢᠭᠦᠯᠵᠤ ᠪᠠᠢ᠌ᠭ᠎ᠠ ᠪᠠᠢ᠌ᠳᠠᠯ᠎ᠢ ᠦᠢ᠍ᠯᠠᠭ᠋ᠠᠵᠤ᠂ ᠴᠢᠬᠤᠯᠠ ᠪᠦᠬᠦᠢ ᠮᠠᠲᠸᠷᠢᠶᠠᠯ᠎ᠢ ᠪᠠᠢ᠌ᠴᠠᠭ᠋ᠠᠨ ᠦᠵᠡᠬᠦ ᠪᠦᠭᠡᠳ ᠬᠦᠳᠡᠯᠮᠦᠷᠢ ᠵᠢᠨ ᠭᠠᠵᠠᠷ᠎ᠲᠤ ᠪᠠᠢ᠌ᠴᠠᠭ᠋ᠠᠯᠲᠠ ᠬᠢᠭᠦ ᠡᠷᠬᠡ᠎ᠲᠠᠢ᠃
ᠰᠢᠶᠠᠨ᠎ᠤ ᠱᠠᠲᠤᠨ᠎ᠠᠴᠠ ᠲᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠬᠢᠨᠠᠯᠲᠠ ᠲᠠᠯᠪᠢᠵᠤ ᠪᠠᠢ᠌ᠴᠠᠭ᠋ᠠᠬᠤ ᠠᠵᠢᠯᠲᠠᠨ ᠠᠯᠪᠠᠨ ᠠᠵᠢᠯ ᠵᠶ᠋ᠠᠨ ᠭᠦᠢ᠍ᠴᠡᠳᠭᠡᠬᠦ᠎ᠳᠡᠭᠡᠨ ᠡᠷᠬᠡᠪᠰᠢ ᠭᠡᠷᠡᠴᠢ ᠲᠡᠮᠳᠡᠭ ᠵᠶ᠋ᠠᠨ ᠦᠵᠡᠭᠦᠯᠵᠤ᠂ ᠬᠠᠤᠯᠢ ᠵᠢ ᠭᠤᠤᠯᠴᠢ᠎ᠪᠠᠷ ᠬᠡᠷᠡᠭᠵᠢᠭᠦᠯᠬᠦ ᠵᠢᠨ ᠬᠠᠮᠲᠤ ᠬᠤᠯᠪᠤᠭᠳᠠᠯ ᠪᠦᠬᠦᠢ ᠲᠤᠭᠲᠠᠭ᠋ᠠᠯ᠎ᠢ ᠰᠠᠬᠢᠬᠤ ᠬᠡᠷᠡᠭᠲᠠᠢ᠃
ᠨᠠᠶᠠᠨ ᠲᠤᠯᠤᠳᠤᠭ᠋ᠠᠷ ᠵᠦᠢ᠍ᠯ ᠰᠢᠶᠠᠨ᠎ᠤ ᠱᠠᠲᠤᠨ᠎ᠠᠴᠠ ᠲᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠳ ᠲᠤᠰ ᠲᠤᠰ᠎ᠤᠨ ᠡᠭᠦᠷᠭᠡ ᠬᠠᠷᠢᠭᠤᠴᠠᠯᠭ᠎ᠠ ᠵᠢᠨ ᠬᠡᠪᠴᠢᠶᠡᠨ ᠲᠤᠲᠤᠷ᠎ᠠ᠎ᠪᠠᠨ ᠬᠦᠮᠦᠨ ᠬᠡᠷᠡᠭᠯᠡᠬᠦ ᠨᠢᠭᠡᠴᠢ ᠵᠢᠨ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠵᠢᠷᠤᠮᠯᠡᠵᠤ ᠪᠠᠢ᠌ᠭ᠎ᠠ ᠪᠠᠢ᠌ᠳᠠᠯ᠎ᠳᠤ ᠬᠢᠨᠠᠯᠲᠠ ᠲᠠᠯᠪᠢᠬᠤ ᠬᠡᠷᠡᠭᠲᠠᠢ᠃
ᠨᠠᠶᠠᠨ ᠨᠠᠢ᠍ᠮᠠᠳᠤᠭ᠋ᠠᠷ ᠵᠦᠢ᠍ᠯ ᠡᠯ᠎ᠡ ᠱᠠᠲᠤᠨ᠎ᠤ ᠠᠵᠢᠯᠴᠢᠨ᠎ᠤ ᠡᠪᠯᠡᠯ ᠬᠠᠤᠯᠢ ᠶᠤᠰᠤᠭ᠋ᠠᠷ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠵᠤ᠂ ᠬᠦᠮᠦᠨ ᠬᠡᠷᠡᠭᠯᠡᠬᠦ ᠨᠢᠭᠡᠴᠢ ᠵᠢᠨ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠵᠢᠷᠤᠮᠯᠠᠵᠤ ᠪᠠᠢ᠌ᠭ᠎ᠠ ᠪᠠᠢ᠌ᠳᠠᠯ᠎ᠳᠤ ᠬᠢᠨᠠᠯᠲᠠ ᠲᠠᠯᠪᠢᠬᠤ ᠬᠡᠷᠡᠭᠲᠠᠢ᠃
ᠶᠠᠮᠠᠷᠪᠠ ᠵᠤᠬᠢᠶᠠᠨ ᠪᠠᠢ᠌ᠭᠤᠯᠤᠯᠲᠠ᠂ ᠬᠤᠪᠢ ᠬᠦᠮᠦᠨ ᠴᠦᠮ ᠬᠦᠳᠡᠯᠮᠦᠷᠢ ᠵᠢᠨ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠵᠦᠷᠢᠴᠡᠭᠰᠡᠨ ᠦᠢ᠍ᠯᠡ ᠠᠵᠢᠯᠯᠠᠭ᠎ᠠ ᠵᠢ ᠢᠯᠡᠴᠢᠯᠡᠨ ᠵᠠᠭ᠋ᠠᠯᠳᠤᠬᠤ ᠡᠷᠬᠡ᠎ᠲᠠᠢ᠃
ᠠᠷᠪᠠᠨ ᠬᠤᠶᠠᠳᠤᠭ᠋ᠠᠷ ᠪᠦᠯᠦᠭ ᠬᠠᠤᠯᠢ ᠵᠢᠨ ᠬᠠᠷᠢᠭᠤᠴᠠᠯᠭ᠎ᠠ
ᠨᠠᠶᠠ ᠶᠢᠰᠤᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠵᠢᠨ ᠲᠤᠭᠲᠠᠭ᠋ᠠᠭᠰᠠᠨ ᠬᠦᠳᠡᠯᠮᠦᠷᠢ ᠵᠢᠨ ᠲᠦᠷᠢᠮ ᠲᠤᠭᠲᠠᠭ᠋ᠠᠯ᠎ᠨᠢ ᠬᠠᠤᠯᠢ ᠴᠠᠭ᠋ᠠᠵᠠ᠂ ᠬᠠᠤᠯᠢ ᠲᠦᠷᠢᠮ᠎ᠤᠨ ᠲᠤᠭᠲᠠᠭ᠋ᠠᠯ᠎ᠠᠴᠠ ᠵᠦᠷᠢᠴᠡᠭᠰᠡᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠰᠠᠷᠠᠮᠵᠢ ᠦᠭᠴᠤ ᠵᠠᠷᠯᠢᠭᠳᠠᠨ ᠵᠠᠯᠠᠷᠠᠭᠤᠯᠬᠤ ᠬᠡᠷᠡᠭᠲᠠᠢ᠃
ᠶᠡᠷᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ ᠵᠢᠨ ᠲᠤᠭᠲᠠᠭ᠋ᠠᠯ᠎ᠠᠴᠠ ᠵᠦᠷᠢᠴᠡᠨ ᠬᠦᠳᠡᠯᠮᠦᠷᠢᠴᠢᠳ᠎ᠤᠨ ᠠᠵᠢᠯᠯᠠᠬᠤ ᠴᠠᠭ᠎ᠢ ᠤᠷᠲᠤᠳᠬᠠᠭᠰᠠᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠰᠡᠷᠡᠮᠵᠢ ᠦᠭᠴᠤ ᠵᠠᠷᠯᠢᠭᠳᠠᠨ ᠵᠠᠯᠠᠷᠠᠭᠤᠯᠬᠤ ᠬᠡᠷᠡᠭᠲᠠᠢ ᠪᠦᠭᠡᠳ ᠵᠤᠭᠤᠰ ᠵᠶ᠋ᠠᠷ ᠲᠤᠷᠭ᠋ᠠᠵᠤ ᠪᠤᠯᠤᠨ᠎ᠠ᠃
ᠶᠡᠷᠡᠨ ᠨᠢᠭᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠤᠷ᠎ᠠ ᠵᠢᠭᠰᠠᠭ᠋ᠠᠭᠰᠠᠨ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠤᠬᠢᠷᠠᠭᠤᠯᠤᠭᠰᠠᠨ ᠪᠠᠢ᠌ᠳᠠᠯ᠎ᠤᠨ ᠨᠢᠭᠡ ᠵᠢ ᠭᠠᠷᠭ᠋ᠠᠭᠰᠠᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠠᠨ ᠬᠦᠳᠡᠯᠮᠦᠷᠢᠴᠢᠳ᠎ᠤᠨ ᠴᠠᠯᠢᠩ ᠬᠦᠯᠦᠰᠤ᠂ ᠠᠵᠤ ᠠᠬᠤᠢ ᠵᠢᠨ ᠨᠦᠬᠦᠪᠦᠷᠢ ᠵᠢ ᠲᠦᠯᠦᠭᠦᠯᠬᠦ ᠪᠦᠭᠡᠳ ᠵᠠᠷᠯᠢᠭᠳᠠᠵᠤ ᠪᠠᠢ᠌ᠭ᠋ᠠᠳ ᠲᠦᠯᠦᠪᠦᠷᠢ ᠵᠢᠨ ᠮᠦᠩᠬᠦ ᠦᠭᠭᠦᠭᠦᠯᠵᠤ ᠪᠤᠯᠤᠨ᠎ᠠ᠄
(ᠨᠢᠭᠡ) ᠬᠦᠳᠡᠯᠮᠦᠷᠢᠴᠢᠳ᠎ᠤᠨ ᠴᠠᠯᠢᠩ᠎ᠢ ᠬᠠᠰᠣᠭᠰᠠᠨ ᠪᠤᠶᠤ ᠤᠴᠢᠷ ᠰᠢᠯᠲᠠᠭ᠋ᠠᠨ ᠦᠭᠡᠢ᠎ᠪᠠᠷ ᠰᠠᠭ᠋ᠠᠲᠠᠭ᠋ᠠᠭᠰᠠᠨ;
(ᠬᠤᠶᠠᠷ) ᠬᠦᠳᠡᠯᠮᠦᠷᠢᠴᠢᠳ᠎ᠤᠨ ᠤᠷᠲᠤᠳᠬᠠᠭᠰᠠᠨ ᠠᠵᠢᠯ᠎ᠤᠨ ᠴᠠᠭ᠎ᠤᠨ ᠴᠠᠯᠢᠩ ᠬᠦᠯᠦᠰᠦ ᠵᠢ ᠦᠯᠦ ᠦᠭᠭᠦᠭᠰᠡᠨ;
( ᠭᠤᠷᠪᠠ) ᠬᠦᠳᠡᠯᠮᠦᠷᠢᠴᠢᠳ᠎ᠤᠨ ᠴᠠᠯᠢᠩ᠎ᠢ ᠲᠤᠬᠠᠢ ᠵᠢᠨ ᠭᠠᠵᠠᠷ᠎ᠤᠨ ᠬᠠᠮᠤᠭ ᠲᠤᠤᠷ᠎ᠠ ᠴᠠᠯᠢᠩ᠎ᠤᠨ ᠪᠠᠷᠢᠮᠵᠢᠶ᠎ᠠ᠎ᠠᠴᠠ ᠲᠤᠤᠷ᠎ᠠ ᠤᠯᠤᠭᠰᠠᠨ;
(ᠲᠦᠷᠪᠡ) ᠬᠦᠳᠡᠯᠮᠦᠷᠢᠴᠢᠳ᠎ᠤᠨ ᠭᠡᠷ᠎ᠡ ᠵᠢ ᠬᠦᠴᠦᠨ ᠦᠭᠡᠢ ᠪᠤᠯᠭ᠋ᠠᠭᠰᠠᠨ᠎ᠤ ᠲᠠᠷᠠᠭ᠎ᠠ ᠲᠤᠰ ᠬᠠᠤᠯᠢ ᠵᠢᠨ ᠲᠤᠭᠲᠠᠭ᠋ᠠᠯ ᠶᠤᠰᠤᠭ᠋ᠠᠷ ᠬᠦᠳᠡᠯᠮᠦᠷᠢᠴᠢᠳ᠎ᠲᠤ ᠠᠵᠤ ᠠᠬᠤᠢ ᠵᠢᠨ ᠨᠦᠬᠦᠪᠦᠷᠢ ᠦᠯᠦ ᠤᠯᠤᠭᠰᠠᠨ᠃
ᠶᠡᠷᠡᠨ ᠬᠤᠶᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠵᠢᠨ ᠬᠦᠳᠡᠯᠮᠦᠷᠢ ᠵᠢᠨ ᠠᠶᠤᠯᠬᠦᠢ ᠵᠢᠨ ᠪᠡᠯᠡᠳᠭᠡᠯ ᠲᠦᠬᠦᠭᠡᠷᠤᠮᠵᠢ ᠪᠠ ᠬᠦᠳᠡᠯᠮᠦᠷᠢ ᠵᠢᠨ ᠡᠷᠡᠭᠦᠯ ᠬᠠᠮᠠᠭ᠋ᠠᠯᠠᠯ᠎ᠤᠨ ᠨᠦᠬᠦᠴᠡᠯ ᠤᠯᠤᠰ᠎ᠤᠨ ᠲᠤᠭᠲᠠᠭ᠋ᠠᠯ᠎ᠳᠤ ᠨᠡᠢ᠌ᠴᠡᠬᠦ ᠦᠭᠡᠢ ᠪᠤᠶᠤ ᠬᠦᠳᠡᠯᠮᠦᠷᠢᠴᠢᠳ᠎ᠲᠤ ᠴᠢᠬᠤᠯᠠ ᠪᠦᠬᠦᠢ ᠬᠦᠳᠡᠯᠮᠦᠷᠢ ᠵᠢᠨ ᠬᠠᠮᠠᠭ᠋ᠠᠯᠠᠯᠲᠠ ᠵᠢᠨ ᠬᠡᠷᠡᠭᠰᠡᠯ ᠪᠠ ᠬᠦᠳᠡᠯᠮᠦᠷᠢ ᠵᠢᠨ ᠬᠠᠮᠠᠭ᠋ᠠᠯᠠᠯᠲᠠ ᠵᠢᠨ ᠲᠦᠬᠦᠭᠡᠷᠤᠮᠵᠢ ᠬᠠᠩᠭ᠋ᠠᠭᠰᠠᠨ ᠦᠭᠡᠢ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠤᠶᠤ ᠬᠤᠯᠪᠤᠭᠳᠠᠯ ᠪᠦᠬᠦᠢ ᠰᠠᠯᠠᠭ᠎ᠠ ᠮᠦᠴᠢᠷ᠎ᠠᠴᠠ ᠵᠠᠷᠯᠢᠭᠳᠠᠨ ᠦᠢ᠍ᠯᠡᠳᠪᠦᠷᠢᠯᠡᠯ᠎ᠢ᠎ᠨᠢ ᠵᠤᠭᠰᠤᠭ᠋ᠠᠵᠤ ᠴᠡᠭᠴᠡᠯᠡᠭᠦᠯᠬᠦ᠎ᠪᠠᠷ ᠰᠠᠨᠠᠭᠤᠯᠭ᠎ᠠ ᠭᠠᠷᠭ᠋ᠠᠵᠤ ᠪᠤᠯᠤᠨ᠎ᠠ; ᠭᠡᠨᠡᠳᠡᠯ ᠭᠠᠷᠬᠤ ᠲᠠᠯᠳᠠ ᠭᠡᠮ᠎ᠳᠤ ᠠᠷᠭ᠎ᠠ ᠬᠡᠮᠵᠢᠶ᠎ᠡ ᠠᠪᠤᠭᠰᠠᠨ ᠦᠭᠡᠢ᠎ᠠᠴᠠ ᠪᠤᠯᠵᠤ ᠬᠦᠨᠳᠤ ᠶᠡᠬᠡ ᠭᠡᠨᠡᠳᠡᠯ ᠭᠠᠷᠴᠣ ᠬᠦᠳᠡᠯᠮᠦᠷᠢᠴᠢᠳ᠎ᠤᠨ ᠠᠮᠢ ᠨᠠᠰᠤ ᠪᠠ ᠡᠳ᠋ ᠬᠦᠷᠦᠩᠭᠡ᠎ᠳᠤ ᠬᠤᠬᠢᠷᠠᠯ ᠤᠴᠠᠷᠠᠭᠤᠯᠤᠭᠰᠠᠨ ᠪᠠᠢ᠌ᠪᠠᠯ ᠡᠷᠡᠭᠦᠦ ᠵᠢᠨ ᠬᠠᠤᠯᠢ ᠵᠢᠨ ᠵᠠᠭᠤ ᠨᠠᠶᠠᠨ ᠲᠤᠯᠤᠳᠤᠭ᠋ᠠᠷ ᠵᠦᠢ᠍ᠯ᠎ᠤᠨ ᠲᠤᠭᠲᠠᠭ᠋ᠠᠯ ᠶᠤᠰᠤᠭ᠋ᠠᠷ ᠬᠠᠷᠢᠭᠤᠴᠠᠯᠭ᠎ᠠ᠎ᠲᠠᠢ ᠬᠦᠮᠦᠨ᠎ᠠᠴᠠ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠶᠡᠷᠡᠨ ᠭᠤᠷᠪᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢᠴᠢ᠎ᠨᠢ ᠠᠯᠪᠠᠳᠠᠨ ᠲᠤᠭᠲᠠᠭ᠋ᠠᠯ᠎ᠠᠴᠠ ᠵᠦᠷᠢᠴᠡᠵᠤ ᠠᠶᠤᠯ ᠲᠦᠭᠰᠢᠭᠦᠷᠢ᠎ᠲᠠᠢ ᠠᠵᠢᠯ ᠬᠢᠯᠭᠡᠭᠡᠳ ᠰᠢᠷᠬᠠᠳᠤᠭᠰᠠᠨ ᠦᠭᠦᠭᠰᠡᠨ ᠬᠦᠨᠳᠤ ᠶᠡᠬᠡ ᠭᠡᠨᠡᠳᠡᠯ ᠭᠠᠷᠴᠤ ᠬᠦᠨᠳᠤ ᠨᠤᠴᠢᠲᠠᠢ ᠤᠷᠰᠢᠭ ᠲᠠᠲᠠᠭᠰᠠᠨ ᠪᠠᠢ᠌ᠪᠠᠯ ᠬᠠᠤᠯᠢ ᠶᠤᠰᠤᠭ᠋ᠠᠷ ᠬᠠᠷᠢᠭᠤᠴᠠᠯᠭ᠎ᠠ᠎ᠲᠠᠢ ᠬᠦᠮᠦᠨ᠎ᠠᠴᠠ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠶᠡᠷᠡᠨ ᠲᠦᠷᠪᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠬᠠᠤᠯᠢ ᠪᠤᠰᠤ᠎ᠪᠠᠷ ᠪᠦᠬᠦᠯᠢ ᠠᠷᠪᠠᠨ ᠵᠢᠷᠭᠤᠭ᠋ᠠᠨ ᠨᠠᠰᠤ ᠬᠦᠷᠦᠭᠡᠳᠦᠢ ᠨᠠᠰᠤᠨ᠎ᠳᠤ ᠦᠯᠦ ᠬᠦᠷᠦᠭᠰᠡᠳ᠎ᠢ ᠡᠯᠰᠡᠵᠤ ᠬᠡᠷᠡᠭᠯᠡᠭᠰᠡᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠡᠨ ᠵᠠᠯᠠᠷᠠᠭᠤᠯᠵᠤ ᠵᠤᠭᠤᠰ ᠵᠶ᠋ᠠᠷ ᠲᠤᠷᠭ᠋ᠠᠨ᠎ᠠ; ᠦᠢ᠍ᠯᠡ ᠪᠠᠢ᠌ᠳᠠᠯ᠎ᠨᠢ ᠬᠦᠨᠳᠤ ᠨᠤᠴᠢᠲᠠᠢ ᠪᠠᠢ᠌ᠪᠠᠯ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ ᠡᠵᠡᠩᠨᠡᠬᠦ ᠦᠨᠡᠮᠯᠡᠯ᠎ᠢ᠎ᠨᠢ ᠬᠤᠷᠢᠶᠠᠵᠤ ᠠᠪᠤᠨ᠎ᠠ᠃
ᠶᠠᠷᠠᠨ ᠲᠠᠪᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠡᠮᠡᠭᠲᠠᠢ ᠠᠵᠢᠯᠲᠠᠨ ᠠᠵᠢᠯᠴᠢᠨ ᠪᠠ ᠨᠠᠰᠤᠨ᠎ᠳᠤ ᠬᠦᠷᠦᠭᠡᠳᠦᠢ ᠠᠵᠢᠯᠴᠢᠨ᠎ᠤ ᠬᠠᠮᠠᠭ᠋ᠠᠯᠠᠯᠲᠠ ᠵᠢᠨ ᠲᠤᠬᠠᠢ ᠲᠤᠰ ᠬᠠᠤᠯᠢ ᠵᠢᠨ ᠲᠤᠭᠲᠠᠭ᠋ᠠᠯ᠎ᠢ ᠵᠦᠷᠢᠴᠡᠨ ᠲᠡᠳᠡ ᠨᠠᠷ᠎ᠤᠨ ᠬᠠᠤᠯᠢ ᠶᠤᠰᠤᠨ᠎ᠤ ᠡᠷᠬᠡ ᠠᠰᠢᠭ᠎ᠲᠤ ᠬᠠᠯᠳᠠᠭᠰᠠᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠡᠨ ᠵᠠᠯᠠᠷᠠᠭᠤᠯᠵᠤ ᠵᠤᠭᠤᠰ ᠵᠶ᠋ᠠᠷ ᠲᠤᠷᠭ᠋ᠠᠨ᠎ᠠ; ᠡᠮᠡᠭᠲᠠᠢ ᠠᠵᠢᠯᠲᠠᠨ ᠠᠵᠢᠯᠴᠢᠨ ᠪᠤᠶᠤ ᠨᠠᠰᠤᠨ᠎ᠳᠤ ᠬᠦᠷᠦᠭᠡᠳᠦᠢ ᠠᠵᠢᠯᠴᠢᠨ᠎ᠳᠤ ᠬᠤᠬᠢᠷᠠᠯ ᠤᠴᠠᠷᠠᠭᠤᠯᠤᠭᠰᠠᠨ ᠪᠠᠢ᠌ᠪᠠᠯ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠃
ᠶᠡᠷᠡᠨ ᠵᠢᠷᠭᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠤᠷ᠎ᠠ ᠵᠢᠭᠰᠠᠭ᠋ᠠᠭᠰᠠᠨ ᠦᠢ᠍ᠯᠡ ᠠᠵᠢᠯᠯᠠᠭ᠎ᠠ ᠵᠢᠨ ᠨᠢᠭᠡ ᠵᠢ ᠭᠠᠷᠭ᠋ᠠᠭᠰᠠᠨ ᠪᠠᠢ᠌ᠪᠠᠯ ᠲᠤᠲᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ ᠬᠠᠷᠢᠭᠤᠴᠠᠯᠭ᠎ᠠ᠎ᠲᠠᠢ ᠬᠦᠮᠦᠨ᠎ᠳᠤ ᠠᠷᠪᠠᠨ ᠲᠠᠪᠤᠨ ᠬᠤᠨᠤᠭ᠎ᠠᠴᠠ ᠲᠤᠷᠤᠭᠰᠢ ᠲᠦᠷ ᠬᠤᠷᠢᠬᠤ᠂ ᠵᠤᠭᠤᠰ ᠵᠶ᠋ᠠᠷ ᠲᠤᠷᠭ᠋ᠠᠬᠤ ᠪᠤᠶᠤ ᠰᠠᠷᠠᠮᠵᠢ ᠦᠭᠬᠦ ᠰᠢᠳᠭᠡᠯ ᠦᠭᠬᠦᠨ᠎ᠡ; ᠶᠠᠯ᠎ᠠ ᠪᠤᠯᠵᠤ ᠪᠦᠷᠢᠯᠳᠤᠭᠰᠡᠨ ᠪᠠᠢ᠌ᠪᠠᠯ ᠬᠠᠤᠯᠢ ᠶᠤᠰᠤᠭ᠋ᠠᠷ ᠬᠠᠷᠢᠭᠤᠴᠠᠯᠭ᠎ᠠ᠎ᠲᠠᠢ ᠬᠦᠮᠦᠨ᠎ᠠᠴᠠ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠄
( ᠨᠢᠭᠡ) ᠬᠦᠴᠦᠷᠬᠡᠭᠯᠡᠯ᠂ ᠰᠦᠷᠳᠡᠭᠦᠯᠦᠯ ᠪᠤᠶᠤ ᠬᠦᠮᠦᠨ᠎ᠤ ᠪᠡᠶ᠎ᠡ ᠵᠢᠨ ᠡᠷᠬᠡ ᠴᠢᠯᠦᠭᠡ ᠵᠢ ᠬᠠᠤᠯᠢ ᠪᠤᠰᠤ᠎ᠪᠠᠷ ᠬᠢᠵᠠᠭ᠋ᠠᠷᠯᠠᠬᠤ ᠠᠷᠭ᠎ᠠ᠎ᠪᠠᠷ ᠠᠯᠪᠠᠳᠠᠨ ᠬᠦᠳᠡᠯᠮᠦᠷᠢᠯᠡᠭᠦᠯᠦᠭᠰᠡᠨ;
(ᠬᠤᠶᠠᠷ) ᠬᠦᠳᠡᠯᠮᠦᠷᠢᠴᠢ᠎ᠨᠢ ᠲᠤᠷᠤᠮᠵᠢᠯᠠᠵᠤ᠂ ᠲᠠᠮᠤᠯᠠᠨ ᠵᠤᠪᠠᠭ᠋ᠠᠵᠤ᠂ ᠵᠤᠳᠤᠵᠤ ᠴᠤᠬᠢᠬᠤ᠂ ᠬᠠᠤᠯᠢ ᠪᠤᠰᠤ᠎ᠪᠠᠷ ᠨᠡᠩᠵᠢᠭᠰᠡᠨ ᠪᠠ ᠬᠤᠷᠢᠭᠰᠠᠨ᠃
ᠶᠡᠷᠡᠨ ᠲᠤᠯᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠵᠢᠨ ᠤᠴᠢᠷ ᠰᠢᠯᠲᠠᠭ᠋ᠠᠨ᠎ᠠᠴᠠ ᠪᠤᠯᠵᠤ ᠬᠦᠴᠦᠨ ᠦᠭᠡᠢ ᠭᠡᠷ᠎ᠡ ᠪᠠᠢ᠌ᠭᠤᠯᠤᠭ᠋ᠠᠳ ᠬᠦᠳᠡᠯᠮᠦᠷᠢᠴᠢᠳ᠎ᠲᠤ ᠬᠤᠬᠢᠷᠠᠯ ᠣᠴᠠᠷᠠᠭᠤᠯᠤᠭᠰᠠᠨ ᠪᠠᠢ᠌ᠪᠠᠯ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠃
ᠶᠡᠷᠡᠨ ᠨᠠᠢ᠍ᠮᠠᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠲᠤᠰ ᠬᠠᠤᠯᠢ᠎ᠳᠤ ᠲᠤᠭᠲᠠᠭ᠋ᠠᠭᠰᠠᠨ ᠨᠦᠬᠦᠴᠡᠯ᠎ᠢ ᠵᠦᠷᠢᠴᠡᠨ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠭᠰᠠᠨ ᠪᠤᠶᠤ ᠵᠤᠷᠢᠭᠤᠳᠠ ᠤᠳᠠᠭ᠋ᠠᠰᠢᠷᠠᠭᠤᠯᠤᠨ ᠬᠦᠳᠡᠯᠮᠦᠷᠢ ᠵᠢᠨ ᠭᠡᠷ᠎ᠡ ᠲᠤᠭᠲᠠᠭ᠋ᠠᠬᠤ ᠦᠭᠡᠢ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠡᠨ ᠵᠠᠯᠠᠷᠠᠭᠤᠯᠤᠨ᠎ᠠ; ᠬᠦᠳᠡᠯᠮᠦᠷᠢᠴᠢᠳ᠎ᠲᠤ ᠬᠤᠬᠢᠷᠠᠯ ᠣᠴᠠᠷᠠᠭᠣᠯᠣᠭᠰᠠᠨ ᠪᠠᠢ᠌ᠪᠠᠯ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠃
ᠶᠡᠷᠡ ᠶᠢᠰᠦᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠭᠡᠷ᠎ᠡ᠎ᠠᠴᠠ᠎ᠪᠠᠨ ᠠᠩᠭᠢᠵᠢᠷᠠᠭ᠋ᠠᠳᠦᠢ ᠬᠦᠳᠡᠯᠮᠦᠷᠢᠴᠢ᠎ᠨᠢ ᠡᠯᠰᠡᠵᠤ ᠬᠡᠷᠡᠭᠯᠡᠭᠡᠳ ᠤᠤᠯ᠎ᠤᠨ ᠬᠦᠮᠦᠨ ᠬᠡᠷᠡᠭᠯᠡᠬᠦ ᠨᠢᠭᠡᠴᠢ᠎ᠳᠤ ᠠᠵᠤ ᠠᠬᠤᠢ ᠵᠢᠨ ᠬᠤᠬᠢᠷᠠᠯ ᠤᠴᠠᠷᠠᠭᠤᠯᠤᠭᠰᠠᠨ ᠪᠠᠢ᠌ᠪᠠᠯ ᠲᠤᠰ ᠬᠦᠮᠦᠨ ᠬᠡᠷᠡᠭᠯᠡᠬᠦ ᠨᠢᠭᠡᠴᠢ᠎ᠨᠢ ᠬᠤᠯᠪᠤᠭᠳᠠᠭᠰᠠᠨ ᠲᠦᠯᠦᠬᠦ ᠬᠠᠷᠢᠭᠤᠴᠠᠯᠭ᠎ᠠ ᠵᠢ ᠬᠠᠤᠯᠢ ᠶᠤᠰᠤᠭ᠋ᠠᠷ ᠡᠭᠦᠷᠭᠡᠯᠡᠬᠦ ᠬᠡᠷᠡᠭᠲᠠᠢ᠃
ᠵᠠᠭᠤᠳᠤᠭ᠋ᠠᠷ ᠵᠦᠢ᠍ᠯ ᠬᠦᠮᠦᠨ ᠬᠡᠷᠡᠭᠯᠡᠬᠦ ᠨᠢᠭᠡᠴᠢ ᠤᠴᠢᠷ ᠰᠢᠯᠲᠠᠭ᠋ᠠᠨ ᠦᠭᠡᠢ᠎ᠪᠠᠷ ᠨᠡᠢ᠌ᠭᠡᠮ᠎ᠤᠨ ᠲᠠᠭ᠋ᠠᠳᠬᠠᠯ᠎ᠤᠨ ᠰᠦᠢ᠍ᠳᠭᠡᠯ ᠲᠤᠰᠢᠶᠠᠬᠤ ᠦᠭᠡᠢ ᠪᠠᠢ᠌ᠪᠠᠯ ᠬᠦᠳᠡᠯᠮᠦᠷᠢ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠡᠨ ᠲᠤᠭᠲᠠᠭᠰᠠᠨ ᠬᠤᠭᠤᠴᠠᠭ᠋ᠠᠨ᠎ᠳᠤ ᠲᠤᠰᠢᠶᠠᠯᠭ᠋ᠠᠨ᠎ᠠ; ᠬᠤᠭᠤᠴᠠᠭ᠎ᠠ ᠬᠡᠲᠤᠷᠡᠭᠡᠳ ᠲᠤᠰᠢᠶᠠᠬᠤ ᠦᠭᠡᠢ ᠪᠠᠢ᠌ᠪᠠᠯ ᠤᠳᠠᠭ᠋ᠠᠰᠢᠷᠠᠭᠤᠯᠤᠭᠰᠠᠨ ᠵᠤᠭᠤᠰ ᠨᠡᠮᠡᠨ ᠬᠤᠷᠢᠶᠠᠵᠤ ᠪᠤᠯᠤᠨ᠎ᠠ᠃
ᠵᠠᠭᠤ ᠨᠢᠭᠡᠳᠦᠭᠡᠷ ᠵᠦᠢ᠍ᠯ ᠬᠦᠮᠦᠨ ᠬᠡᠷᠡᠭᠯᠡᠬᠦ ᠨᠢᠭᠡᠴᠢ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠵᠢᠴᠢ ᠲᠡᠭᠦᠨ᠎ᠤ ᠠᠵᠢᠯᠲᠠᠨ᠎ᠤ ᠬᠢᠨᠠᠯᠲᠠ ᠲᠠᠯᠪᠢᠵᠤ ᠪᠠᠢ᠌ᠴᠠᠭ᠋ᠠᠬᠤ ᠡᠷᠬᠡ᠎ᠪᠠᠨ ᠬᠡᠷᠡᠭᠵᠢᠭᠦᠯᠬᠦ ᠵᠢ ᠶᠤᠰᠤ ᠪᠤᠰᠤ᠎ᠪᠠᠷ ᠬᠠᠷᠰᠢᠯᠠᠵᠤ᠂ ᠢᠯᠡᠴᠢᠯᠡᠨ ᠵᠠᠭ᠋ᠠᠯᠳᠤᠭᠰᠠᠳᠲᠤ ᠴᠤᠬᠢᠯᠲᠠ ᠦᠭᠭᠦᠨ ᠲᠡᠳᠡᠨ᠎ᠠᠴᠠ ᠬᠠᠷᠢᠭᠤ ᠠᠪᠤᠭᠰᠠᠨ ᠪᠠᠢ᠌ᠪᠠᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠤᠶᠤ ᠬᠤᠯᠪᠤᠭᠳᠠᠯ ᠪᠦᠬᠦᠢ ᠰᠠᠯᠠᠭ᠎ᠠ ᠮᠦᠴᠢᠷ ᠵᠤᠭᠤᠰ ᠵᠶ᠋ᠠᠷ ᠲᠤᠷᠭ᠋ᠠᠨ᠎ᠠ; ᠶᠠᠯ᠎ᠠ ᠪᠤᠯᠵᠤ ᠪᠦᠷᠢᠯᠳᠦᠭᠰᠡᠨ ᠪᠠᠢ᠌ᠪᠠᠯ ᠬᠠᠷᠢᠭᠤᠴᠯᠭ᠎ᠠ᠎ᠲᠠᠢ ᠬᠦᠮᠦᠨ᠎ᠠᠴᠠ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠵᠠᠭᠤ ᠬᠤᠶᠠᠳᠣᠭ᠋ᠠᠷ ᠵᠦᠢ᠍ᠯ ᠬᠦᠳᠡᠯᠮᠦᠷᠢᠴᠢᠨ ᠲᠤᠰ ᠬᠠᠤᠯᠢ᠎ᠳᠤ ᠲᠤᠭᠲᠠᠭ᠋ᠠᠭᠰᠠᠨ ᠨᠦᠬᠦᠴᠡᠯ᠎ᠢ ᠵᠦᠷᠢᠴᠡᠨ ᠬᠦᠳᠡᠯᠮᠦᠷᠢ ᠵᠢᠨ ᠭᠡᠷ᠎ᠡ ᠵᠢ ᠬᠦᠴᠦᠨ ᠦᠭᠡᠢ ᠪᠤᠯᠭ᠋ᠠᠭᠰᠠᠨ ᠪᠤᠶᠤ ᠬᠦᠳᠡᠯᠮᠦᠷᠢ ᠵᠢᠨ ᠭᠡᠷ᠎ᠡ᠎ᠳᠤ ᠲᠤᠭᠲᠠᠭ᠋ᠠᠭᠰᠠᠨ ᠨᠢᠭᠤᠴᠠ ᠵᠢ ᠬᠠᠮᠠᠭ᠋ᠠᠯᠠᠬᠤ ᠵᠦᠢ᠍ᠯ ᠵᠤᠷᠪᠤᠰ᠎ᠢ ᠵᠦᠷᠢᠴᠡᠭᠡᠳ ᠬᠦᠮᠦᠨ ᠬᠡᠷᠡᠭᠯᠡᠬᠦ ᠨᠢᠭᠡᠴᠢ᠎ᠳᠤ ᠠᠵᠤ ᠠᠬᠤᠢ ᠵᠢᠨ ᠬᠤᠬᠢᠷᠠᠯ ᠤᠴᠠᠷᠠᠭᠤᠯᠤᠭᠰᠠᠨ ᠪᠠᠢ᠌ᠪᠠᠯ ᠬᠠᠤᠯᠢ ᠶᠤᠰᠤᠭ᠋ᠠᠷ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠲᠠᠢ᠃
ᠵᠠᠭᠤ ᠭᠤᠷᠪᠠᠳᠤᠭ᠋ᠠᠷ ᠵᠦᠢ᠍ᠯ ᠬᠦᠳᠡᠯᠮᠦᠷᠢ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠤᠶᠤ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠨ ᠠᠵᠢᠯᠲᠠᠨ ᠡᠷᠬᠡ ᠲᠤᠰᠢᠶᠠᠯ ᠵᠶ᠋ᠠᠨ ᠲᠤᠷ᠎ᠠ᠎ᠪᠠᠷ ᠵᠶ᠋ᠠᠨ ᠬᠡᠷᠡᠭᠯᠡᠨ ᠡᠭᠦᠷᠭᠡ ᠲᠤᠰᠢᠶᠠᠯ ᠵᠶ᠋ᠠᠨ ᠤᠮᠳᠤᠭ᠋ᠠᠢ᠌ᠯᠠᠵᠤ ᠬᠤᠪᠢ ᠵᠢᠨ ᠨᠠᠢ᠌ᠷ ᠵᠶ᠋ᠠᠷ ᠬᠠᠤᠯᠢ ᠶᠤᠰᠤ ᠵᠢ ᠵᠦᠷᠢᠴᠡᠭᠡᠳ ᠶᠠᠯ᠎ᠠ ᠪᠤᠯᠤᠨ ᠪᠦᠷᠢᠯᠳᠤᠭᠰᠡᠨ ᠪᠠᠢ᠌ᠪᠠᠯ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ; ᠶᠠᠯ᠎ᠠ ᠪᠤᠯᠤᠨ ᠪᠦᠷᠢᠯᠳᠤᠭᠰᠡᠨ ᠦᠭᠡᠢ ᠪᠠᠢ᠌ᠪᠠᠯ ᠵᠠᠰᠠᠭ ᠵᠠᠬᠢᠷᠭ᠋ᠠᠨ᠎ᠤ ᠰᠢᠳᠭᠡᠯ ᠦᠭᠭᠦᠨ᠎ᠡ᠃
ᠵᠠᠭᠤ ᠲᠦᠷᠪᠡᠳᠦᠭᠡᠷ ᠵᠦᠢ᠍ᠯ ᠲᠦᠷᠦ ᠵᠢᠨ ᠠᠵᠢᠯᠲᠠᠨ ᠪᠠ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠬᠦ ᠵᠢ ᠭᠠᠷᠲᠠᠨ ᠡᠷᠬᠢᠯᠡᠬᠦ ᠪᠠᠢ᠌ᠭᠤᠯᠤᠮᠵᠢ ᠵᠢᠨ ᠠᠵᠢᠯᠲᠠᠨ ᠨᠡᠢ᠌ᠭᠡᠮ᠎ᠤᠨ ᠲᠠᠭ᠋ᠠᠳᠬᠠᠯ᠎ᠤᠨ ᠰᠠᠭᠤᠷᠢ ᠮᠦᠩᠭᠦ ᠵᠢ ᠨᠡᠭᠦᠯᠭᠡᠨ ᠬᠡᠷᠡᠭᠯᠡᠭᠡᠳ ᠶᠠᠯ᠎ᠠ ᠪᠤᠯᠤᠨ ᠪᠦᠷᠢᠯᠳᠦᠭᠰᠡᠨ ᠪᠠᠢ᠌ᠪᠠᠯ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃ ᠵᠠᠭᠤ ᠲᠠᠪᠤᠳᠤᠭ᠋ᠠᠷ ᠵᠦᠢ᠍ᠯ ᠲᠤᠰ ᠬᠠᠤᠯᠢ ᠵᠢᠨ ᠲᠤᠭᠲᠠᠭ᠋ᠠᠯ᠎ᠢ ᠵᠦᠷᠢᠴᠡᠨ ᠬᠦᠳᠡᠯᠮᠦᠷᠢᠴᠢᠳ᠎ᠤᠨ ᠬᠠᠤᠯᠢ ᠶᠤᠰᠤᠨ᠎ᠤ ᠡᠷᠬᠡ ᠠᠰᠢᠭ᠎ᠲᠤ ᠬᠠᠯᠳᠠᠭᠰᠠᠨ ᠶᠠᠪᠤᠳᠠᠯ᠎ᠢ ᠪᠤᠰᠤᠳ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ᠎ᠳᠤ ᠨᠢᠭᠡᠨᠲᠡ ᠰᠢᠳᠭᠡᠬᠦ᠎ᠪᠠᠷ ᠲᠤᠭᠲᠠᠭ᠋ᠠᠭᠰᠠᠨ ᠪᠠᠢ᠌ᠪᠠᠯ ᠲᠡᠷᠡ ᠬᠦ᠌ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ ᠶᠤᠰᠤᠭ᠋ᠠᠷ ᠰᠢᠳᠭᠡᠨ᠎ᠡ᠃
ᠠᠷᠪᠠᠨ ᠭᠤᠷᠪᠠᠳᠤᠭ᠋ᠠᠷ ᠪᠦᠯᠦᠭ ᠲᠠᠭ᠋ᠠᠯᠳᠤᠭᠤᠯᠤᠭᠰᠠᠨ ᠲᠦᠷᠢᠮ
ᠵᠠᠭᠤ ᠵᠢᠷᠭᠤᠳᠤᠭ᠋ᠠᠷ ᠵᠦᠢ᠍ᠯ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ ᠲᠤᠰ ᠬᠠᠤᠯᠢ ᠪᠤᠯᠤᠨ ᠲᠤᠰ ᠭᠠᠵᠠᠷ ᠤᠷᠤᠨ᠎ᠤ᠎ᠪᠠᠨ ᠪᠤᠲᠠᠲᠠᠢ ᠪᠠᠢ᠌ᠳᠠᠯ ᠵᠶ᠋ᠠᠨ ᠦᠨᠳᠦᠰᠦᠯᠡᠨ ᠬᠦᠳᠡᠯᠮᠦᠷᠢ ᠵᠢᠨ ᠭᠡᠷ᠎ᠡ ᠵᠢᠨ ᠲᠦᠷᠢᠮ᠎ᠢ ᠬᠡᠷᠡᠭᠵᠢᠭᠦᠯᠬᠦ ᠠᠯᠬᠤᠮ ᠲᠠᠷᠠᠭ᠎ᠠ᠎ᠪᠠᠨ ᠲᠤᠭᠲᠠᠭ᠋ᠠᠵᠤ ᠲᠦᠷᠦ ᠵᠢᠨ ᠶᠠᠪᠤᠳᠠᠯ᠎ᠤᠨ ᠬᠤᠷᠢᠶᠠᠨ᠎ᠳᠤ ᠮᠡᠳᠡᠭᠦᠯᠦᠨ ᠲᠠᠩᠰᠠᠯᠠᠭᠤᠯᠤᠨ᠎ᠠ᠃
ᠵᠠᠭᠤ ᠲᠤᠯᠤᠳᠤᠭ᠋ᠠᠷ ᠵᠦᠢ᠍ᠯ ᠲᠤᠰ ᠬᠠᠤᠯᠢ ᠵᠢ 1995 ᠣᠨ᠎ᠤ 1 ᠰᠠᠷ᠎ᠠ ᠵᠢᠨ 1᠎ᠤ ᠡᠳᠦᠷ᠎ᠠᠴᠠ ᠬᠡᠷᠡᠭᠵᠢᠭᠦᠯᠦᠨ᠎ᠡ᠃