ᠴᠢᠬᠤᠯᠠ ᠶᠡᠬᠡ ᠲᠥᠷᠥᠯ ᠵᠤᠢ᠍ᠯ᠎ᠢ ᠤᠬᠠᠭᠠᠯᠠᠨ ᠲᠥᠯᠥᠪᠯᠡᠬᠦ᠌ ᠠᠵᠢᠯᠯᠠᠭᠠᠨ   -   ᠠᠵᠢᠯ ᠶᠠᠪᠤᠭ᠍ᠳᠠᠵᠤ ᠪᠤᠢ
ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠭᠣᠣᠯ᠎ᠤᠨ ᠵᠠᠮ᠎ᠤᠨ ᠵᠠᠰᠠᠯᠲᠠ᠎ᠶ᠋ᠢᠨ ᠢᠨᠵᠧᠨᠧᠷᠢᠩ᠎ᠦᠨ ᠪᠣᠯᠣᠮᠵᠢᠲᠤ ᠰᠤᠳᠤᠯᠭᠠᠨ᠎ᠤ ᠮᠡᠳᠡᠭᠦᠯᠦᠯᠲᠡ ᠵᠦᠪᠱᠢᠶᠡᠷᠡᠭ᠌ᠳᠡᠪᠡ
ᠨᠡᠶ᠋ᠢᠲᠡᠯᠡᠭᠰᠡᠨ ᠴᠠᠭ᠄ 2025-09-11

ᠣᠢᠷ᠎ᠠ᠎ᠳᠤ᠂ ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠭᠣᠣᠯ᠎ᠤᠨ ᠵᠠᠮ᠎ᠤᠨ ᠵᠠᠰᠠᠯᠲᠠ᠎ᠶᠢᠨ ᠢᠨᠵᠧᠨᠧᠷᠢᠩ᠎ᠦᠨ ᠪᠣᠯᠣᠮᠵᠢᠲᠤ ᠰᠤᠳᠤᠯᠭᠠᠨ᠎ᠤ ᠮᠡᠳᠡᠭᠦᠯᠦᠯᠲᠡ ᠨᠢ ᠤᠯᠤᠰ᠎ᠤᠨ ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ ᠵᠥᠪᠯᠡᠯ᠎ᠦᠨ ᠴᠣᠬᠣᠯᠠᠪᠤᠷᠢ᠎ᠶ᠋ᠢ ᠣᠯᠵᠤ ᠲᠥᠷᠥᠯ ᠵᠦᠢᠯ᠎ᠢᠶᠠᠷ ᠲᠣᠭ᠍ᠲᠠᠭᠠᠭ᠍ᠳᠠᠵᠠᠢ᠂ ᠡᠨᠡ ᠨᠢ ᠲᠥᠷᠥᠯ ᠵᠦᠢᠯ᠎ᠦᠨ ᠡᠮᠦᠨᠡᠬᠢ ᠬᠤᠭᠤᠴᠠᠭᠠᠨ᠎ᠤ ᠠᠵᠢᠯ ᠱᠠᠲᠤᠴᠢ ᠴᠢᠨᠠᠷᠲᠠᠢ ᠦᠷ᠎ᠡ ᠪᠦᠲᠦᠭᠡᠯ ᠣᠯᠵᠤ᠂ ᠲᠥᠷᠥᠯ ᠵᠦᠢᠯ᠎ᠢ ᠡᠷᠲᠡᠬᠡᠨ ᠠᠵᠢᠯ᠎ᠢᠶᠠᠨ ᠡᠬᠢᠯᠡᠭᠦᠯᠦᠨ ᠪᠦᠲᠦᠭᠡᠨ ᠪᠠᠶ᠋ᠢᠭᠤᠯᠬᠤ᠎ᠳᠤ ᠨᠢ ᠪᠠᠲᠤ ᠪᠡᠬᠢ ᠰᠠᠭᠤᠷᠢ ᠲᠠᠯᠪᠢᠵᠤ ᠥᠭᠭᠦᠭᠰᠡᠨ᠎ᠢ ᠬᠠᠷᠠᠭᠤᠯᠵᠤ ᠪᠠᠢᠨ᠎ᠠ᠃ 

ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠭᠣᠣᠯ᠎ᠤᠨ ᠵᠠᠮ᠎ᠤᠨ ᠵᠠᠰᠠᠯᠲᠠ᠎ᠶ᠋ᠢᠨ ᠢᠨᠵᠧᠨᠧᠷᠢᠩ ᠪᠣᠯ ᠤᠯᠤᠰ᠎ᠤᠨ ᠪᠠ ᠥᠪᠡᠷᠲᠡᠭᠡᠨ ᠵᠠᠰᠠᠬᠤ ᠣᠷᠣᠨ᠎ᠤ ᠲᠥᠯᠥᠪᠵᠢᠭᠦᠯᠦᠨ ᠬᠡᠷᠡᠭᠵᠢᠭᠦᠯᠦᠭᠰᠡᠨ ᠴᠢᠬᠤᠯᠠ ᠶᠡᠬᠡ ᠤᠰᠤᠨ ᠠᠰᠢᠭ᠍ᠯᠠᠯᠲᠠ᠎ᠶᠢᠨ ᠢᠨᠵᠧᠨᠧᠷᠢᠩ᠎ᠦᠨ ᠨᠢᠭᠡ ᠪᠣᠯᠣᠨ᠎ᠠ᠃ ᠢᠨᠵᠧᠨᠧᠷᠢᠩ᠎ᠦᠨ ᠪᠦᠲᠦᠭᠡᠨ ᠪᠠᠢᠭᠤᠯᠤᠯᠲᠠ᠎ᠶᠢᠨ ᠡᠭᠦᠷᠭᠡ ᠪᠣᠯ ᠬᠡᠰᠡᠭ ᠬᠠᠰᠢᠯᠭ᠎ᠠ ᠲᠠᠯᠠᠩ᠎ᠢ ᠥᠨᠳᠥᠷᠵᠢᠭᠦᠯᠦᠨ ᠵᠤᠵᠠᠭᠠᠷᠠᠭᠤᠯᠬᠤ᠂ ᠬᠡᠰᠡᠭ ᠲᠠᠯᠠᠩ᠎ᠤᠨ ᠤᠰᠤᠨ᠎ᠤ ᠬᠠᠵᠠᠭᠤ ᠪᠡᠯ᠎ᠢ ᠬᠠᠮᠠᠭᠠᠯᠠᠬᠤ ᠬᠠᠱᠢᠯᠭ᠎ᠠ᠎ᠶ᠋ᠢ ᠱᠢᠨ᠎ᠡ᠎ᠪᠡᠷ ᠪᠠᠢᠭᠤᠯᠬᠤ᠂ ᠨᠦᠯᠦᠮᠡᠯ ᠬᠡᠰᠡᠭ᠎ᠦᠨ ᠵᠠᠰᠠᠯᠲᠠ᠎ᠶ᠋ᠢ ᠥᠷᠨᠢᠭᠦᠯᠬᠦ᠂ ᠬᠡᠰᠡᠭ ᠲᠠᠯᠠᠩ᠎ᠤᠨ ᠨᠠᠯᠠᠤ᠎ᠶᠢᠨ ᠤᠰᠤ ᠵᠠᠯᠠᠬᠤ ᠪᠠᠷᠢᠯᠭ᠎ᠠ᠎ᠶᠢ ᠰᠢᠨ᠎ᠡ᠎ᠪᠡᠷ ᠪᠠᠶ᠋ᠢᠭᠤᠯᠬᠤ᠂ ᠬᠠᠰᠢᠯᠭ᠎ᠠ᠎ᠶ᠋ᠢ ᠨᠡᠪᠲᠡᠯᠵᠦ᠍ ᠮᠡᠳᠡᠬᠦ᠌ ᠬᠠᠮᠢᠶ᠎ᠠ ᠪᠦᠬᠦᠢ ᠪᠠᠷᠢᠯᠭ᠎ᠠ᠎ᠶ᠋ᠢᠨ ᠵᠦᠢᠯᠡᠰ᠎ᠢ ᠵᠠᠰᠠᠬᠤ᠂ ᠭᠣᠣᠯ᠎ᠤᠨ ᠵᠠᠮ᠎ᠤᠨ ᠵᠠᠰᠠᠯᠲᠠ᠎ᠶ᠋ᠢᠨ ᠢᠨᠵᠧᠨᠧᠷᠢᠩ᠎ᠢ ᠵᠠᠰᠠᠨ ᠪᠠᠶ᠋ᠢᠭᠤᠯᠬᠤ ᠵᠡᠷᠭᠡ ᠠᠷᠭ᠎ᠠ ᠬᠡᠮᠵᠢᠶ᠎ᠡ᠎ᠪᠡᠷ ᠳᠠᠮᠵᠢᠭᠤᠯᠤᠨ᠂ ᠬᠠᠲᠤᠨ ᠭᠣᠣᠯ᠎ᠤᠨ ᠭᠣᠣᠯ ᠤᠷᠤᠰᠬᠠᠯ᠎ᠤᠨ ᠦᠶᠡᠷ᠎ᠢ ᠰᠡᠷᠭᠡᠢᠯᠡᠵᠦ ᠰᠥᠩ ᠬᠠᠯᠢᠶ᠎ᠠ᠎ᠶᠢ ᠰᠡᠷᠭᠡᠢᠯᠡᠬᠦ ᠴᠢᠳᠠᠪᠤᠷᠢ᠎ᠶᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ ᠢᠨᠵᠧᠨᠧᠷᠢᠩ᠎ᠦᠨ ᠵᠠᠰᠠᠯᠲᠠ᠎ᠶᠢᠨ ᠬᠦᠷᠢᠶ᠎ᠡ ᠬᠡᠪᠴᠢᠶ᠎ᠡ ᠨᠢ ᠬᠠᠲᠤᠨ ᠭᠣᠣᠯ᠎ᠤᠨ ᠲᠣᠰᠣᠲᠤ ᠭᠣᠣᠯ᠎ᠤᠨ ᠠᠮᠠᠰᠠᠷ᠎ᠠᠴᠠ ᠵᠡᠭᠦᠨᠭᠠᠷ ᠬᠣᠰᠢᠭᠤᠨ᠎ᠤ ᠮᠠ ᠵᠠ ᠰᠢᠶᠠᠩ ᠬᠦᠷᠬᠦ ᠬᠡᠰᠡᠭ ᠪᠣᠯᠣᠨ᠎ᠠ᠂ ᠭᠣᠣᠯ ᠪᠣᠯᠬᠤ ᠪᠦᠲᠦᠭᠡᠨ ᠪᠠᠢᠭᠤᠯᠤᠯᠲᠠ᠎ᠶᠢᠨ ᠠᠭᠤᠯᠭ᠎ᠠ᠎ᠳᠤ ᠭᠣᠣᠯ ᠤᠷᠤᠰᠬᠠᠯ᠎ᠤᠨ ᠬᠠᠰᠢᠯᠭ᠎ᠠ᠎ᠶᠢ ᠥᠨᠳᠥᠷᠵᠢᠭᠦᠯᠦᠨ ᠵᠤᠵᠠᠭᠠᠷᠠᠭᠤᠯᠬᠤ᠂ ᠪᠡᠯ᠎ᠦᠨ ᠬᠠᠮᠠᠭᠠᠯᠠᠯᠲᠠ᠎ᠶ᠋ᠢ ᠱᠢᠨ᠎ᠡ᠎ᠪᠡᠷ ᠪᠠᠢᠭᠤᠯᠬᠤ᠂ ᠨᠦᠯᠦᠮᠡᠯ ᠬᠡᠰᠡᠭ᠎ᠦᠨ ᠵᠠᠰᠠᠯᠲᠠ ᠵᠢᠴᠢ ᠰᠡᠯᠪᠢᠨ ᠵᠠᠰᠠᠵᠤ ᠪᠡᠬᠢᠵᠢᠭᠦᠯᠬᠦ ᠪᠠ ᠬᠠᠰᠢᠯᠭ᠎ᠠ᠎ᠶᠢ ᠨᠡᠪᠲᠡᠯᠵᠦ᠍ ᠮᠡᠳᠡᠬᠦ᠌ ᠪᠠᠷᠢᠯᠭ᠎ᠠ᠎ᠶ᠋ᠢᠨ ᠵᠦᠢᠯᠡᠰ᠎ᠢ ᠪᠢᠲᠡᠭᠦᠮᠵᠢᠯᠡᠨ ᠪᠥᠭᠯᠡᠬᠦ ᠵᠡᠷᠭᠡ ᠠᠭᠤᠯᠭ᠎ᠠ᠎ᠶᠢ ᠪᠠᠭᠲᠠᠭᠠᠵᠤ᠂ ᠪᠠᠷᠤᠭ᠍ᠴᠠᠭᠠᠯᠠᠬᠤ᠎ᠪᠠᠷ ᠢᠨᠵᠧᠨᠧᠷᠢᠩ᠎ᠦᠨ ᠪᠡᠯᠡ ᠣᠷᠣᠭᠤᠯᠤᠯᠲᠠ᠎ᠶᠢ ᠨᠡᠶ᠋ᠢᠲᠡ 33 ᠳ᠋ᠦᠩᠰᠢᠭᠤᠷ ᠲᠥᠭᠥᠷᠢᠭ᠎ᠢᠶᠠᠷ ᠵᠢᠱ᠌ᠢᠵᠦ ᠪᠤᠢ᠃ 

ᠢᠨᠵᠧᠨᠧᠷᠢᠩ᠎ᠢ ᠪᠠᠢᠭᠤᠯᠵᠤ ᠳᠠᠭᠤᠰᠭᠠᠭ᠍ᠰᠠᠨ᠎ᠤ ᠳᠠᠷᠠᠭ᠎ᠠ᠂ ᠬᠠᠲᠤᠨ ᠭᠣᠣᠯ᠎ᠤᠨ ᠣᠳᠣᠬᠢ ᠪᠠᠢᠳᠠᠯ᠎ᠳᠤ ᠣᠷᠣᠰᠢᠵᠤ ᠪᠠᠢᠭ᠎ᠠ ᠭᠣᠣᠯ ᠪᠣᠯᠬᠤ ᠲᠣᠪᠣᠢᠮ᠎ᠠ ᠠᠰᠠᠭᠤᠳᠠᠯ᠎ᠢ ᠦᠨᠳᠦᠰᠦᠨ᠎ᠳᠤ᠎ᠪᠠᠨ ᠰᠢᠢᠳᠪᠦᠷᠢᠯᠡᠵᠦ ᠳᠡᠢᠯᠦᠨ᠎ᠡ᠂ ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠬᠠᠰᠢᠯᠭ᠎ᠠ ᠳᠠᠯᠠᠩ᠎ᠢ ᠵᠢᠷᠤᠵᠤ ᠲᠥᠯᠥᠪᠯᠡᠬᠦ ᠪᠠᠷᠢᠮᠵᠢᠶ᠎ᠠ᠎ᠳᠤ ᠬᠦᠷᠦᠭᠦᠯᠵᠦ᠂ ᠠᠶᠤᠯ ᠲᠦᠭᠰᠢᠭᠦᠷᠢ ᠪᠠ ᠳᠠᠯᠳᠠ ᠬᠡᠮ᠎ᠢ ᠠᠷᠢᠯᠭᠠᠵᠤ᠂ ᠭᠣᠣᠯ᠎ᠤᠨ ᠪᠠᠢᠳᠠᠯ᠎ᠢ ᠦᠨᠳᠦᠰᠦᠨ᠎ᠳᠤ᠎ᠪᠠᠨ ᠰᠢᠯᠤᠭᠤᠳᠬᠠᠬᠤ᠎ᠶᠢᠨ ᠬᠠᠮᠲᠤ ᠲᠣᠭ᠍ᠲᠠᠪᠤᠷᠢᠵᠢᠭᠤᠯᠵᠤ᠂ ᠣᠳᠣᠬᠢ ᠪᠠᠢᠳᠠᠯ᠎ᠳᠤ ᠢᠯᠡᠷᠡᠭᠰᠡᠨ ᠢᠳᠡᠭ᠌ᠳᠡᠵᠦ᠍ ᠤᠷᠤᠰᠭᠠᠭ᠍ᠳᠠᠬᠤ ᠪᠡᠷᠬᠡ ᠪᠠᠷᠲᠠᠭᠠᠲᠤ ᠬᠡᠰᠡᠭ᠎ᠢ ᠠᠷᠢᠯᠭᠠᠨ᠂ ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠦᠶᠡᠷ᠎ᠢ ᠰᠡᠷᠭᠡᠢᠯᠡᠬᠦ᠂ ᠰᠥᠩ ᠬᠠᠯᠢᠶ᠎ᠠ᠎ᠶᠢ ᠰᠡᠷᠭᠡᠢᠯᠡᠬᠦ ᠴᠢᠳᠠᠪᠤᠷᠢ᠎ᠶᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ ᠬᠠᠲᠤᠨ ᠭᠣᠣᠯ᠎ᠤᠨ ᠥᠪᠥᠷ ᠮᠣᠩᠭᠣᠯ᠎ᠳᠠᠬᠢ ᠬᠡᠰᠡᠭ᠎ᠦᠨ ᠠᠮᠤᠷ ᠲᠦᠪᠰᠢᠨ᠎ᠢ ᠪᠥᠬᠥ ᠬᠦᠴᠦᠨ᠎ᠢᠶᠡᠷ᠎ᠢᠶᠡᠨ ᠪᠠᠲᠤᠯᠠᠵᠤ᠂ ᠣᠷᠣᠨ ᠪᠦᠰᠡ᠎ᠶᠢᠨ ᠠᠵᠤ ᠠᠬᠤᠢ ᠨᠡᠢᠭᠡᠮ᠎ᠦᠨ ᠴᠢᠨᠠᠷ ᠰᠠᠢᠲᠠᠢ ᠬᠥᠭᠵᠢᠯᠲᠡ᠎ᠳᠦ ᠬᠦᠴᠦ ᠨᠡᠮᠡᠷᠢᠯᠡᠬᠦ᠌ ᠪᠣᠯᠣᠨ᠎ᠠ᠃ 

 

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠲᠢᠩᠬᠢᠮ