12 ᠳ᠋ᠤᠭ᠋ᠠᠷ ᠰᠠᠷ᠎ᠠ᠎ᠶᠢᠨ 18᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠰᠤᠷᠭ᠋ᠠᠨ ᠬᠥᠮᠦᠵᠢᠯ᠎ᠤᠨ ᠠᠵᠢᠯ᠎ᠤᠨ ᠤᠳᠤᠷᠢᠳᠬᠤ ᠳᠤᠭᠤᠶ᠋ᠢᠯᠠᠩ᠎ᠤᠨ ᠨᠠᠷᠢᠨ ᠪᠢᠴᠢᠭ᠎ᠤᠨ ᠳᠤᠭᠤᠶ᠋ᠢᠯᠠᠩ᠂ ᠰᠤᠷᠭ᠋ᠠᠨ ᠬᠥᠮᠦᠵᠢᠯ᠎ᠤᠨ ᠲᠢᠩᠬᠢᠮ 2026 ᠣᠨ᠎ᠤ ᠪᠥᠬᠦ ᠣᠷᠣᠨ᠎ᠤ ᠡᠩ᠎ᠤᠨ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠠᠵᠢᠯ ᠣᠯᠵᠤ ᠦᠢ᠍ᠯᠡᠰ ᠪᠣᠰᠬᠠᠬᠤ ᠠᠵᠢᠯ᠎ᠤᠨ ᠬᠤᠷᠠᠯᠳᠤᠭᠠᠨ᠎ᠢ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠂ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ᠎ᠶᠢᠨ ᠲᠢᠩᠬᠢᠮ᠂ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠲᠢᠩᠬᠢᠮ᠂ ᠤᠯᠤᠰ᠎ᠤᠨ ᠥᠮᠴᠢᠯᠡᠯᠲᠦ ᠡᠳ᠋ ᠬᠥᠷᠥᠩᠭᠡ᠎ᠶᠢᠨ ᠬᠢᠨᠠᠯᠲᠠ ᠬᠠᠮᠢᠶᠠᠷᠤᠯᠲᠠ᠎ᠶᠢᠨ ᠵᠥᠪᠯᠡᠯ᠂ ᠬᠥᠬᠡᠬᠤᠲᠠ᠎ᠳᠤ ᠰᠠᠭᠤᠭ᠎ᠠ ᠶᠡᠭᠡ ᠳᠡᠭᠡᠳᠦ ᠰᠤᠷᠭ᠋ᠠᠭᠤᠯᠢ᠎ᠨᠤᠭᠤᠳ ᠵᠡᠷᠭᠡ᠎ᠶᠢᠨ ᠬᠠᠮᠢᠶ᠎ᠠ ᠪᠥᠬᠦᠶ ᠬᠠᠷᠢᠭᠤᠴᠠᠯᠭᠠᠲᠠᠳ ᠭᠤᠤᠯ ᠬᠤᠷᠠᠯ᠎ᠤᠨ ᠲᠠᠯᠠᠪᠠᠶ᠎ᠶᠢᠨ ᠬᠤᠷᠠᠯᠳᠤᠭᠠᠨ᠎ᠳᠤ ᠣᠷᠣᠯᠴᠠᠵᠤ᠂ ᠡᠯ᠎ᠡ ᠠᠶ᠋ᠢᠮᠠᠭ ᠬᠤᠲᠠ᠎ᠶᠢᠨ ᠨᠠᠮ᠎ᠤᠨ ᠬᠣᠷᠢᠶ᠎ᠠ᠎ᠶᠢᠨ ᠰᠤᠷᠭ᠋ᠠᠨ ᠬᠥᠮᠦᠵᠢᠯ᠎ᠤᠨ ᠠᠵᠢᠯ᠎ᠤᠨ ᠤᠳᠤᠷᠢᠳᠬᠤ ᠳᠤᠭᠤᠶ᠋ᠢᠯᠠᠩ᠎ᠤᠨ ᠨᠠᠷᠢᠨ ᠪᠢᠴᠢᠭ᠎ᠤᠨ ᠳᠤᠭᠤᠶ᠋ᠢᠯᠠᠩ ᠵᠢᠴᠢ ᠰᠠᠭᠤᠭ᠎ᠠ ᠭᠠᠵᠠᠷ᠎ᠤᠨ ᠶᠡᠭᠡ ᠳᠡᠭᠡᠳᠦ ᠰᠤᠷᠭ᠋ᠠᠭᠤᠯᠢ᠂ ᠬᠠᠮᠢᠶ᠎ᠠ ᠪᠥᠬᠦᠶ ᠰᠠᠯᠠᠭ᠎ᠠ ᠮᠥᠴᠢᠷ᠎ᠤᠨ ᠬᠠᠷᠢᠭᠤᠴᠠᠯᠭᠠᠲᠠᠳ ᠰᠦᠯᠵᠢᠶᠡᠨ ᠳᠡᠭᠡᠷᠡᠬᠢ ᠬᠤᠪᠢᠶᠠᠷᠢ ᠬᠤᠷᠠᠯ᠎ᠤᠨ ᠲᠠᠯᠠᠪᠠᠶ᠎ᠶᠢᠨ ᠬᠤᠷᠠᠯᠳᠤᠭᠠᠨ᠎ᠳᠤ ᠣᠷᠣᠯᠴᠠᠪᠠ᠃ ᠬᠤᠷᠠᠯᠳᠤᠭᠠᠨ᠎ᠢᠶᠠᠷ᠂ ᠡᠯ᠎ᠡ ᠲᠠᠯ᠎ᠠ᠎ᠶᠢᠨ ᠬᠠᠮᠲᠤ᠎ᠶᠢᠨ ᠴᠢᠷᠮᠠᠶ᠋ᠢᠯᠭ᠎ᠠ᠎ᠪᠠᠷ᠂ 2025 ᠣᠨ᠎ᠤ ᠶᠡᠭᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠲᠤ ᠠᠵᠢᠯ ᠣᠯᠭᠤᠬᠤ ᠠᠵᠢᠯ᠎ᠤᠨ ᠤᠯᠠᠨ ᠵᠦᠢ᠍ᠯ᠎ᠤᠨ ᠭᠦᠢ᠍ᠴᠡᠳᠬᠡᠯ ᠲᠤᠭ᠎ᠠ ᠲᠣᠭᠲᠠᠭᠤᠨ᠎ᠤ ᠳᠤᠮᠳᠠ ᠳᠡᠭᠡᠭᠰᠢᠯᠡᠪᠡ᠃ 2026 ᠣᠨ ᠪᠣᠯ 《ᠠᠷᠪᠠᠨ ᠲᠠᠪᠤᠳᠤᠭ᠋ᠠᠷ ᠲᠠᠪᠤᠨ ᠵᠢᠯ》᠎ᠤᠨ ᠲᠥᠯᠥᠪᠵᠢᠭᠦᠯᠭᠡ᠎ᠶᠢ ᠪᠠᠶ᠋ᠢᠷᠢᠯᠠᠭᠤᠯᠬᠤ ᠡᠬᠢᠯᠡᠯᠲᠡ᠎ᠶᠢᠨ ᠵᠢᠯ ᠪᠣᠯᠣᠨ᠎ᠠ᠂ ᠡᠯ᠎ᠡ ᠭᠠᠵᠠᠷ ᠡᠯ᠎ᠡ ᠰᠠᠯᠠᠭ᠎ᠠ ᠮᠥᠴᠢᠷ ᠡᠯ᠎ᠡ ᠶᠡᠭᠡ ᠳᠡᠭᠡᠳᠦ ᠰᠤᠷᠭ᠋ᠠᠭᠤᠯᠢ᠎ᠨᠤᠭᠤᠳ ᠤᠯᠤᠰ᠎ᠤᠨ ᠪᠠᠶ᠋ᠢᠯᠳᠤᠬᠤ ᠪᠣᠳᠣᠯᠭ᠎ᠠ ᠪᠠ ᠥᠪᠡᠷᠲᠡᠭᠡᠨ ᠵᠠᠰᠠᠬᠤ ᠣᠷᠣᠨ᠎ᠤ ᠴᠢᠨᠠᠷ ᠰᠠᠶ᠋ᠢᠲᠠᠶ ᠬᠥᠭᠵᠢᠯᠲᠡ᠎ᠳᠤ ᠦᠢ᠍ᠯᠡᠴᠢᠯᠡᠬᠦ᠎ᠪᠠᠷ ᠤᠳᠤᠷᠢᠳᠤᠮᠵᠢ ᠪᠣᠯᠭ᠋ᠠᠵᠤ᠂ ᠶᠡᠭᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠠᠵᠢᠯ ᠣᠯᠭᠤᠯᠲᠠ᠎ᠶᠢᠨ ᠪᠠᠭᠲᠠᠭ᠋ᠠᠮᠵᠢ᠎ᠶᠢ ᠥᠷᠭᠡᠳᠬᠡᠨ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠬᠦ ᠠᠵᠢᠯᠯᠠᠭᠠᠨ᠎ᠢ ᠭᠦᠨᠵᠡᠭᠡᠶ ᠥᠷᠨᠢᠭᠦᠯᠵᠦ᠂ ᠲᠥᠷᠥ᠎ᠶᠢᠨ ᠪᠣᠳᠣᠯᠭ᠎ᠠ ᠎ᠶᠢ ᠤᠬᠠᠭᠤᠯᠬᠤ ᠠᠷᠭ᠎ᠠ ᠵᠠᠮ᠎ᠢ ᠥᠷᠭᠡᠳᠬᠡᠬᠦ᠂ ᠦᠢ᠍ᠯᠡᠴᠢᠯᠡᠭᠡ᠎ᠶᠢ ᠲᠠᠰ ᠳᠡᠪᠰᠢᠭᠦᠯᠬᠦ᠂ ᠬᠠᠩᠭ᠋ᠠᠯᠭ᠎ᠠ ᠬᠡᠷᠡᠭᠴᠡᠭᠡ᠎ᠶᠢ ᠵᠣᠯᠭ᠋ᠠᠭᠤᠯᠬᠤ ᠵᠡᠷᠭᠡ ᠵᠠᠩᠭᠢᠯᠠᠭ᠎ᠠ᠎ᠶᠢᠨ ᠭᠤᠭᠴᠤᠭ᠎ᠠ᠎ᠳᠤ ᠨᠠᠷᠢᠯᠢᠭ ᠣᠨᠣᠴᠠᠲᠠᠢ᠎ᠪᠠᠷ ᠠᠩᠬᠠᠷᠤᠯ᠎ᠢᠶᠠᠨ ᠲᠥᠪᠯᠡᠷᠡᠭᠦᠯᠵᠦ᠂ ᠶᠡᠭᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠲᠤ ᠠᠵᠢᠯ ᠣᠯᠭᠤᠬᠤ ᠠᠵᠢᠯ᠎ᠤᠨ ᠨᠠᠩ ᠶᠡᠭᠡ ᠰᠢᠨ᠎ᠡ ᠠᠮᠵᠢᠯᠲᠠ ᠤᠯᠬᠤ᠎ᠶᠢ ᠠᠬᠢᠭᠤᠯᠬᠤ ᠬᠡᠷᠡᠭᠲᠡᠶ᠃ ᠦᠵᠦ ᠲᠥᠯᠥᠪᠯᠡᠭᠡ᠎ᠪᠠᠨ ᠴᠢᠩᠭ᠋ᠠᠳᠬᠠᠵᠤ᠂ ᠰᠠᠯᠠᠭ᠎ᠠ ᠮᠥᠴᠢᠷ᠎ᠤᠳ᠎ᠤᠨ ᠬᠠᠮᠵᠢᠯᠴᠠᠭ᠎ᠠ᠎ᠶᠢ ᠭᠦᠨᠵᠡᠭᠡᠢᠷᠡᠭᠦᠯᠦᠨ᠂ ᠠᠶ᠋ᠢᠮᠠᠭ ᠬᠤᠳᠠ ᠨᠤᠭᠤᠳ᠎ᠤᠨ ᠬᠤᠭᠤᠷᠣᠨᠳᠣᠬᠢ ᠡᠬᠢ ᠪᠠᠶᠠᠯᠢᠭ᠎ᠢᠶᠡᠨ ᠬᠠᠷᠢᠯᠴᠠᠨ ᠨᠥᠬᠦᠪᠥᠷᠢᠯᠡᠬᠦ᠎ᠶᠢ ᠠᠬᠢᠭᠤᠯᠵᠤ᠂ ᠴᠡᠭ᠎ᠢᠶᠠᠷ ᠨᠡᠶ᠋ᠢᠳᠡᠮ᠎ᠢ ᠲᠠᠶ᠋ᠢᠴᠢᠯᠠᠨ ᠰᠤᠷᠭᠠᠭᠤᠯᠢ ᠲᠡᠭᠦᠰᠦᠭᠰᠡᠳ᠎ᠲᠤ ᠡᠷᠲᠡᠬᠡᠨ ᠠᠵᠢᠯ ᠣᠯᠭᠤᠵᠤ᠂ ᠭᠦᠢ᠍ᠴᠡᠳ ᠠᠵᠢᠯ ᠣᠯᠭᠤᠬᠤ᠎ᠳᠤ ᠨᠡᠩ ᠤᠯᠠᠨ ᠠᠰᠢᠭᠲᠠᠢ ᠨᠥᠬᠦᠴᠡᠯ᠎ᠢ ᠡᠭᠦᠳᠬᠦ ᠬᠡᠷᠡᠭᠲᠡᠢ᠃ ᠲᠦᠷᠦ᠎ᠶᠢᠨ ᠪᠤᠳᠤᠯᠭ᠎ᠠ᠎ᠶᠢᠨ ᠬᠠᠩᠭ᠋ᠠᠯᠭ᠎ᠠ᠎ᠶᠢ ᠰᠢᠯᠢᠳᠡᠭᠵᠢᠭᠦᠯᠵᠦ᠂ ᠲᠦᠷᠦ᠎ᠶᠢᠨ ᠪᠤᠳᠤᠯᠭ᠎ᠠ᠎ᠶᠢᠨ ᠴᠢᠨᠠᠷᠲᠠᠢ ᠠᠵᠢᠯ᠎ᠤᠨ ᠪᠠᠶ᠋ᠢᠷᠢ᠎ᠶᠢᠨ ᠠᠵᠢᠯ ᠣᠯᠭᠤᠯᠲᠠ᠎ᠶᠢᠨ ᠣᠷᠣᠨ ᠵᠠᠢ᠎ᠶᠢ ᠢᠳᠡᠪᠬᠢᠲᠡᠢ ᠦᠷᠭᠡᠳᠭᠡᠨ᠂ ᠦᠢ᠍ᠯᠡᠰ ᠪᠤᠰᠬᠠᠬᠤ᠎ᠶᠢ ᠲᠡᠳᠬᠦᠬᠦ ᠡᠷᠴᠢᠮ ᠪᠠ ᠠᠮᠢᠳᠤᠯᠢᠭ᠎ᠢᠶᠠᠷ ᠠᠵᠢᠯ ᠣᠯᠭᠤᠬᠤ ᠪᠠᠲᠤᠯᠠᠭ᠎ᠠ᠎ᠶᠢ ᠴᠢᠩᠭ᠋ᠠᠳᠬᠠᠬᠤ ᠬᠡᠷᠡᠭᠲᠡᠢ᠃ ᠵᠠᠬ᠎ᠠ ᠳᠡᠯᠭᠡᠭᠦᠷ᠎ᠤᠨ ᠬᠡᠷᠡᠭᠴᠡᠭᠡ᠎ᠶᠢ ᠭᠦᠨᠵᠡᠭᠡᠶ ᠠᠭᠤᠳᠠᠯᠵᠤ᠂ ᠰᠢᠨᠵᠢᠯᠡᠭᠡᠨ᠎ᠤ ᠰᠠᠯᠠᠭ᠋ᠠᠨ᠎ᠤ ᠲᠤᠰᠬᠠᠶ ᠮᠡᠷᠭᠡᠵᠢᠯ᠎ᠢᠶᠠᠷ ᠨᠢᠭᠡᠴᠢ ᠪᠣᠯᠭ᠋ᠠᠨ ᠠᠵᠤ ᠠᠬᠤᠶ᠋ᠢᠯᠠᠯ᠎ᠢ ᠰᠤᠷᠪᠤᠯᠵᠢᠯᠠᠵᠤ ᠠᠵᠢᠯ᠎ᠤᠨ ᠪᠠᠶ᠋ᠢᠷᠢ᠎ᠶᠢ ᠥᠷᠭᠡᠳᠬᠡᠬᠦ ᠪᠠ ᠰᠤᠷᠭ᠋ᠠᠭᠤᠯᠢ᠎ᠶᠢᠨ ᠬᠦᠷᠢᠶᠡᠨ᠎ᠤ ᠠᠵᠢᠯᠲᠠᠨ ᠡᠯᠰᠡᠬᠦ᠎ᠶᠢ ᠰᠠᠶ᠋ᠢᠲᠤᠷ ᠨᠠᠶ᠋ᠢᠳᠠᠪᠤᠷᠢᠵᠢᠭᠤᠯᠵᠤ᠂ ᠨᠡᠭᠡᠭᠡᠨ ᠬᠥᠭᠵᠢᠭᠦᠯᠦᠭᠰᠡᠨ ᠠᠵᠢᠯ᠎ᠤᠨ ᠪᠠᠶ᠋ᠢᠷᠢ ᠬᠢᠭᠡᠳ ᠲᠡᠭᠦᠰᠦᠭᠰᠡᠳ᠎ᠤᠨ ᠠᠵᠢᠯ ᠤᠯᠬᠤ ᠬᠦᠰᠡᠯ ᠡᠷᠡᠮᠡᠯᠵᠡᠯ᠂ ᠰᠣᠷᠣᠭᠰᠠᠨ ᠲᠤᠰᠬᠠᠶ ᠮᠡᠷᠭᠡᠵᠢᠯ ᠯᠦ᠍ᠭᠡ ᠨᠠᠷᠢᠯᠢᠭ ᠣᠨᠣᠴᠠᠲᠠᠢ᠎ᠪᠠᠷ ᠵᠣᠯᠭ᠋ᠠᠭᠤᠯᠬᠤ᠎ᠶᠢ ᠦᠨᠡᠨ ᠬᠦ᠌ ᠪᠠᠲᠤᠯᠠᠬᠤ ᠬᠡᠷᠡᠭᠲᠡᠶ᠃ ᠠᠵᠢᠯ ᠣᠯᠭᠤᠯᠲᠠ᠎ᠶᠢᠨ ᠵᠢᠯᠣᠭᠣᠳᠤᠯᠭ᠎ᠠ᠎ᠶᠢᠨ ᠲᠣᠭᠲᠠᠯᠴᠠᠭ᠎ᠠ᠎ᠶᠢ ᠴᠢᠩᠭ᠋ᠠᠳᠬᠠᠵᠤ᠂ ᠠᠵᠢᠯ ᠣᠯᠬᠤ ᠶᠡᠷᠦᠩᠬᠡᠶ᠋ᠢᠯᠡᠭᠰᠡᠨ ᠴᠢᠳᠠᠪᠤᠷᠢ᠎ᠶᠢ ᠨᠢ ᠳᠡᠭᠡᠭᠰᠢᠯᠡᠭᠦᠯᠵᠦ᠂ ᠬᠦᠴᠢᠷᠳᠡᠯᠲᠡᠢ ᠬᠥᠮᠦᠰ᠎ᠢ ᠬᠠᠪᠰᠤᠷᠤᠨ ᠲᠡᠳᠬᠦᠬᠦ ᠠᠵᠢᠯ᠎ᠢᠶᠠᠨ ᠰᠠᠶ᠋ᠢᠲᠤᠷ ᠬᠢᠵᠦ᠂ ᠴᠢᠳᠠᠪᠤᠷᠢᠲᠠᠨ ᠬᠥᠮᠦᠵᠢᠭᠦᠯᠬᠦ ᠬᠠᠩᠭ᠋ᠠᠯᠭ᠎ᠠ ᠬᠡᠷᠡᠭᠴᠡᠭᠡ᠎ᠶᠢ ᠲᠣᠬᠢᠷᠠᠭᠤᠯᠬᠤ᠎ᠪᠠᠨ ᠠᠬᠢᠭᠤᠯᠤᠨ᠂ ᠳᠡᠭᠡᠳᠦ ᠵᠡᠷᠭᠡ᠎ᠶᠢᠨ ᠰᠤᠷᠭ᠋ᠠᠨ ᠬᠥᠮᠦᠵᠢᠯ᠎ᠤᠨ ᠠᠵᠤ ᠠᠬᠤᠢ᠎ᠶᠢᠨ ᠪᠦᠳᠦᠭᠡᠨ ᠪᠠᠶ᠋ᠢᠭᠤᠯᠤᠯᠲᠠ᠎ᠳᠦ ᠦᠢᠯᠡᠴᠢᠯᠡᠬᠦ᠎ᠶᠢᠨ ᠴᠢᠳᠠᠪᠤᠷᠢ᠎ᠶᠢ ᠦᠨᠡᠨ ᠬᠦ᠌ ᠳᠡᠭᠡᠭᠰᠢᠯᠡᠭᠦᠯᠬᠦ ᠬᠡᠷᠡᠭᠲᠡᠢ ᠭᠡᠵᠦ ᠵᠢᠭᠠᠨ ᠭᠠᠷᠭᠠᠪᠠ᠃ ᠬᠤᠷᠠᠯᠳᠤᠭᠠᠨ᠎ᠢᠶᠠᠷ ᠱᠠᠭᠠᠷᠳᠠᠬᠤ᠎ᠳᠤ᠎ᠪᠠᠨ᠂ ᠡᠯ᠎ᠡ ᠱᠠᠲᠤᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ᠎ᠶᠢᠨ ᠰᠠᠯᠠᠭ᠎ᠠ ᠮᠥᠴᠢᠷ᠎ᠤᠨ᠎ᠬᠢᠨ ᠠᠵᠢᠯ᠎ᠤᠨ ᠪᠠᠶ᠋ᠢᠷᠢ᠎ᠶᠢᠨ ᠬᠠᠩᠭ᠋ᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠭᠤᠣᠯᠳᠠᠯᠭ᠎ᠠ᠎ᠲᠠᠢ ᠪᠣᠯᠬᠤ ᠬᠦᠷᠢᠶ᠎ᠡ ᠪᠠ ᠲᠦᠷᠦ᠎ᠶᠢᠨ ᠪᠤᠳᠤᠯᠭ᠎ᠠ᠎ᠶᠢᠨ ᠴᠢᠨᠠᠷᠲᠠᠢ ᠠᠵᠢᠯ᠎ᠤᠨ ᠪᠠᠶ᠋ᠢᠷᠢ᠎ᠶᠢᠨ ᠳᠠᠯᠳᠠ ᠬᠦᠴᠦᠨ᠎ᠢ ᠭᠦᠨᠵᠡᠭᠡᠢ ᠠᠭᠤᠳᠠᠯᠵᠤ᠂ ᠵᠠᠬ᠎ᠠ ᠳᠡᠯᠭᠡᠭᠦᠷᠴᠢᠯᠡᠭᠰᠡᠨ ᠠᠵᠢᠯ᠎ᠤᠨ ᠪᠠᠶ᠋ᠢᠷᠢ᠎ᠶᠢ ᠡᠯᠰᠡᠨ ᠴᠤᠭᠯᠠᠭᠤᠯᠬᠤ᠎ᠪᠠᠨ ᠴᠢᠩᠭ᠋ᠠᠳᠬᠠᠬᠤ ᠬᠡᠷᠡᠭᠲᠡᠢ; ᠠᠵᠢᠯ ᠡᠷᠢᠬᠦ ᠴᠢᠳᠠᠪᠤᠷᠢ᠎ᠶᠢ ᠨᠢ ᠳᠡᠭᠡᠭᠰᠢᠯᠡᠭᠦᠯᠵᠦ᠂ ᠤᠷ᠎ᠠ ᠮᠡᠷᠭᠡᠰᠢᠯ᠎ᠦᠨ ᠪᠣᠯᠪᠠᠰᠤᠷᠠᠯ ᠪᠠ ᠠᠵᠢᠯ ᠣᠯᠬᠤ ᠳᠠᠳᠤᠯᠭ᠎ᠠ᠎ᠶᠢ ᠭᠦᠨᠵᠡᠭᠡᠶ᠋ᠢᠷᠡᠭᠦᠯᠵᠦ᠂ ᠪᠣᠳᠠᠲᠠᠢ ᠪᠣᠯᠪᠠᠰᠤᠷᠠᠯ ᠬᠢᠵᠦ ᠵᠢᠭ᠋ᠠᠨ ᠵᠢᠯᠣᠭᠤᠳᠬᠤ᠎ᠶᠢ ᠴᠢᠩᠭ᠋ᠠᠳᠬᠠᠬᠤ ᠬᠡᠷᠡᠭᠲᠡᠢ; ᠦᠢ᠍ᠯᠡᠴᠢᠯᠡᠭᠡᠨ᠎ᠤ ᠴᠢᠨᠠᠷ ᠴᠢᠨᠰᠠᠭ᠎ᠠ ᠦᠷ᠎ᠡ ᠪᠦᠲᠦᠮᠵᠢ᠎ᠶᠢ ᠰᠢᠯᠢᠳᠡᠭᠵᠢᠭᠦᠯᠵᠦ᠂ ᠦᠢ᠍ᠯᠡᠴᠢᠯᠡᠭᠡ᠎ᠶᠢ ᠰᠤᠷᠭ᠋ᠠᠭᠤᠯᠢ᠎ᠶᠢᠨ ᠬᠦᠷᠢᠶᠡᠨ᠎ᠳᠤ ᠣᠷᠣᠭᠤᠯᠬᠤ᠎ᠪᠠᠨ ᠠᠬᠢᠭᠤᠯᠵᠤ᠂ ᠠᠵᠢᠯᠲᠠᠨ ᠡᠯᠰᠡᠬᠦ ᠠᠵᠢᠯᠯᠠᠭ᠎ᠠ᠎ᠶᠢ ᠰᠠᠶ᠋ᠢᠲᠤᠷ ᠬᠢᠵᠦ᠂ ᠰᠤᠷᠭ᠋ᠠᠭᠤᠯᠢ᠎ᠠᠴᠠ᠎ᠪᠠᠨ ᠶᠠᠪᠤᠭᠰᠠᠨ᠎ᠤ ᠳᠠᠷᠠᠭ᠎ᠠ ᠣᠨᠣᠴᠠᠲᠠᠢ᠎ᠪᠠᠷ ᠬᠠᠪᠰᠤᠷᠤᠨ ᠲᠡᠳᠭᠦᠬᠦ᠎ᠶᠢ ᠪᠤᠲᠠᠲᠠᠢᠵᠢᠭᠤᠯᠤᠨ᠂ ᠪᠡᠶ᠎ᠡ᠎ᠪᠠᠨ ᠳᠠᠭ᠋ᠠᠭ᠋ᠠᠵᠤ ᠦᠢ᠍ᠯᠡᠰ ᠪᠤᠰᠬᠠᠬᠤ᠎ᠶᠢ ᠳᠡᠮᠵᠢᠬᠦ ᠬᠡᠷᠡᠭᠲᠡᠶ᠃ ᠡᠯ᠎ᠡ ᠱᠠᠲᠤᠨ᠎ᠤ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠰᠠᠯᠠᠭ᠎ᠠ ᠮᠥᠴᠢᠷ᠎ᠤᠳ ᠬᠤᠯᠪᠣᠭ᠋ᠠᠯᠠᠨ ᠬᠥᠳᠡᠯᠦᠯᠴᠡᠬᠦ᠎ᠪᠠᠨ ᠴᠢᠩᠭ᠋ᠠᠳᠬᠠᠵᠤ᠂ ᠠᠵᠤ ᠠᠬᠤᠶ᠋ᠢᠯᠠᠯ ᠪᠠ ᠶᠡᠭᠡ ᠳᠡᠭᠡᠳᠦ ᠰᠤᠷᠭ᠋ᠠᠭᠤᠯᠢ᠎ᠳᠤ ᠭᠦᠨᠵᠡᠭᠡᠶ᠋ᠢᠷᠡᠨ ᠪᠠᠶ᠋ᠢᠴᠠᠭ᠋ᠠᠨ ᠰᠤᠳᠤᠯᠤᠯᠲᠠ ᠬᠢᠵᠦ᠂ ᠬᠡᠷᠡᠭᠴᠡᠭᠡ ᠱᠠᠭ᠋ᠠᠷᠳᠠᠯᠭ᠎ᠠ᠎ᠶᠢ ᠡᠵᠡᠮᠰᠢᠨ ᠲᠥᠷᠥ᠎ᠶᠢᠨ ᠪᠣᠳᠣᠯᠭ᠎ᠠ᠎ᠶᠢ ᠣᠨᠣᠪᠴᠢᠲᠠᠶ ᠬᠡᠷᠡᠭᠵᠢᠭᠦᠯᠵᠦ᠂ ᠴᠤᠪᠤᠷᠠᠯ᠎ᠢ ᠳᠥᠭᠦᠮᠴᠢᠯᠡᠨ ᠠᠵᠢᠯ ᠣᠯᠭᠤᠯᠲᠠ᠎ᠶᠢ ᠲᠣᠭᠲᠠᠪᠤᠷᠢᠵᠢᠭᠤᠯᠬᠤ ᠲᠥᠷᠥ᠎ᠶᠢᠨ ᠪᠣᠳᠣᠯᠭ᠎ᠠ᠎ᠶᠢ ᠰᠢᠭᠤᠳ ᠬᠦᠷᠭᠡᠵᠦ ᠲᠦᠷᠭᠡᠨ ᠡᠳ᠋ᠯᠡᠭᠦᠯᠬᠦ᠎ᠶᠢ ᠠᠬᠢᠭᠤᠯᠬᠤ ᠬᠡᠷᠡᠭᠲᠡᠶ᠃ ᠡᠯ᠎ᠡ ᠱᠠᠲᠤᠨ᠎ᠤ ᠤᠯᠤᠰ᠎ᠤᠨ ᠥᠮᠴᠢᠯᠡᠯᠲᠦ ᠡᠳ᠋ ᠬᠦᠷᠦᠩᠭᠡ᠎ᠶᠢᠨ ᠬᠢᠨᠠᠯᠲᠠ ᠬᠠᠮᠢᠶᠠᠷᠤᠯᠲᠠ᠎ᠶᠢᠨ ᠵᠥᠪᠯᠡᠯ᠎ᠨᠢ ᠠᠵᠤ ᠠᠬᠤᠶ᠋ᠢᠯᠠᠯ᠎ᠤᠨ ᠭᠤᠣᠯᠯᠠᠭᠴᠢ ᠦᠷᠢᠰᠦᠯᠳᠦᠬᠦ ᠬᠦᠴᠦᠨ᠎ᠢ ᠳᠡᠭᠡᠭᠰᠢᠯᠡᠭᠦᠯᠵᠦ᠂ ᠴᠢᠳᠠᠪᠤᠷᠢᠲᠠᠨ᠎ᠤ ᠲᠥᠯᠥᠪᠵᠢᠭᠦᠯᠭᠡ᠎ᠶᠢ ᠭᠦᠨᠵᠡᠭᠡᠢᠷᠡᠭᠦᠯᠦᠨ᠂ ᠠᠵᠢᠯ᠎ᠤᠨ ᠪᠠᠶ᠋ᠢᠷᠢ᠎ᠶᠢᠨ ᠳᠠᠯᠳᠠ ᠬᠦᠴᠦᠨ᠎ᠢ ᠭᠦᠨᠵᠡᠭᠡᠢ ᠠᠭᠤᠳᠠᠯᠵᠤ᠂ ᠠᠵᠤ ᠠᠬᠤᠶ᠋ᠢᠯᠠᠯ᠎ᠤᠨ ᠪᠦᠲᠦᠴᠡ᠎ᠶᠢᠨ ᠴᠢᠨᠠᠷᠲᠠᠢ ᠠᠵᠢᠯᠲᠠᠨ ᠳᠤᠲᠠᠭᠳᠠᠵᠤ ᠪᠠᠶ᠋ᠢᠭ᠎ᠠ ᠵᠥᠷᠢᠴᠡᠯ᠎ᠢ ᠰᠢᠢ᠍ᠳᠪᠦᠷᠢᠯᠡᠬᠦ᠎ᠳᠤ ᠬᠦᠴᠦ ᠨᠡᠮᠡᠷᠢᠯᠡᠬᠦ ᠬᠡᠷᠡᠭᠲᠡᠢ ᠭᠡᠵᠡᠢ᠃
11 ᠳ᠋ᠦ᠍ᠭᠡᠷ ᠰᠠᠷ᠎ᠠ᠎ᠶᠢᠨ 15᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2025 ᠣᠨ᠎ᠤ ᠡᠨᠧᠷᠭᠢ ᠬᠢᠮᠢ᠎ᠶᠢᠨ ᠠᠵᠤ ᠦᠢᠯᠡᠳᠪᠦᠷᠢ᠎ᠶᠢᠨ ᠠᠵᠢᠯᠲᠠᠨ ᠤᠷᠢᠵᠤ ᠡᠯᠰᠡᠬᠦ ᠲᠤᠰᠬᠠᠢ ᠲᠠᠯᠠᠪᠤᠷ ᠴᠤᠭᠯᠠᠭᠠᠨ᠎ᠢ ᠥᠪᠥᠷ ᠮᠣᠩᠭᠣᠯ᠎ᠤᠨ ᠬᠢᠮᠢ᠎ᠶᠢᠨ ᠠᠵᠤ ᠦᠢᠯᠡᠳᠪᠦᠷᠢ᠎ᠶᠢᠨ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ᠎ᠳᠤ ᠡᠷᠬᠢᠯᠡᠪᠡ᠃ ᠲᠣᠰ ᠤᠳᠠᠭᠠᠨ᠎ᠤ ᠠᠵᠢᠯᠲᠠᠨ ᠤᠷᠢᠵᠤ ᠡᠯᠰᠡᠬᠦ ᠴᠤᠭᠯᠠᠭᠠᠨ ᠨᠢ ᠥᠪᠥᠷ ᠮᠣᠩᠭᠣᠯ᠎ᠤᠨ ᠬᠢᠮᠢ᠎ᠶᠢᠨ ᠠᠵᠤ ᠦᠢᠯᠡᠳᠪᠦᠷᠢ᠎ᠶᠢᠨ ᠦᠢᠯᠡᠳᠪᠦᠷᠢᠯᠡᠯ ᠰᠤᠷᠭᠠᠨ ᠬᠥᠮᠦᠵᠢᠯ᠎ᠢ ᠠᠭᠤᠰᠤᠯᠴᠠᠭᠤᠯᠬᠤ ᠬᠠᠮᠲᠤ᠎ᠶᠢᠨ ᠴᠣᠭᠴᠠ᠎ᠶᠢᠨ ᠣᠶᠤᠨᠲᠤ ᠲᠠᠪᠴᠠᠩ᠎ᠤᠨ ᠳᠠᠪᠠᠭᠤᠯᠢᠭ᠋᠎ᠲᠤ ᠲᠦᠰᠢᠭᠯᠡᠭᠡᠳ᠂ ᠳᠤᠮᠳᠠᠳᠤ ᠤᠯᠤᠰ᠎ᠤᠨ ᠳᠠᠪᠤᠰᠤᠨ᠎ᠤ ᠦᠢᠯᠡᠰ᠎ᠦᠨ ᠥᠪᠥᠷ ᠮᠣᠩᠭᠣᠯ᠎ᠤᠨ ᠬᠢᠮᠢ᠎ᠶᠢᠨ ᠠᠵᠤ ᠦᠢᠯᠡᠳᠪᠦᠷᠢ᠎ᠶᠢᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠂ ᠥᠪᠥᠷ ᠮᠣᠩᠭᠣᠯ᠎ᠤᠨ ᠵᠦᠸᠸ ᠵᠧᠩ ᠨᠡᠭᠦᠷᠡᠰᠦ ᠬᠢᠮᠢ᠎ᠶᠢᠨ ᠠᠵᠤ ᠦᠢᠯᠡᠳᠪᠦᠷᠢ᠎ᠶᠢᠨ ᠬᠢᠵᠠᠭᠠᠷᠲᠤ ᠺᠣᠮᠫᠠᠨᠢ᠂ ᠵᠢᠩ ᠳ᠋ᠦᠩ ᠹᠠᠩ ᠪᠦᠯᠦᠭᠯᠡᠯ᠂ ᠱᠠᠨᠳᠦ᠋ᠩ᠎ᠤᠨ ᠾᠧᠩ ᠪᠠᠩ ᠲᠡᠮᠦᠷᠯᠢᠭ ᠪᠣᠯᠪᠠᠰᠤᠷᠠᠭᠤᠯᠬᠤ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠵᠡᠷᠭᠡ ᠣᠷᠣᠨ᠎ᠤ ᠳᠣᠲᠣᠨ᠎ᠠ ᠭᠠᠳᠠᠨᠠᠬᠢ 110 ᠭᠠᠷᠤᠢ ᠰᠢᠯᠢᠳᠡᠭ ᠠᠵᠤ ᠠᠬᠤᠢᠯᠠᠯ᠎ᠢ ᠴᠤᠭᠯᠠᠷᠠᠭᠤᠯᠤᠭᠰᠠᠨ ᠪᠠᠢᠨ᠎ᠠ᠃ ᠡᠭᠦᠨ᠎ᠡᠴᠡ ᠭᠠᠳᠠᠨ᠎ᠠ᠂ ᠣᠷᠳᠣᠰ᠎ᠤᠨ ᠱᠠᠩᠬᠤ᠎ᠶᠢᠨ ᠰᠦᠮ᠎ᠡ ᠠᠵᠤ ᠠᠬᠤᠢ᠎ᠶᠢᠨ ᠨᠡᠭᠡᠭᠡᠯᠲᠡ᠎ᠶᠢᠨ ᠲᠣᠭᠣᠷᠢᠭ᠋᠂ ᠦᠬᠠᠢ ᠬᠣᠲᠠ᠎ᠶᠢᠨ ᠤᠳᠠ ᠲᠣᠭᠣᠷᠢᠭ᠋᠎ᠤᠨ ᠠᠵᠢᠯ ᠣᠯᠭᠣᠯᠲᠠ᠎ᠶᠢᠨ ᠦᠢᠯᠡᠴᠢᠯᠡᠭᠡᠨ᠎ᠦ ᠲᠥᠪ ᠵᠡᠷᠭᠡ ᠠᠵᠤ ᠦᠢᠯᠡᠳᠪᠦᠷᠢ᠎ᠶᠢᠨ ᠬᠦᠷᠢᠶᠡᠯᠡᠩ ᠲᠣᠭᠣᠷᠢᠭ᠋᠎ᠤᠳ ᠠᠬᠤᠢ ᠲᠠᠯᠠᠪᠠᠢ᠎ᠳᠤ ᠴᠢᠳᠠᠪᠤᠷᠢᠲᠠᠨ ᠤᠷᠢᠵᠤ᠂ 5000 ᠭᠠᠷᠤᠢ ᠠᠵᠢᠯ᠎ᠤᠨ ᠪᠠᠢᠷᠢ ᠬᠠᠩᠭᠠᠵᠠᠢ᠃ ᠠᠵᠢᠯᠲᠠᠨ ᠤᠷᠢᠵᠤ ᠡᠯᠰᠡᠬᠦ ᠴᠤᠭᠯᠠᠭᠠᠨ᠎ᠤ ᠠᠵᠢᠯ᠎ᠤᠨ ᠪᠠᠢᠷᠢ᠎ᠳᠤ ᠡᠨᠧᠷᠭᠢ ᠬᠢᠮᠢ᠎ᠶᠢᠨ ᠠᠵᠤ ᠦᠢᠯᠡᠳᠪᠦᠷᠢ᠂ ᠲᠣᠨᠣᠭ ᠲᠥᠬᠦᠭᠡᠷᠦᠮᠵᠢ ᠦᠢᠯᠡᠳᠬᠦ᠂ ᠰᠢᠨ᠎ᠡ ᠮᠠᠲᠧᠷᠢᠶᠠᠯ᠂ ᠮᠡᠳᠡᠭᠡ ᠵᠠᠩᠭᠢ᠎ᠶᠢᠨ ᠮᠡᠷᠭᠡᠵᠢᠯ᠂ ᠮᠥᠩᠭᠥᠨ ᠭᠦᠢᠯᠭᠡᠭᠡᠨ᠎ᠦ ᠦᠢᠯᠡᠴᠢᠯᠡᠭᠡ ᠵᠡᠷᠭᠡ ᠣᠯᠠᠨ ᠬᠦᠷᠢᠶ᠎ᠡ᠎ᠶᠢ ᠬᠠᠮᠤᠷᠴᠤ᠂ 4000 ᠭᠠᠷᠤᠢ ᠲᠡᠭᠦᠰᠬᠦ ᠰᠣᠷᠣᠭ᠍ᠴᠢ ᠠᠬᠤᠢ ᠲᠠᠯᠠᠪᠠᠢ᠎ᠳᠤ ᠠᠵᠢᠯ ᠡᠷᠢᠵᠦ᠂ 6000 ᠭᠠᠷᠤᠢ ᠬᠤᠪᠢ ᠲᠣᠪᠴᠢ ᠨᠠᠮᠲᠠᠷ ᠳᠡᠪᠰᠢᠭᠦᠯᠵᠦ᠂ 1500 ᠭᠠᠷᠤᠢ ᠬᠥᠮᠥᠨ᠎ᠲᠠᠢ ᠭᠡᠷ᠎ᠡ ᠲᠣᠭᠲᠠᠵᠤ᠂ ᠲᠡᠭᠦᠰᠬᠦ ᠰᠣᠷᠣᠭ᠍ᠴᠢᠳ ᠬᠢᠭᠡᠳ ᠠᠵᠤ ᠠᠬᠤᠢᠯᠠᠯ᠎ᠤᠳ᠎ᠢ ᠥᠨᠳᠥᠷ ᠪᠦᠲᠦᠮᠵᠢᠲᠡᠶ᠎ᠪᠡᠷ ᠵᠣᠯᠭᠠᠭᠤᠯᠬᠤ ᠠᠵᠢᠯ ᠣᠯᠭᠣᠯᠲᠠ᠎ᠶᠢᠨ ᠬᠥᠭᠥᠷᠭᠡ ᠪᠠᠢᠭᠤᠯᠵᠤ ᠥᠭᠪᠡ᠃ ᠣᠳᠣᠬᠠᠨ᠎ᠳᠤ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠦᠨ ᠠᠵᠢᠯ ᠡᠷᠢᠬᠦ ᠵᠠᠩᠭᠢᠯᠠᠭ᠎ᠠ᠎ᠶᠢᠨ ᠬᠤᠭᠤᠴᠠᠭ᠎ᠠ ᠪᠣᠯᠪᠠ᠂ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ ᠨᠢ ᠡᠯ᠎ᠡ ᠶᠡᠬᠡ ᠳᠡᠭᠡᠳᠦ ᠰᠤᠷᠭᠠᠭᠤᠯᠢ᠎ᠨᠤᠭᠤᠳ᠎ᠢ ᠵᠣᠬᠢᠶᠠᠨ ᠪᠠᠢᠭᠤᠯᠤᠨ ᠠᠵᠢᠯ᠎ᠤᠨ ᠪᠠᠢᠷᠢ᠎ᠶᠢᠨ ᠳᠠᠯᠳᠠ ᠬᠦᠴᠦᠨ᠎ᠢ ᠭᠦᠨ ᠠᠭᠤᠳᠠᠯᠵᠤ᠂ ᠬᠠᠩᠭᠠᠯᠭ᠎ᠠ᠎ᠶᠢᠨ ᠠᠷᠭ᠎ᠠ ᠵᠠᠮ᠎ᠢ ᠥᠷᠭᠡᠳᠬᠡᠵᠦ ᠪᠠᠢᠬᠤ᠎ᠶᠢᠨ ᠬᠠᠮᠲᠤ᠂ ᠨᠠᠷᠢᠯᠢᠭ᠋ ᠣᠨᠣᠴᠠᠲᠠᠢ ᠪᠥᠭᠡᠳ ᠬᠠᠯᠠᠮᠵᠢᠯᠠᠨ ᠠᠩᠬᠠᠷᠬᠤ ᠠᠵᠢᠯ ᠣᠯᠭᠣᠯᠲᠠ᠎ᠶᠢᠨ ᠲᠥᠯᠦᠪᠵᠢᠭᠦᠯᠭᠡ᠎ᠶᠢᠨ ᠵᠢᠯᠣᠭᠣᠳᠤᠯᠭ᠎ᠠ᠎ᠶᠢ ᠬᠦᠴᠦᠯᠡᠨ ᠬᠠᠩᠭᠠᠵᠤ᠂ ᠲᠡᠭᠦᠰᠦᠭᠰᠡᠳ᠎ᠦᠨ ᠴᠢᠨᠠᠷ ᠰᠠᠢᠲᠠᠢ ᠪᠥᠭᠡᠳ ᠭᠦᠢᠴᠡᠳ ᠠᠵᠢᠯ ᠣᠯᠬᠤ᠎ᠶᠢ ᠪᠥᠬᠥ ᠬᠦᠴᠦᠨ᠎ᠢᠶᠡᠷ ᠠᠬᠢᠭᠤᠯᠵᠤ ᠪᠠᠢᠨ᠎ᠠ᠃
11 ᠳ᠋ᠦ᠍ᠭᠡᠷ ᠰᠠᠷ᠎ᠠ᠎ᠶᠢᠨ 10 ᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠪᠤᠳᠤᠭᠠᠷ ᠬᠤᠭᠤᠴᠠᠭᠠᠨ᠎ᠤ ᠣᠶᠤᠲᠠᠳ᠎ᠤᠨ ᠠᠵᠢᠯ ᠮᠡᠷᠭᠡᠵᠢᠯ᠎ᠦᠨ ᠲᠥᠯᠦᠪᠵᠢᠭᠦᠯᠭᠡ᠎ᠶᠢᠨ ᠶᠡᠬᠡ ᠤᠷᠤᠯᠳᠤᠭᠠᠨ᠎ᠤ ᠡᠬᠢᠯᠡᠯᠲᠡ᠎ᠶ᠋ᠢᠨ ᠬᠤᠷᠠᠯ ᠬᠢᠭᠡᠳ ᠪᠣᠯᠪᠠᠰᠤᠷᠠᠯ᠎ᠤᠨ ᠬᠤᠷᠠᠯ ᠶᠠᠪᠤᠭ᠍ᠳᠠᠪᠠ᠃ ᠬᠤᠷᠠᠯ᠎ᠢ ᠰᠦᠯᠵᠢᠶ᠎ᠡ᠎ᠪᠡᠷ ᠪᠠ ᠰᠦᠯᠵᠢᠶᠡᠨ᠎ᠡᠴᠡ ᠭᠠᠳᠠᠭᠤᠷ ᠵᠡᠷᠭᠡ᠎ᠪᠡᠷ ᠶᠠᠪᠤᠭ᠍ᠳᠠᠭᠤᠯᠵᠠᠢ᠂ ᠭᠣᠣᠯ ᠬᠤᠷᠠᠯ᠎ᠤᠨ ᠲᠠᠯᠠᠪᠠᠢ᠎ᠶᠢ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠳᠤ ᠲᠣᠬᠢᠷᠠᠭᠤᠯᠵᠤ᠂ ᠡᠯ᠎ᠡ ᠶᠡᠬᠡ ᠳᠡᠭᠡᠳᠦ ᠰᠤᠷᠭᠠᠭᠤᠯᠢ᠎ᠳᠤ ᠬᠤᠪᠢᠶᠠᠷᠢ ᠬᠤᠷᠠᠯ᠎ᠤᠨ ᠲᠠᠯᠠᠪᠠᠢ ᠲᠣᠬᠢᠷᠠᠭᠤᠯᠪᠠ᠃ ᠲᠣᠰ ᠬᠤᠭᠤᠴᠠᠭᠠᠨ᠎ᠤ ᠶᠡᠬᠡ ᠤᠷᠤᠯᠳᠤᠭᠠᠨ᠎ᠢ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ᠎ᠡᠴᠡ ᠭᠣᠣᠯᠯᠠᠨ ᠡᠷᠭᠢᠯᠡᠵᠦ᠂ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠦᠨᠳᠦᠰᠦᠲᠡᠨ᠎ᠦ ᠶᠡᠬᠡ ᠰᠤᠷᠭᠠᠭᠤᠯᠢ ᠬᠠᠮᠲᠤᠷᠠᠵᠤ ᠳᠠᠭᠠᠭᠠᠴᠢᠯᠠᠨ ᠡᠷᠬᠢᠯᠡᠵᠡᠢ᠃ ᠤᠷᠤᠯᠳᠤᠭᠠᠨ᠎ᠳᠤ ᠡᠭᠦᠰᠭᠡᠨ ᠲᠦᠰᠦᠪᠯᠡᠭ᠌ᠴᠢ᠎ᠶ᠋ᠢᠨ ᠤᠷᠤᠯᠳᠤᠭᠠᠨ᠂ ᠠᠵᠢᠯ ᠣᠯᠭᠣᠯᠲᠠ᠎ᠶ᠋ᠢᠨ ᠤᠷᠤᠯᠳᠤᠭᠠᠨ ᠵᠢᠴᠢ ᠬᠢᠴᠢᠶᠡᠯ ᠬᠥᠮᠦᠵᠢᠯ᠎ᠦᠨ ᠤᠷᠤᠯᠳᠤᠭᠠᠨ᠎ᠢ ᠲᠣᠬᠢᠷᠠᠭᠤᠯᠵᠤ᠂ ᠤᠷᠤᠯᠳᠤᠭᠠᠨ᠎ᠢᠶᠠᠷ ᠰᠤᠷᠴᠤ᠌ ᠡᠵᠡᠮᠱᠢᠬᠦ᠌᠎ᠶ᠋ᠢ ᠠᠬᠢᠭᠤᠯᠵᠤ᠂ ᠤᠷᠤᠯᠳᠤᠭᠠᠨ᠎ᠢᠶᠠᠷ ᠵᠢᠭᠠᠨ ᠰᠤᠷᠭᠠᠬᠤ᠎ᠶ᠋ᠢ ᠠᠬᠢᠭᠤᠯᠤᠨ᠂ ᠤᠷᠤᠯᠳᠤᠭᠠᠨ᠎ᠢᠶᠠᠷ ᠠᠵᠢᠯ ᠣᠯᠭᠣᠯᠲᠠ᠎ᠶ᠋ᠢ ᠠᠬᠢᠭᠤᠯᠵᠤ᠂ ᠶᠡᠬᠡ ᠳᠡᠭᠡᠳᠦ ᠰᠤᠷᠭᠠᠭᠤᠯᠢ᠎ᠶᠢᠨ ᠠᠵᠤ ᠠᠮᠢᠳᠤᠷᠠᠯ᠎ᠤᠨ ᠬᠥᠮᠦᠵᠢᠯ ᠪᠠ ᠠᠵᠢᠯ ᠣᠯᠭᠣᠯᠲᠠ᠎ᠶᠢᠨ ᠵᠢᠯᠣᠭᠣᠳᠤᠯᠭ᠎ᠠ᠎ᠶᠢᠨ ᠦᠢᠯᠡᠴᠢᠯᠡᠭᠡ᠎ᠶᠢ ᠴᠢᠩᠭᠠᠳᠭᠠᠨ᠂ ᠣᠶᠤᠲᠠᠳ᠎ᠤᠨ ᠠᠵᠢᠯ ᠮᠡᠷᠭᠡᠵᠢᠯ᠎ᠢᠶᠡᠨ ᠲᠥᠯᠥᠪᠵᠢᠭᠦᠯᠬᠦ᠌ ᠤᠬᠠᠮᠰᠠᠷ᠎ᠢ ᠴᠢᠩᠭᠠᠷᠠᠭᠤᠯᠵᠤ᠂ ᠣᠶᠤᠲᠠᠳ᠎ᠢ ᠬᠥᠲᠥᠯᠦᠨ ᠵᠢᠯᠣᠭᠣᠳᠴᠤ᠌ ᠪᠠᠢᠭᠠᠳ ᠵᠥᠪ ᠣᠨᠣᠪᠴᠢᠲᠠᠢ ᠴᠢᠳᠠᠪᠤᠷᠢᠲᠠᠨ ᠪᠣᠯᠬᠤ ᠦᠵᠡᠯᠲᠡ᠂ ᠠᠵᠢᠯ ᠣᠯᠬᠤ ᠦᠵᠡᠯᠲᠡ ᠬᠢᠭᠡᠳ ᠠᠵᠢᠯ ᠰᠣᠩᠭᠣᠬᠤ ᠦᠵᠡᠯᠲᠡ᠎ᠲᠠᠢ ᠪᠣᠯᠭᠠᠵᠤ᠂ ᠲᠡᠳᠡᠨ᠎ᠦ ᠢᠷᠡᠭᠡᠳᠦᠢ᠎ᠶᠢᠨ ᠠᠵᠢᠯ᠎ᠤᠨ ᠲᠠᠯᠠᠪᠤᠷ᠎ᠲᠤ ᠭᠡᠷᠡᠯ ᠭᠢᠯᠪᠠᠭ᠎ᠠ᠎ᠪᠠᠨ ᠰᠠᠴᠤᠷᠠᠭᠤᠯᠬᠤ᠎ᠳᠤ ᠬᠦᠴᠦᠨ ᠨᠡᠮᠡᠷᠢᠯᠡᠬᠦ᠎ᠪᠡᠷ ᠵᠣᠷᠢᠯᠭ᠎ᠠ᠎ᠪᠠᠨ ᠪᠣᠯᠭᠠᠵᠠᠢ᠃ ᠬᠤᠷᠠᠯ᠎ᠠᠴᠠ ᠴᠢᠬᠤᠯᠠᠴᠢᠯᠠᠭ᠍ᠰᠠᠨ᠎ᠢᠶᠠᠷ᠂ ᠡᠯ᠎ᠡ ᠶᠡᠬᠡ ᠳᠡᠭᠡᠳᠦ ᠰᠤᠷᠭᠠᠭᠤᠯᠢ᠎ᠶᠢᠨ ᠬᠢᠨ ᠤᠷᠤᠯᠳᠤᠭᠠᠨ᠎ᠢᠶᠠᠷ ᠬᠥᠮᠥᠨ᠎ᠢ ᠬᠥᠮᠥᠵᠢᠭᠦᠯᠬᠦ ᠤᠭ ᠰᠠᠨᠠᠭ᠎ᠠ᠎ᠪᠠᠨ ᠪᠠᠲᠤ ᠰᠠᠬᠢᠵᠤ᠂ ᠠᠵᠢᠯ ᠣᠯᠭᠣᠯᠲᠠ᠎ᠶᠢᠨ ᠠᠵᠢᠯ᠂ ᠵᠢᠭᠠᠨ ᠰᠤᠷᠭᠠᠯᠲᠠ᠎ᠶᠢᠨ ᠬᠠᠮᠢᠶᠠᠷᠤᠯᠲᠠ᠂ ᠰᠤᠷᠤᠭ᠍ᠴᠢ᠎ᠶᠢᠨ ᠬᠠᠮᠢᠶᠠᠷᠤᠯᠲᠠ ᠵᠡᠷᠭᠡ ᠰᠠᠯᠠᠭ᠎ᠠ ᠮᠥᠴᠢᠷ᠎ᠦᠨ ᠬᠢᠨ ᠭᠦᠨᠵᠡᠭᠡᠢ ᠣᠷᠣᠯᠴᠠᠵᠤ᠂ ᠬᠦᠴᠦᠷᠬᠡᠭ ᠶᠡᠬᠡ ᠠᠵᠢᠯ᠎ᠤᠨ ᠬᠠᠮᠲᠤᠷᠠᠯ ᠬᠦᠴᠦᠨ᠎ᠢ ᠪᠦᠷᠢᠯᠳᠦᠭᠦᠯᠬᠦ ᠬᠡᠷᠡᠭᠲᠡᠢ; ᠬᠠᠮᠲᠤ᠎ᠪᠠᠷ ᠬᠥᠲᠥᠯᠥᠨ ᠵᠢᠯᠤᠭᠣᠳᠬᠤ᠎ᠪᠠᠷ ᠳᠡᠮᠵᠢᠨ᠂ ᠣᠶᠤᠲᠠᠳ᠎ᠢ ᠬᠠᠪᠰᠤᠷᠤᠨ ᠵᠥᠪ ᠣᠨᠣᠪᠴᠢᠲᠠᠶ ᠦᠰᠦᠨ ᠪᠣᠢᠵᠢᠵᠤ ᠴᠢᠳᠠᠪᠤᠷᠢᠲᠠᠨ ᠪᠣᠯᠬᠤ ᠦᠵᠡᠯᠲᠡ ᠪᠠ ᠠᠵᠢᠯ ᠰᠣᠩᠭᠣᠨ ᠠᠵᠢᠯ ᠣᠯᠬᠤ ᠦᠵᠡᠯᠲᠡ᠎ᠶᠢ ᠪᠣᠶ ᠪᠣᠯᠭᠠᠵᠤ᠂ ᠰᠤᠷᠤᠯᠭ᠎ᠠ ᠪᠠ ᠠᠵᠢᠯ ᠮᠡᠷᠭᠡᠵᠢᠯ᠎ᠦᠨ ᠬᠥᠭᠵᠢᠯᠲᠡ᠎ᠶᠢᠨ ᠠᠷᠭ᠎ᠠ ᠵᠠᠮ᠎ᠢᠶᠠᠨ ᠰᠢᠨᠵᠢᠯᠡᠬᠦ ᠤᠬᠠᠭᠠᠨᠴᠢ᠎ᠪᠠᠷ ᠲᠥᠯᠥᠪᠵᠢᠭᠦᠯᠦᠨ᠂ ᠠᠵᠢᠯ ᠣᠯᠬᠤ ᠥᠷᠢᠰᠦᠯᠳᠦᠬᠦ ᠬᠦᠴᠦᠨ᠎ᠢ ᠨᠢ ᠦᠨᠡᠨ ᠬᠦ᠌ ᠳᠡᠭᠡᠭᠰᠢᠯᠡᠭᠦᠯᠬᠦ ᠬᠡᠷᠡᠭᠲᠡᠢ; ᠤᠷᠤᠯᠳᠤᠭᠠᠨ᠎ᠢᠶᠠᠷ ᠵᠢᠭᠠᠨ ᠰᠤᠷᠭᠠᠬᠤ᠎ᠶ᠋ᠢ ᠠᠬᠢᠭᠤᠯᠬᠤ ᠣᠨᠣᠯᠵᠢᠬᠤᠨ᠎ᠢ ᠪᠠᠷᠢᠮᠲᠠᠯᠠᠵᠤ᠂ ᠰᠤᠷᠭᠠᠭᠤᠯᠢ᠎ᠶᠢᠨ ᠰᠤᠷᠭᠠᠭᠤᠯᠢ ᠡᠷᠭᠢᠯᠡᠬᠦ ᠪᠠᠢᠷᠢ ᠲᠣᠭᠲᠠᠭᠠᠯᠲᠠ ᠪᠠ ᠲᠤᠰᠬᠠᠢ ᠮᠡᠷᠭᠡᠵᠢᠯ᠎ᠦᠨ ᠣᠨᠴᠠᠯᠢᠭ᠋ ᠯᠤᠭ᠎ᠠ ᠨᠢᠭ᠍ᠲᠠ ᠤᠶᠠᠯᠳᠤᠭᠤᠯᠤᠨ᠂ ᠠᠵᠤ ᠠᠮᠢᠳᠤᠷᠠᠯ᠎ᠤᠨ ᠬᠥᠮᠦᠵᠢᠯ᠎ᠢ ᠦᠵᠡᠯ ᠰᠠᠨᠠᠭ᠎ᠠ ᠤᠯᠤᠰ ᠲᠥᠷᠥ᠎ᠶᠢᠨ ᠬᠥᠮᠦᠵᠢᠯ᠂ ᠲᠤᠰᠬᠠᠢ ᠮᠡᠷᠭᠡᠵᠢᠯ᠎ᠦᠨ ᠬᠥᠮᠦᠵᠢᠯ ᠯᠦ᠍ᠭᠡ ᠭᠦᠨᠵᠡᠭᠡᠢ ᠠᠭᠤᠰᠤᠯᠴᠠᠭᠤᠯᠵᠤ᠂ ᠪᠥᠬᠥ ᠲᠠᠯ᠎ᠠ᠎ᠶᠢᠨ᠂ ᠣᠯᠠᠨ ᠲᠠᠰ ᠳᠠᠪᠬᠤᠷᠭ᠎ᠠ᠎ᠶᠢᠨ ᠬᠥᠮᠦᠵᠢᠯ᠎ᠦᠨ ᠲᠣᠭ᠍ᠲᠠᠯᠴᠠᠭ᠎ᠠ᠎ᠶ᠋ᠢ ᠪᠣᠶ ᠪᠣᠯᠭᠠᠬᠤ ᠬᠡᠷᠡᠭᠲᠡᠢ; ᠤᠷᠤᠯᠳᠤᠭᠠᠨ᠎ᠢᠶᠠᠷ ᠠᠵᠢᠯ ᠣᠯᠭᠣᠯᠲᠠ᠎ᠶ᠋ᠢ ᠠᠬᠢᠭᠤᠯᠬᠤ ᠬᠠᠷᠠᠯᠲᠠ᠎ᠶᠢ ᠲᠣᠭᠲᠠᠭᠠᠵᠤ᠂ ᠣᠷᠣᠨ ᠨᠤᠲᠤᠭ᠎ᠤᠨ ᠵᠠᠰᠠᠭ᠎ᠤᠨ ᠣᠷᠳᠣᠨ᠂ ᠠᠵᠢᠯ ᠲᠦᠷᠦᠯ᠎ᠦᠨ ᠨᠡᠢᠭᠡᠮᠯᠢᠭ ᠪᠠ ᠬᠥᠮᠥᠨ ᠬᠡᠷᠡᠭᠯᠡᠬᠦ ᠨᠢᠭᠡᠴᠢ ᠯᠦ᠍ᠭᠡ ᠬᠠᠮᠵᠢᠯᠴᠠᠨ ᠬᠥᠮᠥᠨ ᠬᠥᠮᠥᠵᠢᠭᠦᠯᠬᠦ ᠡᠷᠴᠢᠮ᠎ᠢᠶᠡᠨ ᠴᠢᠩᠭᠠᠷᠠᠭᠤᠯᠵᠤ᠂ ᠡᠬᠢ ᠪᠠᠶᠠᠯᠢᠭ᠋᠎ᠤᠨ ᠲᠣᠬᠢᠷᠠᠭᠤᠯᠤᠯᠲᠠ᠎ᠶᠢ ᠰᠢᠯᠢᠳᠡᠭᠵᠢᠭᠦᠯᠵᠦ᠂ 《ᠬᠢᠴᠢᠶᠡᠯ + ᠦᠢᠯᠡᠳᠦᠯᠭᠡ》᠎ᠶ᠋ᠢᠨ ᠢᠵᠢᠯ ᠴᠢᠭ᠌ᠯᠡᠯᠲᠦ ᠬᠣᠣᠰ ᠬᠦᠳᠡᠯᠭᠡᠭᠦᠷᠲᠦ ᠦᠢᠯᠡᠳᠦᠯᠭᠡ᠎ᠪᠡᠷ ᠬᠥᠮᠥᠨ ᠬᠥᠮᠥᠵᠢᠭᠦᠯᠬᠦ ᠬᠡᠪ ᠵᠠᠭᠪᠤᠷ᠎ᠢ ᠪᠠᠢᠭᠤᠯᠵᠤ᠂ ᠰᠤᠷᠤᠭ᠍ᠴᠢᠳ᠎ᠤᠨ ᠠᠵᠢᠯ ᠣᠯᠬᠤ ᠵᠠᠮ᠎ᠢ ᠪᠠᠲᠤᠯᠠᠵᠤ ᠬᠠᠮᠠᠭᠠᠯᠠᠬᠤ ᠬᠡᠷᠡᠭᠲᠡᠢ᠃ 《ᠪᠢᠳᠡ ᠨᠢᠭᠡᠨᠲᠡ ᠰᠤᠷᠭ᠋ᠠᠭᠤᠯᠢ᠎ᠶ᠋ᠢᠨ ᠬᠦᠷᠢᠶᠡᠨ᠎ᠳᠠᠬᠢ ᠤᠷᠤᠯᠳᠤᠭ᠋ᠠᠨ᠎ᠢᠶᠡᠨ ᠡᠬᠢᠯᠡᠭᠦᠯᠵᠦ᠂ ᠡᠯ᠎ᠡ ᠳᠡᠭᠡᠳᠦ ᠰᠤᠷᠭ᠋ᠠᠭᠤᠯᠢ ᠪᠠ ᠰᠠᠯᠪᠤᠷᠢ᠎ᠶ᠋ᠢᠨ ᠎ᠬᠢᠨ ᠰᠤᠷᠤᠭᠴᠢᠳ᠎ᠢᠶᠡᠨ ᠳᠠᠢᠴᠢᠯᠠᠨ ᠤᠷᠤᠯᠳᠤᠭ᠋ᠠᠨ᠎ᠳᠤ ᠢᠳᠡᠪᠬᠢᠲᠡᠢ ᠣᠷᠣᠯᠴᠠᠭᠤᠯᠵᠠᠢ᠂ ᠰᠤᠷᠤᠭᠴᠢᠳ᠎ᠤᠨ ᠣᠷᠤᠯᠴᠠᠯᠭ᠎ᠠ ᠨᠡᠯᠢᠶᠡᠳ ᠰᠠᠢ᠌ᠨ ᠪᠠᠢ᠌ᠨ᠎ᠠ》 ᠭᠡᠵᠦ ᠥᠪᠥᠷ ᠮᠣᠩᠭᠣᠯ᠎ᠤᠨ ᠠᠵᠤ ᠦᠢ᠍ᠯᠡᠳᠪᠦᠷᠢ᠎ᠶ᠋ᠢᠨ ᠶᠡᠬᠡ ᠰᠤᠷᠭ᠋ᠠᠭᠤᠯᠢ᠎ᠶ᠋ᠢᠨ ᠰᠣᠷᠣᠭᠴᠢ ᠡᠯᠰᠡᠬᠦ ᠪᠠ ᠠᠵᠢᠯ ᠣᠯᠭᠣᠬᠤ ᠭᠠᠵᠠᠷ᠎ᠤᠨ ᠳᠠᠷᠤᠭ᠎ᠠ ᠢᠦᠢ ᠯᠢ ᠴᠢᠶᠦ᠋ᠨ ᠲᠠᠨᠢᠯᠴᠠᠭᠤᠯᠪᠠ᠃ ᠣᠢ᠌ᠯᠠᠭ᠋ᠠᠭᠰᠠᠨ᠎ᠢᠶᠡᠷ᠂ ᠤᠷᠤᠯᠳᠤᠭ᠋ᠠᠨ᠎ᠤ ᠬᠤᠭᠤᠴᠠᠭ᠋ᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠪᠠᠰᠠ ᠠᠳᠠᠯᠢ ᠬᠤᠭᠤᠴᠠᠭ᠋ᠠᠨ᠎ᠳᠤ ᠰᠤᠷᠭ᠋ᠠᠭᠤᠯᠢ ᠪᠠ ᠠᠵᠤ ᠠᠬᠤᠢ᠌ᠯᠠᠯ᠎ᠤᠨ ᠬᠠᠩᠭ᠋ᠠᠯᠭ᠎ᠠ ᠬᠡᠷᠡᠭᠴᠡᠭᠡ ᠵᠢ ᠵᠣᠯᠭ᠋ᠠᠭᠤᠯᠬᠤ᠂ ᠠᠵᠢᠯ ᠣᠯᠭᠣᠯᠲᠠ᠎ᠪᠠᠷ ᠬᠥᠮᠥᠨ᠎ᠢ ᠬᠥᠮᠥᠵᠢᠭᠦᠯᠬᠦ᠂ ᠦᠢ᠍ᠯᠡᠰ ᠪᠤᠰᠬᠠᠬᠤ᠎ᠪᠠᠷ ᠠᠵᠢᠯ ᠣᠯᠬᠤ᠎ᠶ᠋ᠢ ᠠᠬᠢᠭᠤᠯᠬᠤ᠂ ᠬᠢᠴᠢᠶᠡᠯ ᠬᠥᠮᠦᠵᠢᠯ᠎ᠤᠨ ᠲᠠᠯ᠎ᠠ᠎ᠪᠠᠷ ᠰᠤᠳᠤᠯᠤᠨ ᠶᠠᠷᠢᠯᠴᠠᠵᠤ ᠰᠣᠯᠢᠯᠴᠠᠬᠤ ᠵᠡᠷᠭᠡ ᠠᠵᠢᠯᠯᠠᠭ᠎ᠠ ᠥᠷᠨᠢᠭᠦᠯᠵᠦ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠠᠪᠢᠶᠠᠰ ᠴᠢᠳᠠᠪᠤᠷᠢ᠎ᠪᠠᠨ ᠪᠠᠳᠠᠷᠠᠭᠤᠯᠬᠤ᠂ ᠨᠡᠢ᠌ᠭᠡᠮ᠎ᠳᠤ ᠦᠢ᠍ᠯᠡᠴᠢᠯᠡᠬᠦ᠂ ᠠᠵᠢᠯ ᠦᠢ᠍ᠯᠡᠰ᠎ᠢᠶᠠᠨ ᠪᠦᠲᠦᠭᠡᠬᠦ᠂ ᠬᠦᠰᠡᠯ ᠵᠡᠭᠦᠳᠦ᠎ᠪᠠᠨ ᠲᠡᠷᠭᠡᠯᠰᠢᠭᠦᠯᠬᠦ᠎ᠳᠤ ᠨᠠᠩ ᠣᠯᠠᠨ ᠲᠣᠬᠢᠶᠠᠯ ᠪᠠ ᠲᠠᠪᠴᠠᠩ ᠬᠠᠩᠭ᠋ᠠᠵᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠴᠢᠨᠠᠷ ᠰᠠᠢ᠌ᠲᠠᠢ᠎ᠪᠠᠷ ᠭᠦᠢ᠍ᠴᠡᠳ ᠠᠵᠢᠯ ᠣᠯᠬᠤ᠎ᠶ᠋ᠢ ᠠᠬᠢᠭᠤᠯᠬᠤ ᠪᠣᠯᠣᠨ᠎ᠠ᠃
10 ᠳ᠋ᠤᠭᠠᠷ ᠰᠠᠷ᠎ᠠ᠎ᠶᠢᠨ 12᠎ᠤᠨ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2026 ᠣᠨ᠎ᠤ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠲᠤ ᠵᠣᠷᠢᠭᠤᠯᠤᠭ᠍ᠰᠠᠨ ᠨᠠᠮᠤᠷ᠎ᠤᠨ ᠤᠯᠠᠷᠢᠯ᠎ᠤᠨ ᠰᠤᠷᠭᠠᠭᠤᠯᠢ᠎ᠶᠢᠨ ᠬᠦᠷᠢᠶᠡᠨ᠎ᠳᠡᠬᠢ ᠲᠣᠮᠣ ᠬᠡᠪᠴᠢᠶᠡᠨ᠎ᠦ ᠣᠷᠢᠵᠤ ᠡᠯᠰᠡᠬᠦ ᠴᠤᠭᠯᠠᠭᠠᠨ ᠥᠪᠥᠷ ᠮᠣᠩᠭᠣᠯ᠎ᠤᠨ ᠱᠢᠨᠵᠢᠯᠡᠭᠡ ᠮᠡᠷᠭᠡᠵᠢᠯ᠎ᠦᠨ ᠶᠡᠬᠡ ᠰᠤᠷᠭᠠᠭᠤᠯᠢ᠎ᠳᠤ ᠶᠠᠪᠤᠭ᠍ᠳᠠᠪᠠ᠃ ᠣᠷᠢᠵᠤ ᠡᠯᠰᠡᠬᠦ᠌ ᠴᠤᠭ᠍ᠯᠠᠭᠠᠨ ᠨᠢ ᠨᠠᠮᠤᠷ᠎ᠤᠨ ᠤᠯᠠᠷᠢᠯ᠎ᠤᠨ ᠰᠤᠷᠭᠠᠭᠤᠯᠢ᠎ᠶᠢᠨ ᠬᠦᠷᠢᠶᠡᠨ᠎ᠳᠡᠬᠢ ᠣᠷᠢᠵᠤ ᠡᠯᠰᠡᠬᠦ ᠰᠢᠵᠢᠷ ᠠᠯᠲᠠᠨ ᠬᠤᠭᠤᠴᠠᠭ᠎ᠠ᠎ᠶᠢ ᠠᠮᠵᠢᠨ᠂ 2026 ᠣᠨ᠎ᠳᠠᠬᠢ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠦᠨ ᠡᠷᠲᠡᠬᠡᠨ ᠠᠵᠢᠯ ᠣᠯᠵᠤ᠂ ᠤᠷᠤᠭᠰᠢᠲᠠᠢ ᠠᠵᠢᠯ ᠣᠯᠬᠤ᠎ᠶᠢ ᠠᠬᠢᠭᠤᠯᠬᠤ᠎ᠪᠠᠷ ᠵᠣᠷᠢᠯᠭ᠎ᠠ᠎ᠪᠠᠨ ᠪᠣᠯᠭᠠᠭ᠍ᠰᠠᠨ ᠶᠤᠮ᠃ ᠲᠣᠰ ᠤᠳᠠᠭᠠᠨ᠎ᠤ ᠣᠷᠢᠵᠤ ᠡᠯᠰᠡᠬᠦ ᠴᠤᠭᠯᠠᠭᠠᠨ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ᠂ ᠡᠨᠧᠷᠭᠢ᠎ᠶᠢᠨ ᠲᠣᠪᠴᠢᠶ᠎ᠠ ᠬᠠᠮᠲᠤᠷᠠᠨ ᠡᠷᠭᠢᠯᠡᠵᠦ᠂ ᠣᠷᠣᠨ᠎ᠤ ᠳᠣᠲᠣᠨ᠎ᠠ ᠭᠠᠳᠠᠨᠠᠬᠢ 205 ᠰᠢᠯᠢᠳᠡᠭ ᠠᠵᠤ ᠠᠬᠤᠢᠯᠠᠯ᠎ᠢ ᠤᠷᠢᠵᠤ᠂ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠲᠦ ᠲᠦᠮᠡ ᠭᠠᠷᠤᠢ ᠠᠵᠢᠯ᠎ᠤᠨ ᠪᠠᠢᠷᠢ ᠬᠠᠩᠭᠠᠭ᠍ᠰᠠᠨ ᠪᠦᠭᠡᠳ ᠡᠨᠧᠷᠭᠢ᠂ ᠦᠢᠯᠡᠳᠬᠦ ᠦᠢᠯᠡᠰ᠂ ᠮᠡᠳᠡᠭᠡ ᠵᠠᠩᠭᠢ᠎ᠶᠢᠨ ᠮᠡᠷᠭᠡᠵᠢᠯ᠂ ᠮᠥᠩᠭᠥᠨ ᠭᠦᠢᠯᠭᠡᠭᠡ᠂ ᠰᠤᠷᠭᠠᠨ ᠬᠥᠮᠦᠵᠢᠯ ᠵᠡᠷᠭᠡ ᠣᠯᠠᠨ ᠠᠵᠢᠯ ᠲᠥᠷᠥᠯ᠎ᠦᠨ ᠬᠦᠷᠢᠶ᠎ᠡ᠎ᠶᠢ ᠬᠠᠮᠤᠷᠴᠤ᠂ ᠪᠥᠬᠥ ᠣᠷᠣᠨ᠎ᠤ ᠶᠡᠬᠡ ᠳᠡᠭᠡᠳᠦ ᠰᠤᠷᠭᠠᠭᠤᠯᠢ᠎ᠶ᠋ᠢᠨ 1.3 ᠲᠦᠮᠡ ᠰᠢᠬᠠᠮ ᠲᠡᠭᠦᠰᠦᠭᠰᠡᠳ ᠣᠷᠣᠯᠴᠠᠵᠠᠢ᠃ ᠡᠭᠦᠨ᠎ᠦ ᠬᠠᠮᠲᠤ᠂ ᠣᠷᠢᠵᠤ ᠡᠯᠰᠡᠬᠦ ᠴᠤᠭ᠍ᠯᠠᠭᠠᠨ ᠨᠢ ᠥᠪᠥᠷ ᠮᠣᠩᠭᠣᠯ᠎ᠤᠨ ᠣᠶᠤᠲᠠᠳ᠎ᠤᠨ ᠠᠵᠢᠯ ᠣᠯᠭᠣᠯᠲᠠ᠎ᠶᠢᠨ ᠦᠢᠯᠡᠴᠢᠯᠡᠭᠡᠨ᠎ᠦ ᠲᠠᠪᠴᠠᠩ᠎ᠳᠤ ᠲᠦᠰᠢᠭᠯᠡᠨ ᠰᠦᠯᠵᠢᠶᠡᠨ ᠳᠡᠭᠡᠷᠡᠬᠢ ᠬᠣᠣᠰ ᠰᠤᠩᠭᠤᠯᠲᠠ᠎ᠶ᠋ᠢᠨ ᠴᠤᠭ᠍ᠯᠠᠭᠠᠨ᠎ᠢ ᠵᠡᠷᠭᠡ᠎ᠪᠡᠷ ᠶᠠᠪᠤᠭ᠍ᠳᠠᠭᠤᠯᠵᠤ᠂ ᠲᠤᠬᠠᠢ᠎ᠶᠢᠨ ᠲᠠᠯᠠᠪᠤᠷ᠎ᠲᠤ ᠬᠦᠷᠴᠦ ᠳᠡᠶ᠋ᠢᠯᠬᠦ ᠦᠭᠡᠢ ᠲᠡᠭᠦᠰᠭᠦ ᠰᠤᠷᠤᠭ᠍ᠴᠢᠳ᠎ᠤᠨ 《ᠡᠭᠦᠯᠡ᠎ᠪᠡᠷ ᠠᠵᠢᠯ ᠡᠷᠢᠬᠦ》᠎ᠳᠤ ᠲᠥᠬᠥᠮ ᠦᠵᠡᠭᠦᠯᠦᠨ᠂ ᠠᠵᠢᠯ ᠣᠯᠭᠣᠯᠲᠠ᠎ᠶᠢᠨ ᠦᠢᠯᠡᠴᠢᠯᠡᠭᠡ᠎ᠶᠢᠨ ᠪᠦᠷᠬᠦᠴᠡ᠎ᠶᠢ ᠨᠠᠩ ᠥᠷᠭᠡᠨ ᠳᠡᠯᠭᠡᠷ ᠪᠣᠯᠭᠠᠬᠤ᠎ᠶᠢ ᠦᠨᠡᠨ ᠬᠦ᠌ ᠪᠠᠲᠤᠯᠠᠪᠠ᠃ ᠣᠷᠢᠵᠤ ᠡᠯᠰᠡᠬᠦ ᠴᠤᠭᠯᠠᠭᠠᠨ᠎ᠳᠤ ᠪᠠᠰᠠ ᠠᠵᠢᠯ ᠣᠯᠭᠣᠯᠲᠠ᠎ᠶᠢᠨ 《ᠲᠤᠰᠠᠯᠠᠮᠵᠢ᠎ᠶ᠋ᠢᠨ ᠥᠷᠲᠡᠭᠡ》᠎ᠶ᠋ᠢ ᠵᠡᠷᠭᠡ᠎ᠪᠡᠷ ᠲᠣᠬᠢᠷᠠᠭᠤᠯᠵᠤ᠂ ᠲᠡᠭᠦᠰᠬᠦ ᠰᠤᠷᠤᠭ᠍ᠴᠢᠳ᠎ᠲᠤ ᠠᠵᠢᠯ ᠣᠯᠭᠣᠯᠲᠠ᠎ᠶᠢᠨ ᠲᠥᠷᠥ᠎ᠶᠢᠨ ᠪᠣᠳᠣᠯᠭ᠎ᠠ᠎ᠶᠢᠨ ᠲᠠᠢᠯᠤᠮᠵᠢ᠂ ᠠᠵᠢᠯ᠎ᠤᠨ ᠪᠠᠢᠷᠢ᠎ᠶᠢᠨ ᠮᠡᠳᠡᠭᠡ ᠵᠠᠩᠭᠢ ᠬᠠᠩᠭᠠᠬᠤ᠂ ᠠᠵᠢᠯ ᠮᠡᠷᠭᠡᠵᠢᠯ᠎ᠦᠨ ᠲᠥᠯᠦᠪᠵᠢᠭᠦᠯᠭᠡ᠂ ᠲᠣᠪᠴᠢ ᠨᠠᠮᠲᠠᠷ᠎ᠤᠨ ᠣᠨᠣᠰᠢᠯᠠᠯᠲᠠ᠂ ᠨᠢᠭᠤᠷᠲᠠᠨ ᠰᠢᠯᠭᠠᠯᠲᠠ᠎ᠶᠢᠨ ᠵᠢᠯᠣᠭᠣᠳᠤᠯᠭ᠎ᠠ ᠵᠢᠴᠢ ᠡᠷᠬᠡ ᠠᠰᠢᠭ᠋᠎ᠤᠨ ᠪᠠᠲᠤᠯᠠᠭ᠎ᠠ᠎ᠶᠢᠨ ᠬᠠᠤᠯᠢ ᠴᠠᠭᠠᠵᠠ᠎ᠶᠢᠨ ᠯᠠᠪᠯᠠᠭ᠎ᠠ ᠵᠡᠷᠭᠡ᠎ᠶᠢ ᠬᠠᠮᠤᠷᠤᠭᠰᠠᠨ ᠪᠥᠬᠥ ᠲᠠᠯ᠎ᠠ᠎ᠪᠠᠷ ᠬᠢ ᠨᠢᠭᠡ ᠥᠷᠲᠡᠭᠡᠴᠢᠯᠡᠭ᠌ᠰᠡᠨ ᠮᠠᠶᠢᠭ᠋᠎ᠤᠨ ᠦᠢᠯᠡᠴᠢᠯᠡᠭᠡ ᠬᠠᠩᠭᠠᠵᠤ᠂ ᠲᠡᠭᠦᠰᠬᠦ ᠰᠤᠷᠤᠭ᠍ᠴᠢᠳ᠎ᠤᠨ ᠠᠵᠢᠯ ᠡᠷᠢᠬᠦ ᠤᠷ᠎ᠠ ᠴᠢᠳᠠᠪᠤᠷᠢ᠎ᠪᠠᠨ ᠳᠡᠭᠡᠭᠰᠢᠯᠡᠭᠦᠯᠬᠦ᠂ ᠠᠵᠢᠯ ᠣᠯᠬᠤ ᠢᠲᠡᠭᠡᠯ᠎ᠢᠶᠡᠨ ᠨᠡᠮᠡᠭᠳᠡᠭᠦᠯᠬᠦ᠂ ᠠᠵᠢᠯ ᠣᠯᠬᠤ ᠪᠦᠲᠦᠮᠵᠢ᠎ᠶᠢᠨ ᠨᠣᠷᠮ᠎ᠠ᠎ᠪᠡᠨ ᠳᠡᠭᠡᠭ᠌ᠰᠢᠯᠡᠭᠦᠯᠬᠦ᠌᠎ᠳᠦ ᠬᠦᠴᠦᠨ ᠨᠡᠮᠡᠷᠢᠯᠡᠪᠡ᠃ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ᠎ᠦᠨ ᠬᠠᠮᠢᠶ᠎ᠠ ᠪᠦᠬᠦᠢ ᠬᠠᠷᠢᠭᠤᠴᠠᠯᠭᠠᠲᠠᠨ᠎ᠤ ᠲᠠᠨᠢᠯᠴᠠᠭᠤᠯᠤᠭ᠍ᠰᠠᠨ᠎ᠢᠶᠠᠷ᠄ 《ᠪᠢᠳᠡ ᠬᠠᠮᠢᠶ᠎ᠠ ᠪᠦᠬᠦᠢ ᠡᠯ᠎ᠡ ᠰᠠᠯᠠᠭ᠎ᠠ ᠮᠥᠴᠢᠷ᠂ ᠡᠯ᠎ᠡ ᠠᠵᠢᠯ ᠲᠥᠷᠥᠯ᠎ᠦᠨ ᠠᠵᠤ ᠠᠬᠤᠢᠯᠠᠯ ᠵᠢᠴᠢ ᠬᠥᠮᠥᠨ ᠬᠡᠷᠡᠭᠯᠡᠬᠦ ᠨᠢᠭᠡᠴᠢ ᠵᠡᠷᠭᠡ ᠯᠦ᠍ᠭᠡ ᠬᠠᠮᠵᠢᠯᠴᠠᠬᠤ᠎ᠪᠠᠨ ᠴᠢᠩᠭᠠᠳᠬᠠᠵᠤ᠂ 〈ᠠᠯᠲᠠᠨ ᠨᠠᠮᠤᠷ᠎ᠢᠶᠠᠷ ᠠᠶᠠᠯᠠᠯ ᠡᠬᠢᠯᠡᠭᠦᠯᠬᠦ᠌〉 ᠰᠤᠷᠭᠠᠭᠤᠯᠢ᠎ᠶᠢᠨ ᠬᠦᠷᠢᠶᠡᠨ᠎ᠳᠦ ᠣᠷᠢᠵᠤ ᠡᠯᠰᠡᠬᠦ᠂ 〈ᠱᠢᠯᠢᠳᠡᠭ ᠠᠵᠤ ᠠᠬᠤᠢᠯᠠᠯ ᠴᠢᠳᠠᠪᠤᠷᠢᠲᠠᠨ ᠣᠷᠢᠬᠤ〉 ᠬᠠᠨᠳᠤᠯᠭ᠎ᠠ᠎ᠲᠠᠢ᠎ᠪᠠᠷ ᠠᠵᠤ ᠠᠬᠤᠢᠯᠠᠯ᠎ᠳᠤ ᠠᠢᠯᠴᠢᠯᠠᠵᠤ ᠰᠤᠷᠪᠤᠯᠵᠢᠯᠠᠨ ᠠᠵᠢᠯ᠎ᠤᠨ ᠪᠠᠢᠷᠢ᠎ᠪᠠᠨ ᠥᠷᠭᠡᠳᠬᠡᠬᠦ᠂ 〈ᠠᠵᠢᠯ ᠮᠡᠷᠭᠡᠵᠢᠯ᠎ᠢᠶᠡᠷ ᠢᠷᠡᠭᠡᠳᠦᠢ ᠲᠡᠢᠰᠢ ᠬᠦᠲᠦᠯᠬᠦ᠌〉 ᠠᠵᠢᠯ ᠣᠯᠬᠤ ᠴᠢᠳᠠᠪᠤᠷᠢ᠎ᠪᠠᠨ ᠳᠡᠭᠡᠭ᠌ᠰᠢᠯᠡᠭᠦᠯᠬᠦ᠌᠂ 〈ᠠᠵᠢᠯ ᠣᠯᠭᠣᠯᠲᠠ᠎ᠪᠠᠷ ᠬᠥᠮᠥᠨ᠎ᠢ ᠬᠥᠮᠥᠵᠢᠭᠦᠯᠬᠦ〉 ᠭᠣᠣᠯ ᠰᠡᠳᠦᠪᠲᠦ ᠬᠥᠮᠦᠵᠢᠯ ᠵᠡᠷᠭᠡ ᠠᠵᠢᠯᠯᠠᠭ᠎ᠠ᠎ᠶᠢ ᠭᠦᠨᠵᠡᠭᠡᠢ ᠠᠬᠢᠭᠤᠯᠵᠤ᠂ ᠮᠠᠨ᠎ᠤ ᠣᠷᠣᠨ᠎ᠤ 2026 ᠣᠨ᠎ᠳᠠᠬᠢ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠦᠨ ᠨᠠᠩ ᠭᠦᠢᠴᠡᠳ ᠨᠠᠩ ᠴᠢᠨᠠᠷ ᠰᠠᠢᠲᠠᠢ ᠠᠵᠢᠯ ᠣᠯᠭᠣᠯᠲᠠ᠎ᠶ᠋ᠢ ᠪᠥᠬᠥ ᠬᠦᠴᠦᠨ᠎ᠢᠶᠡᠷ᠎ᠢᠶᠡᠨ ᠠᠬᠢᠭᠤᠯᠤᠨ᠎ᠠ》 ᠭᠡᠵᠡᠢ᠃