《 ᠬᠣᠶᠠᠷ ᠬᠠᠯᠬᠠᠪᠴᠢ》《 ᠬᠣᠶᠠᠷ ᠰᠠᠭᠤᠷᠢᠨ》《 ᠨᠢᠭᠡ ᠪᠡᠬᠢᠯᠡᠯᠲᠡ》᠎ᠶ᠋ᠢ ᠯᠠᠪᠳᠠᠭᠤᠨ ᠪᠠᠲᠤᠲᠠᠢ ᠠᠬᠢᠭᠤᠯᠤᠶ᠎ᠠ   -   ᠪᠠᠶ᠋ᠢᠷᠢᠯᠠᠭᠤᠯᠤᠯᠲᠠ ᠨᠠᠶ᠋ᠢᠳᠠᠪᠤᠷᠢᠵᠢᠭᠤᠯᠤᠯᠲᠠ
ᠬᠠᠳᠠᠭᠠᠯᠠᠯᠲᠠ᠎ᠶᠢᠨ ᠬᠤᠭᠤᠴᠠᠭ᠎ᠠ᠎ᠶᠢ 120 ᠡᠳᠦᠷ ᠣᠷᠴᠢᠮ ᠪᠣᠯᠭᠠᠨ ᠤᠷᠲᠤᠳᠭᠠᠵᠤ ᠢᠯᠵᠢᠷᠡᠵᠦ᠍ ᠰᠦᠢᠳᠬᠦ᠌ ᠨᠣᠷᠮ᠎ᠠ᠎ᠶᠢ 5% ᠎ᠡᠴᠡ ᠳᠣᠷᠣᠭ᠍ᠰᠢ ᠪᠣᠯᠲᠠᠯ᠎ᠠ ᠪᠠᠭᠤᠷᠠᠭᠤᠯᠵᠤ ᠲᠦᠩᠯᠢᠶᠣᠣ ᠬᠣᠲᠠ ᠵᠢᠯ ᠪᠦᠷᠢ ᠮᠢᠩᠭᠠᠨ ᠲᠦᠮᠡᠨ ᠵᠢᠩ ᠵᠢᠮᠢᠰ᠎ᠦᠨ ᠪᠦᠲᠦᠭᠡᠭᠳᠡᠬᠦᠨ᠎ᠢ ᠭᠠᠳᠠᠭᠠᠳᠤ ᠳ᠋ᠤ᠌ ᠭᠠᠷᠭᠠᠵᠤ ᠪᠤᠢ
ᠨᠡᠶ᠋ᠢᠲᠡᠯᠡᠭᠰᠡᠨ ᠴᠠᠭ᠄ 2025-08-11

ᠲᠦᠩᠯᠢᠶᠣᠣ ᠬᠣᠲᠠ᠎ᠶᠢᠨ ᠣᠶ ᠰᠢᠭᠤᠢ ᠪᠠ ᠨᠤᠲᠤᠭ ᠪᠡᠯᠴᠢᠭᠡᠷ᠎ᠦᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠭᠠᠵᠠᠷ᠂ ᠳᠤᠮᠳᠠᠳᠤ ᠤᠯᠤᠰ᠎ᠦᠨ ᠲᠠᠷᠢᠶᠠᠯᠠᠩ᠎ᠦᠨ ᠰᠢᠨᠵᠢᠯᠡᠬᠦ ᠤᠬᠠᠭᠠᠨ ᠤ᠋ ᠬᠦᠷᠢᠶᠡᠯᠡᠩ᠎ᠦᠨ ᠵᠢᠮᠢᠰ ᠎ᠦᠨ ᠮᠣᠳᠣ᠌ ᠰᠤᠳᠤᠯᠬᠤ ᠭᠠᠵᠠᠷ ᠡᠴᠡ ᠬᠠᠮᠲᠤᠷᠠᠨ ᠰᠤᠳᠤᠯᠤᠨ ᠨᠡᠭᠡᠭᠡᠵᠦ ᠰᠢᠨ᠎ᠡ ᠶ᠋ᠢ ᠡᠭᠦᠳᠦᠨ ᠪᠠᠢᠭᠤᠯᠤᠭᠰᠠᠨ 《ᠨᠠᠷᠢᠯᠢᠭ᠋ ᠣᠨᠣᠴᠠᠲᠠᠢ ᠪᠡᠷ ᠲᠡᠭᠦᠵᠦ ᠬᠤᠷᠢᠶᠠᠬᠤ + ᠣᠶᠤᠨᠴᠢ ᠪᠡᠷ ᠠᠭᠠᠷ ᠲᠣᠬᠢᠷᠠᠭᠤᠯᠬᠤ + ᠠᠮᠢᠳᠤ ᠪᠣᠳᠠᠰ᠎ᠦᠨ ᠠᠷᠭ᠎ᠠ ᠪᠡᠷ ᠰᠣᠷᠭᠣᠭ᠎ᠢ ᠪᠠᠲᠤᠯᠠᠬᠤ》 ᠮᠡᠷᠭᠡᠵᠢᠯ᠎ᠦᠨ ᠰᠢᠰᠲᠧᠮ ᠣᠢᠷ᠎ᠠ ᠳ᠋ᠤ᠌ ᠲᠤᠰᠬᠠᠢ ᠮᠡᠷᠭᠡᠵᠢᠯᠲᠡᠨ ᠤ᠋ ᠬᠢᠨᠠᠨ ᠲᠣᠭᠲᠠᠭᠠᠯᠲᠠ ᠶ᠋ᠢ ᠥᠩᠭᠡᠷᠡᠭᠦᠯᠪᠡ᠃ ᠲᠣᠰ ᠮᠡᠷᠭᠡᠵᠢᠯ᠎ᠦᠨ ᠰᠢᠰᠲᠧᠮ ᠨᠢ ᠣᠯᠠᠨ ᠵᠦᠢᠯ᠎ᠦᠨ ᠮᠡᠷᠭᠡᠵᠢᠯ᠎ᠦᠨ ᠪᠣᠭᠣᠮᠢ ᠶ᠋ᠢ ᠰᠢᠪᠲᠤᠯᠵᠤ᠂ ᠲᠡᠭᠦᠵᠦ ᠬᠠᠳᠠᠭᠠᠯᠠᠭᠰᠠᠨ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ ᠨᠢ ᠠᠮᠠᠷᠬᠠᠨ ᠢᠯᠵᠢᠷᠡᠬᠦ᠂ ᠪᠠᠷᠠᠭᠠᠨ ᠤ᠋ ᠲᠠᠯᠪᠢᠭᠤᠷ ᠲᠦ᠍ ᠳᠡᠯᠭᠡᠵᠦ ᠲᠠᠢᠯᠭᠦ ᠬᠤᠭᠤᠴᠠᠭ᠎ᠠ ᠨᠢ ᠣᠬᠣᠷ ᠵᠡᠷᠭᠡ ᠬᠦᠴᠢᠷᠳᠡᠯ᠎ᠢ ᠪᠦᠳᠦᠮᠵᠢᠳᠠᠢ ᠰᠢᠢᠳᠪᠦᠷᠢᠯᠡᠵᠦ᠂ ᠠᠵᠤ ᠦᠢᠯᠡᠰ᠎ᠦᠨ ᠬᠥᠭᠵᠢᠯᠲᠡ᠎ᠶᠢᠨ ᠪᠣᠭᠣᠮᠢ᠎ᠶᠢᠨ ᠠᠰᠠᠭᠤᠳᠠᠯ᠎ᠢ ᠰᠢᠢᠳᠪᠦᠷᠢᠯᠡᠪᠡ᠃

ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ ᠪᠣᠯ ᠲᠦᠩᠯᠢᠶᠣᠣ ᠬᠣᠲᠠ᠎ᠶᠢᠨ ᠣᠶ ᠰᠢᠭᠤᠢ ᠪᠠ ᠨᠤᠲᠤᠭ ᠪᠡᠯᠴᠢᠭᠡᠷ᠎ᠦᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠭᠠᠵᠠᠷ᠎ᠦᠨ 20 ᠭᠠᠷᠤᠢ ᠵᠢᠯ ᠰᠣᠩᠭᠣᠨ ᠪᠣᠢᠵᠢᠭᠤᠯᠤᠭᠰᠠᠨ ᠵᠢᠵᠢᠭ ᠠᠯᠮᠤᠷᠠᠳ᠎ᠦᠨ ᠰᠢᠨ᠎ᠡ ᠡᠭᠦᠯᠳᠡᠷ ᠪᠣᠯᠣᠨ᠎ᠠ᠃ ᠲᠣᠰ ᠠᠯᠮᠤᠷᠠᠳ᠎ᠢ ᠠᠮᠵᠢᠯᠲᠠ ᠲᠠᠶ ᠰᠣᠩᠭᠣᠨ ᠪᠣᠢᠵᠢᠭᠤᠯᠤᠭᠰᠠᠨ ᠨᠢ ᠥᠪᠥᠷ ᠮᠣᠩᠭᠣᠯ ᠣᠷᠣᠨ ᠤ᠋ ᠠᠯᠮᠤᠷᠠᠳ᠎ᠦᠨ ᠲᠥᠷᠥᠯ ᠵᠦᠢᠯ᠎ᠦᠨ ᠪᠡᠶ᠎ᠡ ᠪᠡᠨ ᠳᠠᠭᠠᠭᠠᠵᠤ ᠰᠤᠳᠤᠯᠤᠨ ᠨᠡᠭᠡᠭᠡᠬᠦ ᠬᠦᠷᠢᠶᠡᠨ ᠳ᠋ᠡᠭᠢ ᠬᠣᠭᠣᠰᠤᠨ᠎ᠢ ᠨᠥᠬᠥᠪᠦᠷᠢᠯᠡᠭᠰᠡᠨ ᠵᠢᠡᠷ ᠪᠠᠷᠠᠬᠤ ᠦᠭᠡᠢ᠂ ᠮᠠᠨ ᠤ᠋ ᠤᠯᠤᠰ᠎ᠦᠨ ᠤᠮᠠᠷᠠᠲᠤ᠎ᠶᠢᠨ ᠬᠦᠢᠲᠡᠨ ᠭᠠᠵᠠᠷ᠎ᠦᠨ ᠠᠯᠮᠤᠷᠠᠳ᠎ᠦᠨ ᠲᠥᠷᠥᠯ ᠵᠦᠢᠯ᠎ᠦᠨ ᠡᠬᠢ ᠪᠠᠶᠠᠯᠢᠭ᠋᠎ᠢ ᠪᠠᠶᠠᠯᠢᠭ᠍ᠵᠢᠭᠤᠯᠵᠤ᠂ ᠣᠲᠣ᠌ ᠨᠢᠭᠡᠨᠲᠡ ᠮᠠᠨ ᠤ᠋ ᠤᠯᠤᠰ᠎ᠦᠨ ᠤᠮᠠᠷᠠᠲᠤ᠎ᠶᠢᠨ ᠴᠢᠨᠠᠷ ᠰᠠᠢᠲᠠᠢ ᠣᠨᠴᠠᠯᠢᠭ᠍ᠲᠤ ᠠᠯᠮᠤᠷᠠᠳ᠎ᠦᠨ ᠰᠠᠭᠤᠷᠢᠨ ᠤ᠋ ᠪᠦᠲᠦᠭᠡᠨ ᠪᠠᠢᠭᠤᠯᠤᠯᠲᠠ᠎ᠶᠢᠨ ᠲᠡᠷᠢᠭᠦᠨ ᠰᠣᠩᠭᠣᠯᠲᠠ᠎ᠶᠢᠨ ᠵᠢᠮᠢᠰ᠎ᠦᠨ ᠮᠣᠳᠣᠨ ᠤ᠋ ᠲᠥᠷᠥᠯ ᠪᠣᠯᠵᠠᠢ᠃ 2022 ᠣᠨ ᠳ᠋ᠤ᠌ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ ᠣᠯᠠᠨ ᠤᠯᠤᠰ᠎ᠦᠨ ᠣᠶ ᠰᠢᠭᠤᠢ᠎ᠶᠢᠨ ᠭᠡᠷᠡᠴᠢᠯᠡᠯ ᠵᠥᠪᠰᠢᠶᠡᠷᠡᠯ᠎ᠦᠨ ᠲᠥᠯᠥᠪᠯᠡᠭᠡ PEFC᠎ᠶᠢᠨ ᠢᠯᠡᠳᠬᠡᠮᠵᠢ ᠲᠡᠮᠳᠡᠭ᠎ᠢ ᠣᠯᠵᠤ᠂ ᠡᠸᠦ᠋ᠷᠦᠫᠡ ᠲᠢᠪ ᠵᠡᠷᠭᠡ ᠤᠯᠤᠰ ᠪᠠ ᠭᠠᠵᠠᠷ ᠣᠷᠣᠨ ᠳ᠋ᠤ᠌ ᠪᠣᠷᠣᠯᠠᠭᠤᠯᠬᠤ 《ᠰᠠᠭᠠᠳ ᠦᠭᠡᠢ ᠨᠡᠪᠲᠡᠷᠡᠬᠦ ᠦᠨᠡᠮᠯᠡᠯ》 ᠲᠠᠢ ᠪᠣᠯᠪᠠ᠃

ᠲᠦᠩᠯᠢᠶᠣᠣ ᠬᠣᠲᠠ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠦᠨ ᠮᠣᠳᠣ᠌᠎ᠶᠢᠨ ᠭᠠᠩ ᠳ᠋ᠤ᠌ ᠳᠠᠭᠠᠭᠠᠴᠠᠲᠠᠢ᠂ ᠬᠦᠢᠲᠡᠨ ᠳ᠋ᠤ᠌ ᠲᠡᠰᠪᠦᠷᠢᠲᠡᠢ ᠣᠨᠴᠠᠯᠢᠭ᠋᠎ᠢ ᠠᠰᠢᠭ᠍ᠯᠠᠨ᠂ ᠬᠣᠷᠴᠢᠨ ᠤ᠋ ᠡᠯᠡᠰᠦᠷᠬᠡᠭ ᠭᠠᠵᠠᠷ᠎ᠢ ᠵᠠᠰᠠᠬᠤ ᠲᠡᠷᠢᠭᠦᠨ ᠰᠣᠩᠭᠣᠯᠲᠠ᠎ᠶᠢᠨ ᠠᠵᠤ ᠠᠬᠤᠢ᠎ᠶᠢᠨ ᠣᠶ᠎ᠶᠢᠨ ᠲᠥᠷᠥᠯ ᠵᠦᠢᠯ ᠪᠤᠯᠭᠠᠵᠤ᠂ ᠥᠩᠭᠡᠷᠡᠭᠰᠡᠨ ᠤ᠋ ᠡᠯᠡᠰᠦᠨ ᠭᠠᠵᠠᠷ᠎ᠢ ᠪᠣᠬᠢᠷᠳᠤᠯ ᠦᠭᠡᠢ ᠵᠢᠮᠢᠰ᠎ᠦᠨ ᠬᠦᠷᠢᠶᠡᠯᠡᠩ ᠪᠣᠯᠭᠠᠪᠠ᠃ ᠤᠳᠤ ᠪᠦᠭᠦ ᠬᠣᠲᠠ᠎ᠶᠢᠨ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠦᠨ ᠮᠣᠳᠣ᠌ ᠳᠠᠷᠢᠭ᠍ᠰᠠᠨ ᠲᠠᠯᠠᠪᠠᠶ 30 ᠲᠦᠮᠡᠨ ᠮᠦ᠍ ᠶ᠋ᠢ ᠳᠠᠪᠠᠵᠤ᠂ ᠬᠡᠰᠡᠭ ᠵᠢᠮᠢᠰ᠎ᠦᠨ ᠬᠦᠷᠢᠶᠡᠯᠡᠩ ᠨᠢᠭᠡᠨᠲᠡ ᠬᠤᠷᠢᠶᠠᠯᠲᠠ᠎ᠶᠢᠨ ᠬᠤᠭᠤᠴᠠᠭᠠᠨ ᠳ᠋ᠤ᠌ ᠣᠷᠣᠪᠠ᠃ ᠪᠦᠷᠢᠨ ᠪᠤᠰᠤ ᠪᠦᠷᠢᠳᠬᠡᠯ᠎ᠢ ᠦᠨᠳᠦᠰᠦᠯᠡᠪᠡᠯ᠂ 2024 ᠣᠨ ᠳ᠋ᠤ᠌ ᠪᠦᠭᠦ ᠬᠣᠲᠠ᠎ᠶᠢᠨ ᠰᠢᠨ᠎ᠡ ᠰᠣᠷᠭᠣᠭ ᠵᠢᠮᠢᠰ᠎ᠦᠨ ᠭᠠᠷᠤᠯᠲᠠ 1.4 ᠳ᠋ᠦᠩᠰᠢᠭᠤᠷ ᠵᠢᠩ ᠳ᠋ᠤ᠌ ᠬᠦᠷᠴᠦ᠂ ᠵᠢᠮᠢᠰ᠎ᠦᠨ ᠮᠣᠳᠣ᠌ ᠲᠠᠷᠢᠭ᠍ᠰᠠᠳ᠎ᠦᠨ ᠪᠣᠷᠤᠯᠠᠭᠤᠯᠭ᠎ᠠ᠎ᠶᠢᠨ ᠣᠷᠣᠯᠭ᠎ᠠ 4.2 ᠳ᠋ᠦᠩᠰᠢᠭᠤᠷ ᠲᠥᠭᠥᠷᠢᠭ ᠲᠤ᠌ ᠭᠦᠷᠦᠭᠰᠡᠨ ᠪᠠᠢᠨ᠎ᠠ᠃ ᠵᠢᠮᠢᠰ᠎ᠦᠨ ᠪᠦᠲᠦᠭᠡᠭᠳᠡᠬᠦᠨ ᠵᠢᠡᠨ ᠭᠤᠸᠠᠩᠵᠧᠦ᠂ ᠱᠧᠨᠵᠧᠨ᠂ ᠱᠠᠩᠬᠠᠢ᠂ ᠪᠡᠭᠡᠵᠢᠩ ᠵᠡᠷᠭᠡ ᠲᠣᠮᠣ᠌ ᠳᠤᠮᠳᠠ ᠬᠣᠲᠠ ᠳ᠋ᠤ᠌ ᠪᠣᠷᠣᠯᠠᠭᠤᠯᠵᠤ ᠪᠠᠢᠬᠤ ᠪᠡᠷ ᠪᠠᠷᠠᠬᠤ ᠦᠭᠡᠢ᠂ ᠣᠢᠷ᠎ᠠ᠎ᠶᠢᠨ ᠵᠢᠯ ᠳ᠋ᠤ᠌ ᠵᠢᠯ ᠪᠦᠷᠢ ᠮᠢᠩᠭᠠᠨ ᠲᠦᠮᠡᠨ ᠵᠢᠩ ᠣᠷᠴᠢᠮ ᠵᠢᠮᠢᠰ᠎ᠦᠨ ᠪᠦᠲᠦᠭᠡᠭᠳᠡᠬᠦᠨ ᠵᠢᠡᠨ ᠵᠡᠭᠦᠨ ᠡᠮᠦᠨᠡᠲᠦ ᠠᠽᠢᠶ᠎ᠠ ᠵᠡᠷᠭᠡ ᠭᠠᠵᠠᠷ ᠣᠷᠣᠨ ᠳ᠋ᠤ᠌ ᠭᠠᠷᠭᠠᠵᠤ ᠪᠤᠢ᠃ ᠡᠢᠮᠦᠷᠬᠦᠦ ᠠᠮᠢ ᠠᠬᠤᠢ ᠪᠠ ᠠᠵᠤ ᠠᠬᠤᠢ᠎ᠶᠢᠨ ᠦᠷ᠎ᠡ ᠠᠰᠢᠭ᠋᠎ᠦᠨ ᠬᠣᠣᠰ ᠳᠠᠪᠠᠭᠤᠯᠢᠭ᠋ ᠨᠢ ᠰᠢᠨᠵᠢᠶᠠᠩ ᠵᠡᠷᠭᠡ ᠤᠯᠠᠨ ᠭᠠᠵᠠᠷ᠎ᠦᠨ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠢ ᠲᠤᠷᠰᠢᠨ ᠳᠠᠷᠢᠬᠤ ᠶ᠋ᠢ ᠲᠠᠢᠴᠢᠯᠠᠵᠤ᠂ ᠪᠦᠭᠦ ᠤᠯᠤᠰ ᠲᠦ᠍ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠢ ᠳᠠᠷᠢᠭ᠍ᠰᠠᠨ ᠲᠠᠯᠠᠪᠠᠶ ᠪᠠᠷᠤᠭ ᠵᠠᠭᠤᠨ ᠲᠦᠮᠡᠨ ᠮᠦ᠍ ᠳ᠋ᠤ᠌ ᠬᠦᠷᠴᠡᠢ᠃

ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ ᠣᠯᠠᠨ ᠤ᠋ ᠬᠦᠷᠢᠶᠡᠯᠡᠯ᠎ᠢ ᠣᠯᠣᠭᠰᠠᠨ ᠪᠤᠯᠪᠠᠴᠦ ᠲᠡᠭᠦᠵᠦ ᠬᠤᠷᠢᠶᠠᠭᠰᠠᠨ ᠤ᠋ ᠳᠠᠷᠠᠭ᠎ᠠ ᠰᠢᠨ᠎ᠡ ᠰᠣᠷᠭᠣᠭ᠎ᠢ ᠪᠠᠲᠤᠯᠠᠬᠤ ᠮᠡᠷᠭᠡᠵᠢᠯ᠎ᠦᠨ ᠲᠠᠯ᠎ᠠ ᠪᠡᠷ ᠭᠢ ᠱᠠᠭᠠᠷᠳᠠᠯᠭ᠎ᠠ ᠨᠢ ᠮᠠᠰᠢ ᠥᠨᠳᠥᠷ ᠪᠣᠯᠬᠣᠷ ᠲᠡᠭᠦᠵᠦ ᠬᠠᠳᠠᠭᠠᠯᠠᠭᠰᠠᠨ ᠠᠯᠮᠤᠷᠠᠳ᠎ᠦᠨ ᠶᠠᠰᠤ ᠴᠢᠨᠠᠷ ᠨᠢ ᠬᠦᠨᠳᠦ ᠨᠣᠴᠢᠲᠠᠢ ᠪᠠᠭᠤᠷᠠᠬᠤ᠂ ᠹᠢᠽᠢᠣᠯᠣᠭᠢ᠎ᠶᠢᠨ ᠡᠪᠡᠳᠴᠢᠨ ᠤ᠋ ᠬᠥᠨᠥᠭᠡᠯ ᠣᠯᠠᠨ ᠡᠭᠦᠰᠬᠦ᠂ ᠢᠯᠵᠢᠷᠡᠵᠦ ᠬᠣᠬᠢᠷᠠᠬᠤ ᠨᠣᠷᠮ᠎ᠠ ᠪᠡᠷ ᠥᠨᠳᠥᠷ᠂ ᠪᠠᠷᠠᠭᠠᠨ ᠤ᠋ ᠲᠠᠯᠪᠢᠭᠤᠷ ᠲᠦ᠍ ᠳᠡᠯᠭᠡᠵᠦ ᠲᠠᠢᠯᠭᠦ ᠬᠤᠭᠤᠴᠠᠭ᠎ᠠ ᠨᠢ ᠣᠬᠣᠷ ᠵᠡᠷᠭᠡ ᠠᠰᠠᠭᠤᠳᠠᠯ ᠳ᠋ᠤ᠌ ᠲᠤᠯᠭᠠᠷᠠᠪᠠ᠃

ᠬᠠᠮᠢᠶ᠎ᠠ ᠪᠦᠬᠦᠢ ᠰᠤᠳᠤᠯᠭᠠᠲᠠᠨ ᠪᠠ ᠠᠵᠢᠯᠲᠠᠳ ᠳᠠᠭᠢᠨ ᠳᠠᠪᠲᠠᠨ ᠲᠤᠷᠰᠢᠯᠲᠠ ᠬᠢᠭᠰᠡᠨ ᠰᠠᠭᠤᠷᠢᠨ ᠳᠡᠭᠡᠷ᠎ᠡ 《ᠨᠠᠷᠢᠯᠢᠭ᠋ ᠣᠨᠣᠴᠠᠲᠠᠢ ᠪᠡᠷ ᠲᠡᠭᠦᠵᠦ ᠬᠤᠷᠢᠶᠠᠬᠤ + ᠣᠶᠤᠨᠴᠢ ᠪᠡᠷ ᠠᠭᠠᠷ ᠲᠣᠬᠢᠷᠠᠭᠤᠯᠬᠤ + ᠠᠮᠢᠳᠤ ᠪᠣᠳᠠᠰ᠎ᠦᠨ ᠠᠷᠭ᠎ᠠ ᠪᠡᠷ ᠰᠣᠷᠭᠣᠭ᠎ᠢ ᠪᠠᠲᠤᠯᠠᠬᠤ》 ᠮᠡᠷᠭᠡᠵᠢᠯ᠎ᠦᠨ ᠰᠢᠰᠲᠧᠮ ᠳ᠋ᠤ᠌ ᠲᠦᠰᠢᠭᠯᠡᠨ᠂ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠢ ᠣᠷᠳᠣ᠌ ᠬᠤᠭᠤᠴᠠᠭ᠎ᠠ ᠪᠡᠷ ᠬᠠᠳᠠᠭᠠᠯᠠᠬᠤ ᠪᠠ ᠠᠯᠤᠰ ᠲᠦ᠍ ᠲᠡᠭᠡᠭᠡᠪᠦᠷᠢᠯᠡᠬᠦ ᠬᠠᠮᠤᠭ᠎ᠦᠨ ᠲᠣᠬᠢᠷᠠᠮᠵᠢᠲᠠᠢ ᠲᠡᠭᠦᠬᠦ ᠪᠠᠷᠢᠮᠵᠢᠶ᠎ᠠ ᠶ᠋ᠢ ᠳᠤᠷᠠᠳᠤᠨ ᠭᠠᠷᠭᠠᠪᠠ; ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠢ ᠲᠡᠭᠦᠵᠦ ᠬᠤᠷᠢᠶᠠᠭᠰᠠᠨ ᠤ᠋ ᠳᠠᠷᠠᠭᠠᠬᠢ ᠹᠢᠽᠢᠣᠯᠣᠭᠢ᠎ᠶᠢᠨ ᠣᠨᠴᠠᠯᠢᠭ᠋᠎ᠢ ᠦᠨᠳᠦᠰᠦᠯᠡᠨ᠂ ᠬᠠᠳᠠᠭᠠᠯᠠᠬᠤ ᠳᠤᠯᠠᠭᠠᠨ ᠤ᠋ ᠬᠡᠮᠵᠢᠶ᠎ᠡ᠂ ᠴᠢᠭᠢᠭ᠎ᠦᠨ ᠬᠡᠮᠵᠢᠶ᠎ᠡ ᠪᠠ ᠠᠭᠠᠷ᠎ᠦᠨ ᠪᠠᠢᠳᠠᠯ ᠵᠡᠷᠭᠡ ᠶ᠋ᠢ ᠨᠠᠷᠢᠯᠢᠭ᠋ ᠣᠨᠣᠴᠠᠲᠠᠢ ᠡᠵᠡᠮᠳᠡᠬᠦ ᠪᠡᠷ ᠳᠠᠮᠵᠢᠨ ᠬᠠᠮᠤᠭ᠎ᠦᠨ ᠲᠣᠬᠢᠷᠠᠮᠵᠢᠲᠠᠢ ᠠᠭᠠᠷ᠎ᠦᠨ ᠣᠷᠴᠢᠨ ᠲᠣᠭᠣᠷᠢᠨ ᠤ᠋ ᠪᠣᠯᠵᠣᠯᠲᠤ ᠲᠣᠭ᠎ᠠ ᠶ᠋ᠢ ᠲᠣᠭᠲᠠᠭᠠᠵᠤ᠂ ᠬᠠᠳᠠᠭᠠᠯᠠᠬᠤ ᠴᠠᠭ᠎ᠢ ᠤᠷᠲᠤᠳᠬᠠᠬᠤ ᠬᠠᠷᠠᠯᠲᠠ ᠳ᠋ᠤ᠌ ᠬᠦᠷᠴᠡᠢ᠃ ᠡᠭᠦᠨ ᠤ᠋ ᠬᠠᠮᠲᠤ ᠠᠮᠢᠳᠤ ᠪᠣᠳᠠᠰ᠎ᠦᠨ ᠮᠡᠷᠭᠡᠵᠢᠯ᠎ᠦᠨ ᠠᠷᠭ᠎ᠠ ᠪᠠᠷᠢᠯ ᠵᠢᠡᠷ ᠳᠠᠮᠵᠢᠨ ᠲᠡᠭᠦᠵᠦ ᠬᠤᠷᠢᠶᠠᠭᠰᠠᠨ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠦᠨ ᠢᠯᠵᠢᠷᠡᠵᠦ ᠬᠣᠬᠢᠷᠠᠬᠤ ᠶ᠋ᠢ ᠬᠣᠷᠢᠭ᠍ᠯᠠᠵᠤ᠂ ᠵᠢᠮᠢᠰ᠎ᠦᠨ ᠶᠠᠰᠤ ᠴᠢᠨᠠᠷ᠎ᠢ ᠪᠠᠲᠤᠯᠠᠬᠤ᠎ᠶᠢᠨ ᠬᠠᠮᠲᠤ ᠪᠠᠷᠠᠭᠠᠨ ᠤ᠋ ᠲᠠᠯᠪᠢᠭᠤᠷ ᠲᠦ᠍ ᠳᠡᠯᠭᠡᠵᠦ ᠪᠤᠯᠬᠤ ᠬᠤᠭᠤᠴᠠᠭ᠎ᠠ ᠶ᠋ᠢ ᠤᠷᠲᠤᠳᠬᠠᠪᠠ᠃ ᠬᠢᠨᠠᠨ ᠲᠣᠭᠲᠠᠭᠠᠵᠤ ᠰᠢᠯᠭᠠᠨ ᠲᠣᠭᠲᠠᠭᠠᠬᠤ ᠬᠤᠷᠠᠯ ᠳᠡᠭᠡᠷ᠎ᠡ᠂ ᠤᠯᠤᠰ᠎ᠦᠨ ᠳᠣᠲᠣᠭᠠᠳᠤ᠎ᠶᠢᠨ ᠬᠣᠯᠪᠣᠭᠳᠠᠯ ᠪᠦᠬᠦᠢ ᠬᠦᠷᠢᠶᠡᠨ ᠤ᠋ ᠡᠷᠬᠡ ᠰᠦᠷᠲᠦ ᠲᠤᠰᠬᠠᠢ ᠮᠡᠷᠭᠡᠵᠢᠯᠲᠡᠳ ᠡᠴᠡ ᠲᠤᠰ ᠦᠷ᠎ᠡ ᠪᠦᠲᠦᠭᠡᠯ ᠨᠢ ᠤᠯᠤᠰ᠎ᠦᠨ ᠳᠣᠲᠣᠭᠠᠳᠤ᠎ᠶᠢᠨ ᠲᠡᠷᠢᠭᠦᠨ ᠤ᠋ ᠲᠦᠪᠰᠢᠨ ᠳ᠋ᠤ᠌ ᠬᠦᠷᠴᠡᠢ ᠭᠡᠵᠦ ᠰᠠᠨᠠᠯ ᠨᠢᠭᠡᠲᠡᠢ ᠦᠵᠡᠵᠡᠭᠡᠵᠡᠢ᠃

《ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠦᠨ ᠬᠦᠴᠦᠨ ᠳ᠋ᠤ᠌ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠢ ᠬᠠᠳᠠᠭᠠᠯᠠᠬᠤ ᠦᠷ᠎ᠡ ᠪᠦᠲᠦᠮᠵᠢ ᠢᠯᠡᠳᠲᠡ ᠳᠡᠭᠡᠭᠰᠢᠯᠡᠪᠡ᠃ ᠲᠤᠷᠰᠢᠯᠲᠠ᠎ᠶᠢᠨ ᠲᠣᠭ᠎ᠠ ᠪᠠᠷᠢᠮᠲᠠ ᠳ᠋ᠤ᠌ ᠢᠯᠡᠷᠡᠭᠦᠯᠦᠭᠰᠡᠨ ᠵᠢᠡᠷ᠂ ᠲᠣᠰ ᠮᠡᠷᠭᠡᠵᠢᠯ᠎ᠢ ᠬᠡᠷᠡᠭᠯᠡᠭᠰᠡᠨ ᠤ᠋ ᠳᠠᠷᠠᠭ᠎ᠠ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠦᠨ ᠬᠠᠳᠠᠭᠠᠯᠠᠯᠲᠠ᠎ᠶᠢᠨ ᠬᠤᠭᠤᠴᠠᠭ᠎ᠠ ᠶ᠋ᠢ ᠤᠤᠯ᠎ᠦᠨ 45 ᠡᠳᠦᠷ ᠪᠠᠢᠭᠰᠠᠨ ᠡᠴᠡ 120 ᠡᠳᠦᠷ ᠣᠷᠴᠢᠮ ᠪᠣᠯᠭᠠᠨ ᠤᠷᠲᠤᠳᠬᠠᠵᠤ᠂ ᠢᠯᠵᠢᠷᠡᠵᠦ ᠰᠦᠢᠳᠬᠦ ᠨᠣᠷᠮ᠎ᠠ ᠶ᠋ᠢ ᠤᠤᠯ᠎ᠦᠨ 40% ᠪᠠᠢᠭᠰᠠᠨ ᠡᠴᠡ 5% ᠡᠴᠡ ᠳᠣᠷᠣᠭ᠍ᠰᠢ ᠪᠣᠯᠭᠠᠨ ᠪᠠᠭᠤᠷᠠᠭᠤᠯᠪᠠ᠃ ᠡᠭᠦᠨ ᠤ᠋ ᠬᠠᠮᠲᠤ ᠵᠢᠮᠢᠰ᠎ᠦᠨ ᠬᠠᠲᠠᠭᠤᠴᠠ᠂ ᠰᠢᠬᠢᠷ ᠬᠦᠴᠢᠯ᠎ᠦᠨ ᠬᠠᠷᠢᠴᠠᠯ ᠵᠡᠷᠭᠡ ᠵᠠᠩᠭᠢᠯᠠᠭ᠎ᠠ᠎ᠶᠢᠨ ᠶᠠᠰᠤ ᠴᠢᠨᠠᠷ᠎ᠦᠨ ᠭᠦᠢᠴᠡᠳᠬᠡᠯ ᠲᠣᠭ᠎ᠠ ᠶ᠋ᠢ ᠴᠤ᠌ ᠪᠦᠳᠦᠮᠵᠢᠳᠡᠢ ᠪᠠᠲᠤᠯᠠᠵᠤ᠂ ᠵᠢᠮᠢᠰ᠎ᠦᠨ ᠪᠦᠲᠦᠭᠡᠭᠳᠡᠬᠦᠨ ᠤ᠋ ᠺᠢᠯᠣᠭ᠌ᠷᠠᠮ ᠪᠦᠷᠢ᠎ᠶᠢᠨ ᠳᠤᠮᠳᠠᠴᠢ ᠥᠷᠲᠡᠭ᠎ᠢ 2 ᠲᠥᠭᠥᠷᠢᠭ ᠨᠡᠮᠡᠭᠳᠡᠭᠦᠯᠪᠡ》 ᠭᠡᠵᠦ ᠲᠦᠩᠯᠢᠶᠣᠣ ᠬᠣᠲᠠ᠎ᠶᠢᠨ ᠣᠶ ᠰᠢᠭᠤᠢ ᠪᠠ ᠨᠤᠲᠤᠭ ᠪᠡᠯᠴᠢᠭᠡᠷ᠎ᠦᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠭᠠᠵᠠᠷ᠎ᠦᠨ ᠳᠡᠳ᠋ ᠳᠠᠷᠤᠭ᠎ᠠ ᠸᠠᠩ ᠪᠦᠦ ᠰᠢᠶᠠ ᠬᠡᠯᠡᠨ᠎ᠡ᠃ ᠤᠳᠤ ᠡᠨᠡ ᠬᠦ᠌ ᠰᠢᠨ᠎ᠡ ᠶ᠋ᠢ ᠡᠭᠦᠳᠦᠭᠰᠡᠨ ᠮᠡᠷᠭᠡᠵᠢᠯ᠎ᠢ ᠲᠦᠩᠯᠢᠶᠣᠣ ᠬᠣᠲᠠ᠎ᠶᠢᠨ ᠭᠣᠣᠯ ᠭᠠᠷᠤᠯᠲᠠ᠎ᠶᠢᠨ ᠣᠷᠣᠨ ᠳ᠋ᠤ᠌ ᠵᠢᠱ᠌ᠢᠶ᠎ᠡ ᠦᠵᠡᠭᠦᠯᠦᠨ ᠳᠡᠯᠭᠡᠷᠡᠭᠦᠯᠵᠦ᠂ ᠢᠯᠡᠳᠲᠡ ᠠᠵᠤ ᠠᠬᠤᠢ ᠪᠠ ᠨᠡᠢᠭᠡᠮ᠎ᠦᠨ ᠦᠷ᠎ᠡ ᠠᠰᠢᠭ᠋ ᠣᠯᠪᠠ᠃

《ᠡᠨᠡ ᠵᠢᠯ ᠲᠦᠩᠯᠢᠶᠣᠣ ᠬᠣᠲᠠ᠎ᠶᠢᠨ ᠪᠣᠭᠣᠮᠲᠠ᠎ᠶᠢᠨ ᠭᠠᠳᠠᠨᠠᠬᠢ ᠤᠯᠠᠭᠠᠨ ᠠᠯᠮᠤᠷᠠᠳ᠎ᠦᠨ ᠭᠠᠷᠤᠯᠲᠠ ᠵᠢᠱ᠌ᠢᠯᠲᠡ ᠪᠡᠷ 4 ᠳ᠋ᠦᠩᠰᠢᠭᠤᠷ ᠵᠢᠩ ᠳ᠋ᠤ᠌ ᠬᠦᠷᠬᠦ ᠪᠣᠯᠣᠨ᠎ᠠ᠃ 〈ᠨᠠᠷᠢᠯᠢᠭ᠋ ᠣᠨᠣᠴᠠᠲᠠᠢ ᠪᠡᠷ ᠲᠡᠭᠦᠵᠦ ᠬᠤᠷᠢᠶᠠᠬᠤ + ᠣᠶᠤᠨᠴᠢ ᠪᠡᠷ ᠠᠭᠠᠷ ᠲᠣᠬᠢᠷᠠᠭᠤᠯᠬᠤ + ᠠᠮᠢᠳᠤ ᠪᠣᠳᠠᠰ᠎ᠦᠨ ᠠᠷᠭ᠎ᠠ ᠪᠡᠷ ᠰᠣᠷᠭᠣᠭ᠎ᠢ ᠪᠠᠲᠤᠯᠠᠬᠤ〉 ᠮᠡᠷᠭᠡᠵᠢᠯ᠎ᠦᠨ ᠦᠷ᠎ᠡ ᠪᠦᠲᠦᠭᠡᠯ᠎ᠢ ᠳᠡᠯᠭᠡᠷᠡᠭᠦᠯᠦᠨ ᠬᠡᠷᠡᠭᠯᠡᠬᠦ ᠶ᠋ᠢ ᠲᠦᠷᠭᠡᠳᠬᠡᠬᠦ ᠨᠢ ᠵᠢᠮᠢᠰ᠎ᠦᠨ ᠮᠣᠳᠣ᠌ ᠲᠠᠷᠢᠭ᠍ᠰᠠᠳ ᠲᠦ᠍ ᠰᠢᠭᠤᠳ ᠠᠰᠢᠭ᠋ ᠬᠦᠷᠲᠡᠭᠡᠬᠦ ᠪᠡᠷ ᠪᠠᠷᠠᠬᠤ ᠦᠭᠡᠢ ᠪᠠᠰᠠ ᠣᠶ ᠰᠢᠭᠤᠢ ᠵᠢᠮᠢᠰ᠎ᠦᠨ ᠠᠵᠤ ᠦᠢᠯᠡᠰ᠎ᠦᠨ ᠬᠥᠭᠵᠢᠯᠲᠡ ᠶ᠋ᠢ ᠠᠬᠢᠭᠤᠯᠵᠤ᠂ ᠣᠷᠣᠨ ᠨᠤᠲᠤᠭ᠎ᠦᠨ ᠠᠵᠤ ᠠᠬᠤᠢ᠎ᠶᠢᠨ ᠬᠥᠭᠵᠢᠯᠲᠡ ᠶ᠋ᠢ ᠳᠠᠢᠴᠢᠯᠠᠬᠤ ᠳ᠋ᠤ᠌ ᠬᠦᠴᠦᠷᠬᠡᠭ ᠶᠡᠬᠡ ᠬᠥᠳᠡᠯᠭᠡᠬᠦ ᠬᠦᠴᠦᠨ ᠨᠡᠮᠡᠷᠢᠯᠡᠬᠦ ᠪᠣᠯᠣᠨ᠎ᠠ》 ᠭᠡᠵᠦ ᠸᠠᠩ ᠪᠦᠦ ᠰᠢᠶᠠ ᠬᠡᠯᠡᠪᠡ᠃

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ