《 ᠬᠣᠶᠠᠷ ᠬᠠᠯᠬᠠᠪᠴᠢ》《 ᠬᠣᠶᠠᠷ ᠰᠠᠭᠤᠷᠢᠨ》《 ᠨᠢᠭᠡ ᠪᠡᠬᠢᠯᠡᠯᠲᠡ》᠎ᠶ᠋ᠢ ᠯᠠᠪᠳᠠᠭᠤᠨ ᠪᠠᠲᠤᠲᠠᠢ ᠠᠬᠢᠭᠤᠯᠤᠶ᠎ᠠ   -   ᠪᠠᠶ᠋ᠢᠷᠢᠯᠠᠭᠤᠯᠤᠯᠲᠠ ᠨᠠᠶ᠋ᠢᠳᠠᠪᠤᠷᠢᠵᠢᠭᠤᠯᠤᠯᠲᠠ
ᠥᠪᠥᠷ ᠮᠣᠩᠭᠤᠯ᠎ᠤᠨ 2025 ᠣᠨ᠎ᠳᠡᠬᠢ ᠬᠠᠷ᠎ᠠ ᠬᠦᠷᠦᠰᠦᠲᠦ ᠭᠠᠵᠠᠷ᠎ᠤᠨ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠶᠢᠨ ᠲᠠᠯᠠᠪᠠᠶ 2786 ᠲᠦᠮᠡᠨ ᠮᠦ᠍᠎ᠳᠦ ᠬᠥᠷᠪᠡ
ᠨᠡᠶ᠋ᠢᠲᠡᠯᠡᠭᠰᠡᠨ ᠴᠠᠭ᠄ 2025-08-19

ᠰᠤᠷᠪᠤᠯᠵᠢᠯᠠᠭ᠍ᠴᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ᠎ᠠᠴᠠ ᠣᠢᠯᠠᠭᠠᠭᠰᠠᠨ᠎ᠢᠶᠠᠷ᠂ ᠣᠳᠣᠬᠠᠨ ᠪᠣᠯᠲᠠᠯ᠎ᠠ᠂ ᠥᠪᠥᠷ ᠮᠣᠩᠭᠣᠯ᠎ᠤᠨ 2025 ᠣᠨ᠎ᠳᠡᠬᠢ ᠬᠠᠷ᠎ᠠ ᠬᠦᠷᠦᠰᠦᠲᠦ ᠭᠠᠵᠠᠷ᠎ᠤᠨ ᠬᠠᠮᠠᠭᠠᠯᠠᠯᠲᠠ᠎ᠶᠢᠨ ᠴᠢᠨᠠᠷᠲᠠᠢ ᠲᠠᠷᠢᠶᠠᠯᠠᠭ᠎ᠠ᠎ᠶ᠋ᠢᠨ ᠲᠠᠯᠠᠪᠠᠢ 2786 ᠲᠦᠮᠡᠨ ᠮᠦ᠍᠎ᠳᠤ ᠬᠦᠷᠴᠦ᠂ ᠤᠯᠤᠰ᠎ᠠᠴᠠ ᠪᠠᠭᠤᠯᠭᠠᠭᠰᠠᠨ ᠲᠠᠷᠢᠶᠠᠯᠠᠭ᠎ᠠ᠎ᠶᠢᠨ ᠲᠠᠯᠠᠪᠠᠢ᠎ᠶᠢᠨ ᠡᠭᠦᠷᠭᠡ᠎ᠪᠠᠨ ᠳᠠᠪᠠᠭᠤᠯᠤᠨ ᠪᠡᠶᠡᠯᠡᠭᠦᠯᠪᠡ᠃

2020 ᠣᠨ᠎ᠳᠤ᠂ ᠥᠪᠥᠷ ᠮᠣᠩᠭᠤᠯ ᠬᠠᠷ᠎ᠠ ᠬᠦᠷᠦᠰᠦᠲᠦ ᠭᠠᠵᠠᠷ᠎ᠤᠨ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠶᠢᠨ ᠠᠵᠢᠯᠯᠠᠭ᠎ᠠ᠎ᠶᠢ ᠡᠬᠢᠯᠡᠭᠦᠯᠦᠨ ᠬᠡᠷᠡᠭᠵᠢᠭᠦᠯᠪᠡ᠂ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠳᠤ 《ᠬᠦᠷᠦᠰᠦ᠎ᠶ᠋ᠢ ᠢᠯᠡᠭᠦᠤ ᠪᠥᠷᠬᠦᠭᠦᠯᠵᠦ᠂ ᠳᠤᠲᠠᠭᠤ ᠬᠥᠳᠡᠯᠭᠡᠬᠦ》 ᠮᠡᠷᠭᠡᠵᠢᠯ᠎ᠤᠨ ᠱᠠᠭᠠᠷᠳᠠᠯᠭ᠎ᠠ᠎ᠶᠢᠨ ᠲᠣᠭᠤᠷᠢᠨ᠎ᠳᠤ᠂ ᠵᠡᠭᠦᠨ ᠬᠡᠰᠡᠭ᠎ᠤᠨ 4 ᠠᠶ᠋ᠢᠮᠠᠭ ᠬᠤᠲᠠ᠎ᠳᠤ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠶ᠋ᠢᠨ 34 ᠬᠤᠰᠢᠭᠤ ᠰᠢᠶᠠᠨ᠎ᠳᠤ ᠲᠥᠪ᠎ᠤᠨ ᠡᠳ᠋᠎ᠤᠨ ᠵᠠᠰᠠᠭ᠎ᠤᠨ ᠠᠵᠢᠯ᠎ᠤᠨ ᠨᠥᠬᠦᠪᠥᠷᠢ᠎ᠶᠢᠨ ᠪᠠᠯᠠ ᠮᠥᠩᠭᠦ᠎ᠶᠢ 37.3 ᠳ᠋ᠦᠩᠰᠢᠭᠤᠷ ᠲᠥᠭᠦᠷᠢᠭ ᠨᠠᠶ᠋ᠢᠳᠠᠪᠤᠷᠢᠵᠢᠭᠤᠯᠵᠤ᠂ ᠤᠯᠤᠰ᠎ᠠᠴᠠ ᠪᠠᠭᠤᠯᠭᠠᠭᠰᠠᠨ ᠲᠠᠷᠢᠶᠠᠯᠠᠬᠤ ᠲᠠᠯᠠᠪᠠᠶ᠎ᠶᠢᠨ ᠡᠭᠦᠷᠭᠡ᠎ᠶᠢ 6 ᠵᠢᠯ ᠳᠠᠷᠠᠭᠠᠯᠠᠨ ᠳᠠᠪᠠᠭᠤᠯᠤᠨ ᠪᠡᠶᠡᠯᠡᠭᠦᠯᠵᠦ᠂ ᠬᠠᠷ᠎ᠠ ᠬᠦᠷᠦᠰᠦᠲᠦ ᠭᠠᠵᠠᠷ᠎ᠤᠨ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠶᠢ ᠨᠡᠶ᠋ᠢᠲᠡ 10965.8 ᠲᠦᠮᠡᠨ ᠮᠦ᠍ ᠤᠳᠠᠭ᠎ᠠ ᠬᠡᠷᠡᠭᠵᠢᠭᠦᠯᠪᠡ᠃

2025 ᠣᠨ᠎ᠳᠤ᠂ ᠥᠪᠥᠷ ᠮᠣᠩᠭᠤᠯ ᠬᠠᠷ᠎ᠠ ᠬᠦᠷᠦᠰᠦᠲᠦ ᠭᠠᠵᠠᠷ᠎ᠤᠨ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ᠎ᠶᠢ ᠪᠦᠬᠦᠯᠢ ᠴᠣᠭᠴᠠ᠎ᠪᠠᠷ᠎ᠨᠢ ᠠᠬᠢᠭᠤᠯᠬᠤ 10 ᠰᠢᠶᠠᠨ᠎ᠢ ᠪᠠᠢᠭᠤᠯᠵᠤ᠂ ᠰᠢᠶᠠᠨ᠂ ᠰᠢᠶᠠᠩ᠂ ᠲᠣᠰᠬᠤᠨ᠎ᠤ ᠱᠠᠲᠤᠨ᠎ᠤ ᠥᠨᠳᠥᠷ ᠪᠠᠷᠢᠮᠵᠢᠶᠠᠲᠤ ᠬᠡᠷᠡᠭ᠌ᠯᠡᠯᠲᠡ᠎ᠶ᠋ᠢᠨ ᠰᠠᠭᠤᠷᠢᠨ ᠭᠠᠵᠠᠷ᠎ᠢ 189 ᠪᠠᠶ᠋ᠢᠭᠤᠯᠪᠠ᠃ 《ᠬᠡᠪᠴᠢᠶ᠎ᠡ᠎ᠶᠢ ᠲᠣᠭᠲᠠᠭᠤᠨ᠎ᠢᠶᠠᠷ ᠥᠷᠭᠡᠳᠬᠡᠵᠦ᠂ ᠴᠢᠨᠠᠷ ᠴᠢᠨᠰᠠᠭ᠎ᠠ᠎ᠶᠢ ᠲᠡᠷᠢᠭᠦᠨ᠎ᠳᠤ ᠲᠠᠯᠪᠢᠬᠤ》 ᠵᠠᠷᠴᠢᠮ ᠶᠣᠰᠣᠭᠠᠷ᠂ ᠡᠰᠢ ᠰᠦᠷᠡᠯ᠎ᠢ ᠪᠥᠬᠥ ᠬᠡᠮᠵᠢᠶ᠎ᠡ᠎ᠪᠡᠷ ᠪᠦᠷᠬᠦᠭᠦᠯᠬᠦ᠎ᠡᠴᠡ ᠬᠠᠭᠠᠯᠪᠤᠷᠢᠯᠠᠬᠤ ᠎ᠶ᠋ᠢ ᠭᠡᠯᠲᠦᠷᠢᠭᠦᠯᠬᠦ᠌ ᠪᠤᠶᠤ ᠳᠤᠲᠠᠭᠤ ᠬᠠᠭᠠᠯᠪᠤᠷᠢᠯᠠᠵᠤ ᠳᠠᠷᠢᠬᠤ᠂ ᠡᠰᠢ ᠰᠦᠷᠡᠯ᠎ᠦᠨ ᠬᠡᠰᠡᠭ᠎ᠢ ᠪᠦᠷᠬᠦᠭᠦᠯᠵᠦ᠍ ᠬᠠᠭᠠᠯᠪᠤᠷᠢᠯᠠᠬᠤ ᠎ᠶ᠋ᠢ ᠭᠡᠯᠲᠦᠷᠢᠭᠦᠯᠬᠦ᠌ ᠪᠤᠶᠤ ᠳᠤᠲᠠᠭᠤ ᠬᠠᠭᠠᠯᠪᠤᠷᠢᠯᠠᠵᠤ ᠳᠠᠷᠢᠬᠤ ᠪᠠ ᠡᠰᠢ ᠰᠦᠷᠡᠯ᠎ᠢ ᠴᠥᠭᠡᠨ ᠬᠡᠮᠵᠢᠶ᠎ᠡ᠎ᠪᠡᠷ ᠪᠦᠷᠬᠦᠭᠦᠯᠵᠦ᠍ ᠬᠠᠭᠠᠯᠪᠤᠷᠢᠯᠠᠬᠤ ᠎ᠶ᠋ᠢ ᠭᠡᠯᠲᠦᠷᠢᠭᠦᠯᠬᠦ᠌ ᠪᠤᠶᠤ ᠳᠤᠲᠠᠭᠤ ᠬᠠᠭᠠᠯᠪᠤᠷᠢᠯᠠᠵᠤ ᠳᠠᠷᠢᠬᠤ 3 ᠵᠦᠢᠯ᠎ᠦᠨ ᠮᠡᠷᠭᠡᠵᠢᠯ᠎ᠦᠨ ᠬᠡᠪ ᠵᠠᠭᠪᠤᠷ᠎ᠢ ᠭᠣᠣᠯᠳᠠᠯᠭ᠎ᠠ᠎ᠲᠡᠢ ᠠᠬᠢᠭᠤᠯᠵᠤ᠂ ᠵᠦᠷᠢᠶᠡᠴᠢᠯᠡᠭᠰᠡᠨ ᠨᠥᠬᠥᠪᠦᠷᠢ᠎ᠶᠢ ᠬᠡᠷᠡᠭᠵᠢᠭᠦᠯᠦᠨ᠂ 《ᠴᠢᠨᠠᠷ ᠰᠠᠢᠲᠠᠢ ᠎ᠳᠤ ᠨᠢ ᠢᠯᠡᠭᠦᠦ ᠨᠥᠬᠥᠪᠦᠷᠢᠯᠡᠬᠦ》᠎ᠶᠢ ᠪᠡᠶᠡᠯᠡᠭᠦᠯᠪᠡ᠃

ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ ᠭᠡᠳᠡᠭ ᠨᠢ ᠲᠠᠷᠢᠮᠠᠯ᠎ᠢ ᠬᠤᠷᠢᠶᠠᠭᠰᠠᠨ᠎ᠤ ᠳᠠᠷᠠᠭ᠎ᠠ ᠲᠣᠭᠲᠠᠭᠰᠠᠨ ᠬᠡᠮᠵᠢᠶᠡᠨ᠎ᠤ ᠡᠰᠢ ᠰᠦᠷᠡᠯ᠂ ᠦᠨᠳᠦᠰᠦ ᠭᠤᠤᠷᠰᠤ᠎ᠪᠡᠷ ᠭᠠᠵᠠᠷ᠎ᠤᠨ ᠭᠠᠳᠠᠷᠭᠤ᠎ᠶᠢ ᠪᠦᠷᠬᠦᠭᠦᠯᠬᠦ᠎ᠶᠢᠨ ᠬᠠᠮᠲᠤ ᠬᠠᠭᠠᠯᠪᠤᠷᠢᠯᠠᠬᠤ ᠥᠬᠡᠶ᠎ᠪᠠᠷ ᠳᠠᠷᠢᠬᠤ ᠮᠠᠰᠢᠨ᠎ᠢᠶᠠᠷ ᠬᠠᠭᠠᠯᠪᠤᠷᠢᠯᠠᠬᠤ ᠥᠬᠡᠶ ᠪᠣᠶᠤ ᠳᠤᠲᠠᠭᠤ ᠬᠠᠭᠠᠯᠪᠤᠷᠢᠯᠠᠨ ᠲᠠᠷᠢᠬᠤ ᠨᠢᠭᠡ ᠵᠦᠢᠯ᠎ᠤᠨ ᠣᠲᠣ᠌ ᠦᠶ᠎ᠡ᠎ᠶᠢᠨ ᠲᠠᠷᠢᠶᠠᠯᠠᠬᠤ ᠬᠡᠪ ᠵᠠᠭᠪᠤᠷ ᠪᠣᠯᠤᠨ᠎ᠠ᠃ ᠬᠠᠮᠠᠭᠠᠯᠠᠯᠲᠠ᠎ᠶᠢᠨ ᠴᠢᠨᠠᠷᠲᠠᠶ ᠲᠠᠷᠢᠶᠠᠯᠠᠭ᠎ᠠ ᠨᠢ ᠰᠠᠯᠬᠢ᠎ᠶᠢ ᠬᠠᠯᠬᠠᠯᠠᠨ ᠬᠥᠷᠥᠰᠥ᠎ᠶᠢ ᠲᠣᠭᠲᠠᠪᠤᠷᠢᠵᠢᠭᠤᠯᠬᠤ᠂ ᠤᠰᠤ ᠬᠦᠷᠦᠰᠦᠨ᠎ᠦ ᠤᠷᠤᠰᠭᠠᠭ᠍ᠳᠠᠯ᠎ᠢ ᠪᠠᠭᠠᠰᠬᠠᠬᠤ ᠦᠢᠯᠡᠳᠦᠯ ᠦᠵᠡᠭᠦᠯᠵᠦ᠂ ᠪᠠᠰᠠ ᠬᠥᠷᠥᠰᠥ ᠰᠢᠷᠣᠶ᠎ᠳᠡᠬᠢ ᠤᠰᠤᠨ᠎ᠤ ᠠᠭᠤᠷᠰᠢᠯᠲᠠ᠎ᠶᠢ ᠪᠠᠭᠠᠰᠬᠠᠨ᠂ ᠬᠥᠷᠥᠰᠥ ᠰᠢᠷᠣᠶ᠎ᠶᠢᠨ ᠤᠰᠤ᠎ᠶᠢ ᠬᠠᠳᠠᠭᠠᠯᠠᠵᠤ ᠴᠢᠭᠢᠭ᠎ᠢ ᠬᠠᠮᠠᠭᠠᠯᠠᠬᠤ ᠴᠢᠳᠠᠮᠵᠢ᠎ᠶᠢ ᠨᠡᠮᠡᠭᠳᠡᠭᠦᠯᠵᠦ ᠳᠡᠢᠯᠦᠨ᠎ᠡ ᠭᠡᠳᠡᠭ᠎ᠢ ᠦᠢᠯᠡᠳᠦᠯᠭᠡ ᠭᠡᠷᠡᠴᠢᠯᠡᠵᠡᠶ᠃ ᠡᠭᠦᠨ᠎ᠤ ᠬᠠᠮᠲᠤ᠂ ᠡᠰᠢ ᠰᠦᠷᠡᠯ᠎ᠢ ᠲᠠᠷᠢᠶᠠᠨ ᠭᠠᠵᠠᠷ᠎ᠲᠤ ᠪᠤᠴᠠᠭᠠᠬᠤ ᠨᠢ ᠬᠥᠷᠥᠰᠥ ᠰᠢᠷᠣᠢ᠎ᠶᠢᠨ ᠣᠷᠭᠠᠨᠢᠭ᠋ ᠪᠣᠳᠠᠰ᠎ᠢ ᠨᠡᠮᠡᠭᠳᠡᠭᠦᠯᠵᠦ᠂ ᠬᠥᠷᠥᠰᠥ ᠰᠢᠷᠣᠢ᠎ᠶᠢᠨ ᠬᠠᠲᠠᠭᠤᠷᠠᠯ᠎ᠢ ᠨᠠᠮᠳᠠᠭᠤᠯᠵᠤ᠂ ᠬᠥᠷᠥᠰᠥ ᠰᠢᠷᠣᠢ᠎ᠶᠢᠨ ᠮᠠᠭᠤᠳᠠᠯ᠎ᠢ ᠤᠳᠠᠭᠠᠰᠢᠷᠠᠭᠤᠯᠵᠤ᠂ ᠬᠥᠷᠥᠰᠥ ᠰᠢᠷᠣᠢ᠎ᠶᠢᠨ ᠰᠢᠮ᠎ᠡ ᠲᠡᠵᠢᠭᠡᠯ᠎ᠢ ᠰᠠᠢᠵᠢᠷᠠᠭᠤᠯᠵᠤ ᠴᠢᠳᠠᠨ᠎ᠠ᠃

ᠢᠷᠡᠯᠲᠡ᠄    