ᠡᠨᠳᠡᠬᠢ ᠡᠯᠡᠰᠦ᠎ᠡᠴᠡ ᠭᠤᠯᠭᠤᠨ ᠪᠠᠭᠤᠬᠤ᠎ᠳᠤ ᠬᠥᠩᠭᠢᠨᠡᠮ᠎ᠡ ᠪᠦᠷᠢᠶᠡᠨ ᠳᠠᠭᠤ ᠰᠣᠨᠣᠰᠳᠠᠬᠤ ᠪᠣᠯᠬᠣᠷ ᠪᠦᠷᠢᠶ᠎ᠡ ᠮᠠᠩᠬ᠎ᠠ ᠭᠡᠮᠡᠨ ᠨᠡᠷᠡᠯᠡᠭᠳᠡᠭᠰᠡᠨ ᠳᠤᠮᠳᠠᠳᠤ ᠤᠯᠤᠰ᠎ᠤᠨ AAAA ᠳᠡᠰ᠎ᠦᠨ ᠵᠢᠭᠤᠯᠴᠢᠯᠠᠯ᠎ᠤᠨ ᠦᠵᠡᠮᠵᠢ᠎ᠶᠢᠨ ᠣᠷᠣᠨ ᠨᠢ ᠥᠪᠥᠷ ᠮᠣᠩᠭᠣᠯ᠎ᠤᠨ ᠣᠷᠳᠣᠰ᠎ᠤᠨ ᠬᠥᠪᠴᠢ᠎ᠶᠢᠨ ᠡᠯᠡᠰᠦ᠎ᠶ᠋ᠢᠨ ᠵᠡᠭᠦᠨ ᠵᠠᠬ᠎ᠠ᠎ᠳᠤ ᠪᠠᠢᠷᠢᠯᠠᠵᠤ ᠪᠤᠢ᠃ 《ᠬᠥᠪᠴᠢ》 ᠭᠡᠳᠡᠭ ᠨᠢ ᠮᠣᠩᠭᠣᠯ ᠦᠭᠡ᠂ ᠬᠢᠲᠠᠳ ᠬᠡᠯᠡᠨ᠎ᠦ《ᠨᠤᠮᠤ᠎ᠶᠢᠨ ᠬᠥᠪᠴᠢ》ᠭᠡᠰᠡᠨ ᠤᠳᠬ᠎ᠠ ᠲᠠᠢ᠂ ᠡᠯᠡᠰᠦᠨ ᠴᠥᠯ᠎ᠦᠨ ᠶᠡᠷᠦᠩᠬᠡᠢ ᠲᠠᠯᠠᠪᠠᠢ ᠨᠢ 16000 ᠺᠦᠸᠠᠳ᠋ ᠺᠢᠯᠣᠮᠧᠲ᠋ᠷ᠂ ᠥᠪᠥᠷ ᠮᠣᠩᠭᠣᠯ᠎ᠤᠨ ᠭᠤᠷᠪᠠᠨ ᠶᠡᠬᠡ ᠡᠯᠡᠰᠦᠨ ᠴᠥᠯ᠎ᠦᠨ ᠨᠢᠭᠡ ᠪᠣᠯᠣᠨ᠎ᠠ᠃ ᠬᠡᠷᠪᠡ ᠬᠥᠪᠴᠢ᠎ᠶᠢᠨ ᠡᠯᠡᠰᠦ᠎ᠶ᠋ᠢ ᠨᠢᠭᠡᠨ ᠨᠤᠮᠤ᠎ᠪᠡᠷ ᠵᠦᠢᠷᠯᠡᠪᠡᠯ᠂ ᠪᠦᠷᠢᠶ᠎ᠡ ᠮᠠᠩᠬ᠎ᠠ ᠪᠣᠯ ᠳᠠᠷᠤᠢ ᠡᠨᠡ ᠬᠦ᠌ 《ᠨᠤᠮᠤ᠎ᠶᠢᠨ ᠬᠥᠪᠴᠢ 》 ᠪᠣᠯᠣᠨ᠎ᠠ᠃

ᠪᠦᠷᠢᠶ᠎ᠡ ᠮᠠᠩᠬ᠎ᠠ ᠬᠢᠭᠡᠳ ᠱᠠ ᠫᠦᠸ ᠲᠧᠦ (ᠨᠢᠩᠰᠢᠶᠠ᠎ᠶᠢᠨ ᠵᠥᠩ ᠸᠧᠢ)᠂ ᠮᠢᠩ ᠱᠠ ᠱᠠᠨ (ᠭᠠᠨᠰᠦ᠎ᠶᠢᠨ ᠳ᠋ᠦᠨᠬᠤᠸᠠᠩ)᠎ᠢ ᠬᠠᠮᠲᠤ᠎ᠳᠤ ᠨᠢ ᠳᠤᠮᠳᠠᠳᠤ ᠤᠯᠤᠰ᠎ᠤᠨ ᠭᠤᠷᠪᠠᠨ ᠶᠡᠬᠡ ᠳᠠᠭᠤᠲᠤ ᠡᠯᠡᠰᠦ ᠭᠡᠳᠡᠭ᠂ ᠬᠥᠪᠴᠢ᠎ᠶᠢᠨ ᠡᠯᠡᠰᠦ ᠪᠣᠯ ᠳᠣᠯᠣᠳᠤᠭᠠᠷ ᠶᠡᠬᠡ ᠡᠯᠡᠰᠦᠨ ᠴᠥᠯ ᠪᠣᠯᠣᠨ᠎ᠠ᠂ ᠨᠥᠭᠦᠭᠡ ᠵᠢᠷᠭᠤᠭᠠᠨ ᠶᠡᠬᠡ ᠡᠯᠡᠰᠦᠨ ᠴᠥᠯ ᠨᠢ᠄ ᠲᠠᠺᠯᠢᠮᠠᠺᠠᠨ ᠡᠯᠡᠰᠦᠨ ᠴᠥᠯ᠂ ᠭᠤᠷᠪᠠᠨ ᠲᠦᠩᠭᠦᠳ ᠡᠯᠡᠰᠦᠨ ᠴᠥᠯ᠂ ᠪᠠᠳᠠᠢ᠎ᠶᠢᠨ ᠵᠢᠷᠠᠨ᠎ᠤ ᠡᠯᠡᠰᠦᠨ ᠴᠥᠯ᠂ ᠲᠡᠭᠷᠢ ᠡᠯᠡᠰᠦ᠂ ᠴᠠᠢᠳᠠᠮ᠎ᠤᠨ ᠡᠯᠡᠰᠦᠨ ᠴᠥᠯ᠂ ᠺᠦᠨᠲ᠋ᠠᠭᠠ ᠡᠯᠡᠰᠦᠨ ᠴᠥᠯ᠂ ᠤᠯᠠᠭᠠᠨᠪᠤᠬ᠎ᠠ᠎ᠶᠢᠨ ᠡᠯᠡᠰᠦᠨ ᠴᠥᠯ ᠪᠣᠯᠣᠨ᠎ᠠ᠃ ᠪᠦᠷᠢᠶ᠎ᠡ ᠮᠠᠩᠬ᠎ᠠ ᠨᠢ ᠱᠠᠨᠰᠢ᠂ ᠱᠠᠨ ᠰᠢ᠂ ᠥᠪᠥᠷ ᠮᠣᠩᠭᠣᠯ᠎ᠤᠨ ᠨᠡᠭᠦᠷᠡᠰᠦᠨ ᠭᠠᠷᠤᠯᠲᠠ᠎ᠶ᠋ᠢᠨ ᠭᠤᠷᠪᠠᠯᠵᠢᠨ ᠪᠦᠰᠡ᠎ᠳᠦ ᠪᠠᠢᠷᠢᠯᠠᠨ᠂ ᠬᠥᠬᠡᠬᠣᠲᠠ᠂ ᠪᠤᠭᠤᠲᠤ ᠬᠣᠲᠠ᠂ ᠣᠷᠳᠣᠰ ᠬᠣᠲᠠ᠎ᠶᠢᠨ 《ᠠᠯᠲᠠᠨ ᠭᠤᠷᠪᠠᠯᠵᠢᠨ》 ᠨᠡᠭᠡᠭᠡᠯᠲᠡ᠎ᠶᠢᠨ ᠲᠣᠭᠣᠷᠢᠭ᠋᠎ᠤᠨ ᠲᠥᠪ᠎ᠲᠦ ᠪᠠᠢᠷᠢᠱᠢᠵᠤ᠂ 《ᠬᠠᠲᠤᠨ ᠭᠣᠣᠯ᠎ᠤᠨ ᠠᠯᠲᠠᠨ ᠪᠦᠰᠡᠨ᠎ᠤ ᠠᠯᠲᠠᠨ ᠲᠣᠪᠴᠢ 》 ᠬᠡᠮᠡᠭᠳᠡᠵᠦ᠂ ᠤᠮᠠᠷᠠᠰᠢ᠎ᠪᠠᠨ ᠪᠤᠭᠤᠲᠤ ᠬᠣᠲᠠ᠎ᠠᠴᠠ 48.5 ᠺᠢᠯᠣᠮᠧᠲ᠋ᠷ ᠵᠠᠢᠲᠠᠢ᠂ ᠡᠮᠦᠨᠡᠰᠢ᠎ᠪᠡᠨ ᠣᠷᠳᠣᠰ ᠬᠣᠲᠠ᠎ᠠᠴᠠ 45 ᠺᠢᠯᠣᠮᠧᠲ᠋ᠷ ᠵᠠᠢᠲᠠᠢ᠂ ᠪᠣᠭᠤᠲᠤ᠎ᠠᠴᠠ ᠳ᠋ᠦᠩᠱᠧᠩ ᠬᠦᠷᠬᠦ᠌ ᠳᠡᠭᠡᠳᠦ ᠬᠤᠷᠳᠤ᠎ᠶᠢᠨ ᠵᠠᠰᠠᠮᠠᠯ ᠵᠠᠮ᠎ᠠᠴᠠ ᠪᠠᠷᠤᠭ 3 ᠺᠢᠯᠣᠮᠧᠲ᠋ᠷ ᠵᠠᠢᠲᠠᠢ ᠪᠠᠢᠳᠠᠭ᠃

ᠪᠦᠷᠢᠶ᠎ᠡ ᠮᠠᠩᠬ᠎ᠠ ᠥᠨᠳᠥᠷᠢᠶᠠᠷᠢᠶᠠᠨ 110 ᠮᠧᠲ᠋ᠷ᠂ ᠥᠷᠭᠡᠨ᠎ᠢᠶᠠᠷ᠎ᠢᠶᠠᠨ 200 ᠮᠧᠲ᠋ᠷ᠂ ᠨᠠᠯᠠᠤᠴᠠ ᠨᠢ 45 ᠭᠷᠡᠳᠦ᠋ᠰ ᠪᠠᠢᠵᠤ᠂ ᠭᠠᠵᠠᠷ᠎ᠤᠨ ᠪᠠᠢᠴᠠ ᠨᠢ ᠬᠠᠪᠢᠷᠭᠠᠨ ᠰᠠᠷ᠎ᠠ ᠬᠡᠯᠪᠡᠷᠢᠲᠡᠢ᠂ ᠴᠤᠤᠷᠢᠶ᠎ᠠ ᠲᠠᠲᠠᠳᠠᠭ ᠨᠢᠭᠡᠨ ᠭᠠᠢᠬᠠᠮᠰᠢᠭᠲᠠᠢ ᠠᠪᠤᠷᠭᠤ ᠶᠡᠬᠡ ᠮᠠᠩᠬᠠᠨ ᠬᠠᠨ᠎ᠠ ᠪᠣᠯᠵᠤ ᠪᠦᠷᠢᠯᠳᠦᠭ᠌ᠰᠡᠨ ᠪᠠᠢᠨ᠎ᠠ᠃ ᠨᠠᠷᠠᠨ᠎ᠤ ᠳᠤᠰᠤᠯᠲᠠ ᠭᠦᠢᠴᠡᠳ᠂ ᠡᠯᠡᠰᠦᠨ ᠮᠥᠬᠥᠯᠢᠭ ᠬᠠᠭᠤᠷᠠᠢ ᠦᠶ᠎ᠡ᠎ᠳᠦ᠂ ᠡᠯᠡᠰᠦᠨ ᠳᠣᠪᠣ ᠳᠡᠭᠡᠷ᠎ᠡ᠎ᠠᠴᠠ ᠤᠷᠤᠭᠤᠳᠠᠨ ᠭᠤᠯᠭᠤᠵᠤ ᠪᠠᠭᠤᠬᠤ᠎ᠳᠤ ᠬᠥᠩᠭᠢᠨᠡᠮ᠎ᠡ ᠰᠠᠢᠬᠠᠨ ᠪᠦᠷᠢᠶᠡᠨ ᠳᠠᠭᠤ ᠰᠣᠨᠣᠰᠳᠠᠳᠠᠭ᠃ ᠡᠯᠡᠰᠦ ᠶᠠᠭᠠᠬᠢᠭᠠᠳ ᠳᠤᠤᠭᠠᠷᠴᠤ ᠴᠢᠳᠠᠳᠠᠭ ᠪᠣᠶ? ᠣᠳᠣᠬᠠᠨ ᠪᠣᠯᠲᠠᠯ᠎ᠠ ᠨᠢᠭᠡᠨ ᠲᠠᠢᠯᠤᠭᠳᠠᠰᠢ ᠦᠭᠡᠢ ᠣᠨᠢᠰᠤᠭ᠎ᠠ ᠪᠣᠯᠣᠭ᠍ᠰᠠᠭᠠᠷ ᠪᠠᠢᠨ᠎ᠠ᠂ ᠡᠨᠡ ᠨᠢ ᠪᠦᠷᠢᠶ᠎ᠡ ᠮᠠᠩᠬᠠᠨ᠎ᠳᠤ ᠭᠠᠢᠬᠠᠮᠰᠢᠭ᠍ᠲᠤ ᠷᠢᠳᠢ ᠰᠢᠳᠢ ᠲᠠᠢ ᠪᠠᠢᠳᠠᠭ᠎ᠤᠨ ᠤᠴᠢᠷ ᠪᠤᠯᠠᠢ᠃ ᠴᠥᠭᠡᠨ ᠪᠤᠰᠤ ᠡᠷᠳᠡᠮᠲᠡᠳ 《ᠭᠠᠵᠠᠷ ᠵᠦᠢ᠎ᠶᠢᠨ ᠣᠷᠴᠢᠨ ᠲᠣᠭᠣᠷᠢᠨ᠎ᠤ ᠣᠨᠣᠯ》᠂ 《ᠴᠤᠤᠷᠢᠶ᠎ᠠ᠎ᠶ᠋ᠢᠨ ᠬᠠᠢᠷᠴᠠᠭ᠎ᠤᠨ ᠤᠭ ᠶᠣᠰᠣ᠌》᠂ 《ᠠᠭᠠᠷ᠎ᠤᠨ ᠬᠡᠯᠪᠡᠯᠵᠡᠬᠦ᠌ ᠣᠨᠣᠯ》 ᠵᠡᠷᠭᠡ᠎ᠶᠢ ᠳᠤᠷᠠᠳᠤᠨ ᠭᠠᠷᠭᠠᠵᠤ᠂ ᠴᠥᠮ ᠰᠢᠨᠵᠢᠯᠡᠬᠦ ᠤᠬᠠᠭᠠᠨ᠎ᠤ ᠵᠣᠭᠰᠣᠴᠠ᠎ᠠᠴᠠ ᠪᠦᠷᠢᠶ᠎ᠡ ᠮᠠᠩᠬ᠎ᠠ ᠪᠣᠶ ᠪᠣᠯᠤᠭᠰᠠᠨ ᠰᠢᠯᠲᠠᠭᠠᠨ᠎ᠢ ᠲᠠᠢᠯᠪᠤᠷᠢᠯᠠᠬᠤ᠎ᠪᠠᠷ ᠣᠷᠣᠯᠳᠤᠵᠠᠢ᠃
ᠪᠦᠷᠢᠶ᠎ᠡ ᠮᠠᠩᠬ᠎ᠠ ᠨᠢ ᠰᠦᠷ ᠵᠢᠪᠬᠤᠯᠠᠩᠲᠤ ᠡᠯᠡᠰᠦᠨ ᠴᠥᠯ᠎ᠦᠨ ᠰᠣᠶᠣᠯ ᠪᠠ ᠭᠦᠨ ᠵᠤᠵᠠᠭᠠᠨ ᠤᠮᠠᠷᠠᠲᠤ ᠬᠢᠵᠠᠭᠠᠷ᠎ᠤᠨ ᠠᠭᠤᠯᠬᠤᠨ᠎ᠢ ᠠᠭᠤᠰᠬᠠᠭᠠᠳ᠂ ᠣᠷᠭᠢᠯᠤᠮ᠎ᠠ ᠬᠠᠯᠠᠭᠤᠨ ᠡᠯᠡᠰᠦᠨ ᠴᠥᠯ᠎ᠦᠨ ᠠᠵᠢᠯᠯᠠᠭ᠎ᠠ ᠪᠣᠯᠣᠨ ᠥᠪᠡᠷᠮᠢᠴᠡ ᠣᠨᠴᠠᠯᠢᠭ᠋ ᠪᠦᠬᠦᠢ ᠦᠨᠳᠦᠰᠦᠲᠡᠨ᠎ᠦ ᠵᠠᠩ ᠦᠢᠯᠡ᠎ᠶᠢ ᠬᠤᠷᠠᠭᠤᠯᠵᠠᠢ᠃ ᠲᠡᠷᠡ ᠪᠣᠯ 《 ᠳᠤᠮᠳᠠᠳᠤ ᠤᠯᠤᠰ᠎ᠤᠨ AAAA ᠳᠡᠰ᠎ᠦᠨ ᠵᠢᠭᠤᠯᠴᠢᠯᠠᠯ᠎ᠤᠨ ᠦᠵᠡᠮᠵᠢ᠎ᠶᠢᠨ ᠣᠷᠣᠨ 》 ᠪᠠ 《ᠳᠤᠮᠳᠠᠳᠤ ᠤᠯᠤᠰ᠎ᠤᠨ ᠪᠠᠷᠠᠭᠤᠨ ᠬᠡᠰᠡᠭ᠎ᠦᠨ ᠬᠠᠮᠤᠭ᠎ᠠᠴᠠ ᠬᠥᠭᠵᠢᠯᠲᠡ᠎ᠶᠢᠨ ᠳᠠᠯᠳᠠ ᠬᠦᠴᠦᠨ ᠲᠠᠢ ᠵᠢᠭᠤᠯᠴᠢᠯᠠᠯ᠎ᠤᠨ ᠦᠵᠡᠮᠵᠢ᠎ᠶᠢᠨ ᠣᠷᠣᠨ》 ᠪᠣᠯᠣᠨ᠎ᠠ᠂ ᠳᠡᠯᠡᠬᠡᠢ᠎ᠶ᠋ᠢᠨ ᠠᠩᠬᠠᠳᠠᠭᠴᠢ ᠡᠯᠡᠰᠦᠨ ᠴᠥᠯ᠎ᠦᠨ ᠳᠡᠭᠦᠵᠢᠩ ᠵᠠᠮ᠂ ᠳᠤᠮᠳᠠᠳᠤ ᠤᠯᠤᠰ᠎ᠤᠨ ᠬᠠᠮᠤᠭ᠎ᠤᠨ ᠲᠣᠮᠣ᠌ ᠲᠡᠮᠡᠭᠡᠨ ᠰᠦᠷᠦᠭ᠂ ᠳᠤᠮᠳᠠᠳᠤ ᠤᠯᠤᠰ᠎ᠤᠨ ᠲᠡᠷᠢᠭᠦᠨ ᠵᠡᠷᠭᠡ᠎ᠶᠢᠨ ᠮᠣᠩᠭᠣᠯ ᠦᠨᠳᠦᠰᠦᠲᠡᠨ᠎ᠦ ᠤᠷᠠᠯᠢᠭ᠋᠎ᠤᠨ ᠪᠦᠯᠬᠦᠮ ᠲᠠᠢ ᠪᠠᠢᠳᠠᠭ᠂ ᠪᠠᠰᠠ ᠬᠡᠳᠦᠨ ᠠᠷᠪᠠᠨ ᠵᠦᠢᠯ᠎ᠦᠨ ᠡᠯᠡᠰᠦᠨ ᠴᠥᠯ᠎ᠢᠶᠠᠷ ᠵᠤᠭᠠᠯᠠᠨ ᠲᠣᠭ᠍ᠯᠠᠬᠤ ᠰᠣᠨᠢᠨ ᠵᠢᠭ᠌ᠲᠡᠢ ᠲᠥᠷᠥᠯ ᠵᠦᠢᠯ ᠪᠣᠶ᠃
ᠪᠦᠷᠢᠶ᠎ᠡ ᠮᠠᠩᠬᠠᠨ᠎ᠳᠦ ᠳᠣᠣᠷᠠᠬᠢ ᠮᠡᠲᠦ ᠭᠢᠯᠠᠯᠵᠠᠭᠰᠠᠨ ᠦᠵᠡᠮᠵᠢ᠎ᠶᠢᠨ ᠭᠠᠵᠠᠷ ᠪᠣᠢ᠄ ᠨᠢᠭᠡᠳᠦᠭᠡᠷ ᠨᠢ ᠶᠡᠷᠦᠩᠬᠡᠢᠯᠡᠭᠰᠡᠨ ᠦᠢᠯᠡᠴᠢᠯᠡᠭᠡᠨ᠎ᠦ ᠲᠣᠭᠤᠷᠢᠭ᠄ ᠶᠡᠷᠦᠩᠬᠡᠢᠯᠡᠭᠰᠡᠨ ᠦᠢᠯᠡᠴᠢᠯᠡᠭᠡᠨ᠎ᠦ ᠲᠣᠭᠤᠷᠢᠭ ᠪᠣᠯ ᠵᠢᠭᠤᠯᠴᠢᠯᠠᠭ᠍ᠰᠠᠳ᠎ᠤᠨ ᠡᠯᠡᠰᠦᠨ ᠴᠥᠯ᠎ᠢᠶᠠᠷ ᠵᠢᠭᠤᠯᠴᠢᠯᠠᠬᠤ᠂ ᠵᠤᠭᠠᠴᠠᠬᠤ᠎ᠳᠤ ᠬᠠᠩᠭᠠᠭ᠍ᠰᠠᠨ ᠣᠯᠠᠨ ᠴᠢᠳᠠᠮᠵᠢᠲᠤ ᠦᠢᠯᠡᠴᠢᠯᠡᠭᠡᠨ᠎ᠦ ᠰᠠᠭᠤᠷᠢᠨ ᠪᠣᠯᠣᠨ᠎ᠠ᠃ ᠬᠣᠶᠠᠳᠤᠭᠠᠷ ᠨᠢ ᠪᠦᠷᠢᠶ᠎ᠡ ᠮᠠᠩᠬᠠᠨ᠎ᠤ ᠭᠠᠷᠠᠮ᠄ ᠪᠦᠷᠢᠶ᠎ᠡ ᠮᠠᠩᠬ᠎ᠠ ᠭᠠᠷᠠᠮ ᠪᠣᠯ ᠡᠯᠡᠰᠦᠨ ᠴᠥᠯ᠎ᠳᠦ ᠣᠷᠣᠵᠤ ᠵᠤᠭᠠᠴᠠᠨ ᠨᠠᠭᠠᠳᠬᠤ ᠠᠩᠬᠠᠨ᠎ᠤ ᠥᠷᠲᠡᠭᠡ ᠪᠣᠯᠣᠨ᠎ᠠ᠂ ᠬᠠᠴᠢᠨ ᠭᠠᠢᠬᠠᠯᠲᠠᠢ ᠪᠦᠷᠢᠶᠡᠨ ᠳᠠᠭᠤ ᠲᠠᠢ ᠭᠠᠢᠬᠠᠮᠰᠢᠭᠲᠤ ᠦᠵᠡᠮᠵᠢ ᠨᠢ ᠡᠨᠳᠡ ᠪᠠᠢᠳᠠᠭ᠃ ᠭᠤᠷᠪᠠᠳᠤᠭᠠᠷ ᠨᠢ ᠠᠷᠰᠢ᠎ᠶ᠋ᠢᠨ ᠡᠯᠡᠰᠦᠨ ᠠᠷᠠᠯ᠄ ᠬᠠᠯᠠᠭᠤᠮᠰᠤᠭ ᠰᠠᠢᠬᠠᠨ ᠡᠯᠡᠰᠦᠨ ᠴᠦᠯ᠎ᠳᠡᠬᠢ ᠭᠣᠢᠳᠠ ᠰᠠᠢᠬᠠᠨ ᠵᠤᠭ᠎ᠠ ᠴᠡᠩᠭᠡᠯ᠃ ᠳᠥᠷᠪᠡᠳᠦᠭᠡᠷ ᠨᠢ ᠪᠠᠶᠠᠰᠤᠯ᠎ᠤᠨ ᠡᠯᠡᠰᠦᠨ ᠠᠷᠠᠯ ᠄ ᠪᠠᠶᠠᠰᠤᠯ᠎ᠤᠨ ᠡᠯᠡᠰᠦᠨ ᠠᠷᠠᠯ ᠨᠢ ᠡᠯᠡᠰᠦᠨ ᠴᠥᠯ᠎ᠦᠨ ᠰᠣᠶᠣᠯ ᠪᠠ ᠤᠮᠠᠷᠠᠲᠤ ᠬᠢᠵᠠᠭᠠᠷ᠎ᠤᠨ ᠰᠣᠶᠣᠯ᠎ᠢ ᠵᠣᠬᠢᠴᠠᠩᠭᠤᠢ᠎ᠪᠠᠷ ᠠᠭᠤᠰᠤᠯᠴᠠᠭᠤᠯᠵᠠᠢ᠂ ᠡᠯᠡᠰᠦᠨ ᠴᠥᠯ᠎ᠦᠨ ᠤᠷᠠᠯᠢᠭ᠋᠎ᠤᠨ ᠣᠷᠳᠣᠨ᠎ᠳᠤ 《ᠣᠷᠳᠣᠰ ᠬᠤᠷᠢᠮ》᠎ᠢ᠋ ᠰᠣᠨᠢᠷᠬᠠᠵᠤ ᠪᠣᠯᠣᠨ᠎ᠠ᠂ ᠪᠠᠰᠠ ᠡᠯᠡᠰᠦᠨ ᠱᠤᠭᠤᠮᠠᠯ᠎ᠤᠨ ᠬᠦᠷᠢᠶᠡᠯᠡᠩ᠎ᠳᠠᠬᠢ ᠡᠯᠡᠰᠦᠨ᠎ᠦ ᠤᠷᠠᠯᠢᠭ᠋᠎ᠤᠨ ᠷᠢᠳᠢ ᠰᠢᠳᠢ ᠶ᠋ᠢ ᠮᠡᠳᠡᠷᠡᠵᠦ ᠪᠣᠯᠣᠨ᠎ᠠ᠃ ᠲᠠᠪᠤᠳᠤᠭᠠᠷ ᠨᠢ ᠯᠢᠩᠬᠤ᠎ᠠ᠎ᠶ᠋ᠢᠨ ᠡᠯᠡᠰᠦᠨ ᠠᠷᠠᠯ᠄ ᠡᠯᠡᠰᠦᠨ᠎ᠦ ᠶᠢᠷᠲᠢᠨᠴᠦ᠂ ᠬᠣᠭ ᠲᠣᠭᠣᠰᠤᠨ᠎ᠠᠴᠠ ᠬᠣᠯᠠᠬᠢ ᠴᠡᠪᠡᠷ ᠬᠥᠷᠥᠰᠥ᠂ ᠰᠡᠳᠭᠢᠯ ᠰᠠᠨᠠᠭ᠎ᠠ᠎ᠪᠠᠨ ᠨᠠᠮᠵᠢᠭᠤᠨ ᠠᠮᠤᠷᠵᠢᠭᠤᠯᠬᠤ ᠭᠠᠷᠠᠮ ᠪᠣᠯᠣᠨ᠎ᠠ᠂ ᠯᠢᠩᠬᠤ᠎ᠠ᠎ᠶ᠋ᠢᠨ ᠡᠯᠡᠰᠦᠨ ᠠᠷᠠᠯ ᠳᠡᠭᠡᠷ᠎ᠡ᠎ᠪᠡᠨ ᠡᠯᠡᠰᠦᠨ ᠴᠥᠯ᠎ᠦᠨ ᠠᠮᠠᠷᠠᠯᠲᠠ᠎ᠶᠢᠨ ᠺᠯᠦ᠋ᠪ ᠪᠠᠢᠳᠠᠭ᠃