《ᠠᠰᠭᠠᠲᠣ》 ᠭᠡᠳᠡᠭ ᠨᠢ ᠮᠣᠩᠭᠣᠯ ᠬᠡᠯᠡᠨ᠎ᠳᠤ ᠠᠰᠭ᠎ᠠ ᠬᠠᠳᠠ ᠭᠡᠰᠡᠨ ᠣᠳᠭ᠎ᠠ ᠲᠠᠢ᠃ ᠦᠵᠡᠮᠵᠢ᠎ᠶ᠋ᠢᠨ ᠣᠷᠣᠨ᠎ᠤ ᠳᠣᠲᠣᠷᠠᠬᠢ ᠠᠰᠭᠠᠲᠤᠶ᠋ᠢᠨ ᠴᠢᠯᠠᠭᠤᠨ ᠱᠢᠭᠣᠢ ᠪᠣᠯ ᠣᠳᠣᠬᠠᠨ᠎ᠳᠤ᠎ᠪᠠᠨ ᠡᠪᠡᠰᠦ· ᠮᠥᠰᠥ· ᠴᠢᠯᠠᠭᠤ· ᠱᠢᠭᠣᠢᠶ᠋ᠢ ᠨᠢᠭᠡ ᠴᠣᠭ᠍ᠴᠠᠵᠢᠭᠣᠯᠣᠭ᠍ᠰᠠᠨ ᠳᠡᠯᠡᠬᠡᠢ ᠳᠡᠭᠡᠷᠡᠬᠢ ᠴᠤᠷᠢ᠎ᠶ᠋ᠢᠨ ᠭᠠᠭ᠍ᠴᠠ ᠪᠣᠷᠵᠢᠨ ᠴᠢᠯᠠᠭᠤᠨ ᠱᠢᠭᠣᠢ ᠪᠠᠢᠵᠤ᠂ ᠳᠡᠯᠡᠬᠡᠢ᠎ᠶ᠋ᠢᠨ ᠭᠠᠵᠠᠷ ᠱᠢᠨᠵᠢᠯᠡᠭᠡᠨ᠎ᠦ ᠭᠠᠢᠬᠠᠮᠰᠢᠭ᠍ᠲᠤ ᠦᠵᠡᠮᠵᠢ ᠬᠡᠮᠡᠭᠳᠡᠪᠡ᠃ ᠡᠨᠳᠡᠬᠢ ᠴᠢᠯᠠᠭᠤᠨ ᠱᠢᠭᠣᠢ ᠨᠢ ᠶᠠᠩᠵᠤ ᠪᠦᠷᠢ᠎ᠶ᠋ᠢᠨ ᠬᠡᠯᠪᠡᠷᠢ ᠳᠦᠷᠰᠦ᠎ᠲᠠᠢ᠂ ᠲᠡᠳᠡᠭᠡᠷ ᠴᠢᠯᠠᠭᠣ ᠨᠢ ᠪᠣᠳᠠᠰ ᠮᠡᠲᠦ ᠠᠷᠢᠶᠠᠲᠠᠨ ᠮᠡᠲᠦ᠂ ᠬᠥᠮᠥᠨ ᠮᠡᠲᠦ ᠰᠠᠬᠢᠭᠤᠯᠰᠤᠨ ᠮᠡᠲᠦ᠂ ᠠᠣᠭ᠎ᠠ ᠰᠦᠷᠯᠢᠭ ᠪᠦᠭᠡᠳ ᠪᠠᠷᠲᠠᠭ᠎ᠠ ᠶᠡᠭᠡ᠎ᠲᠠᠢ ᠪᠠᠢᠵᠣ᠂ ᠲᠤᠢᠯ᠎ᠤᠨ ᠭᠣᠶᠣ ᠰᠠᠢᠬᠠᠨ ᠪᠠᠢᠳᠠᠭ᠃

ᠠᠰᠭᠠᠲᠣᠶᠢᠨ ᠪᠣᠷᠵᠢᠨ ᠴᠢᠯᠠᠭᠤᠨ ᠱᠢᠭᠤᠢ ᠨᠢ ᠥᠪᠥᠷ ᠮᠣᠩᠭᠣᠯ᠎ᠤᠨ ᠬᠡᠰᠢᠭᠲᠡᠨ ᠬᠣᠰᠢᠭᠤᠨ᠎ᠤ ᠵᠡᠭᠦᠨ ᠬᠣᠢᠲᠤ ᠬᠡᠰᠡᠭ᠂ ᠶᠡᠬᠡ ᠬᠢᠩᠭᠠᠨ ᠳᠠᠪᠠᠭ᠎ᠠ᠎ᠶ᠋ᠢᠨ ᠠᠭᠣᠯᠠᠨ ᠨᠢᠷᠣᠭᠣᠳᠤᠨ ᠳᠣᠮᠳᠠ ᠡᠮᠣᠨ᠎ᠡ ᠬᠡᠰᠡᠭ᠎ᠦᠨ ᠬᠣᠢᠲᠣ ᠠᠭᠤᠯᠠᠨ ᠳᠡᠭᠡᠷ᠎ᠡ ᠪᠠᠢᠷᠢᠯᠠᠵᠤ᠂ ᠪᠢᠷᠠᠭᠣ ᠪᠠᠯᠭᠠᠰᠣ᠎ᠶ᠋ᠢᠨ ᠵᠡᠭᠦᠨ ᠱᠤᠭᠤᠮ᠎ᠠᠴᠠ 110 ᠺᠢᠯᠤᠮᠸᠲᠷ ᠵᠠᠢᠲᠠᠢ᠂ ᠪᠠᠷᠠᠭᠤᠨ ᠱᠤᠭᠤᠮ᠎ᠠᠴᠠ 150 ᠺᠢᠯᠤᠮᠸᠲᠷ ᠵᠠᠢᠲᠠᠢ᠂ ᠬᠡᠰᠢᠭᠲᠡᠨ ᠬᠣᠰᠢᠭᠤᠨ᠎ᠤ ᠳᠡᠯᠡᠬᠡᠢ᠎ᠶ᠋ᠢᠨ ᠭᠠᠵᠠᠷ ᠰᠢᠨᠵᠢᠯᠡᠭᠡᠨ᠎ᠦ ᠴᠡᠴᠡᠷᠯᠢᠭ᠎ᠦᠨ ᠶᠢᠰᠦᠨ ᠶᠡᠬᠡ ᠬᠦᠷᠢᠶᠡᠯᠡᠩ ᠲᠣᠭᠣᠷᠢᠭ᠎ᠤᠨ ᠨᠢᠭᠡ ᠨᠢ ᠪᠣᠯᠣᠨ᠎ᠠ᠃

2018 ᠣᠨ᠎ᠳᠤ ᠤᠯᠤᠰ ᠠ᠋ᠴᠠ 5A ᠲᠠᠰ᠎ᠤᠨ ᠦᠵᠡᠮᠵᠢ᠎ᠶᠢᠨ ᠣᠷᠣᠨ᠎ᠢᠶᠠᠷ ᠦᠨᠡᠯᠡᠵᠠᠢ᠂ ᠴᠢᠯᠠᠭᠤᠨ ᠱᠢᠭᠣᠢᠶᠢᠨ ᠦᠵᠡᠮᠵᠢ᠎ᠶᠢᠨ ᠣᠷᠣᠨ ᠨᠢ ᠡᠮᠤᠨᠡᠰᠢ ᠣᠮᠠᠷᠠᠰᠢ᠎ᠪᠠᠨ 5.5 ᠺᠢᠯᠣᠮᠧᠲᠷ ᠣᠷᠲᠣ᠂ ᠵᠡᠭᠦᠨᠰᠢ ᠪᠠᠷᠠᠭᠤᠨᠰᠢ᠎ᠪᠠᠨ 3 ᠺᠢᠯᠣᠮᠧᠲᠷ ᠥᠷᠭᠡᠨ᠂ ᠡᠵᠡᠯᠡᠬᠦ ᠲᠠᠯᠠᠪᠠᠶ ᠨᠢ ᠪᠠᠷᠤᠭ 15 ᠺᠦᠸᠠᠳ᠋ ᠺᠢᠯᠣᠮᠧᠲᠷ ᠪᠠᠢᠵᠤ᠂ ᠳᠣᠮᠳᠠᠴᠢ ᠡᠷᠭᠦᠭ᠌ᠳᠡᠴᠡᠪᠠᠷ 1700 ᠮᠧᠲᠷ ᠣᠷᠴᠢᠮ ᠪᠠᠢᠨ᠎ᠠ᠃
ᠠᠰᠭᠠᠲᠣᠶᠢᠨ ᠴᠢᠯᠠᠭᠤᠨ ᠱᠢᠭᠣᠢ ᠪᠣᠯ ᠭᠣᠣᠯᠳᠠᠭᠤ ᠮᠥᠰᠥᠨ ᠪᠦᠷᠬᠦᠭᠡᠰᠦ ᠮᠦᠰᠦᠨ ᠭᠣᠣᠯ᠎ᠤᠨ ᠡᠷᠣᠨ ᠢᠳᠡᠭᠳᠡᠭᠦᠯᠬᠦ᠂ ᠮᠠᠯᠲᠠᠨ ᠢᠳᠡᠭᠳᠡᠭᠦᠯᠬᠦ ᠦᠢᠯᠡᠳᠦᠯ ᠪᠠ ᠮᠦᠰᠦᠨ ᠭᠣᠣᠯ ᠬᠠᠢᠯᠬᠤ ᠦᠶ᠎ᠡ᠎ᠳᠦ ᠪᠤᠢ ᠪᠣᠯᠤᠭᠰᠠᠨ ᠶᠡᠬᠡ ᠬᠡᠮᠵᠢᠶᠡᠨ᠎ᠦ ᠮᠦᠰᠦᠨ ᠭᠣᠣᠯ᠎ᠤᠨ ᠬᠠᠢᠯᠤᠮᠠᠯ ᠤᠰᠤᠨ᠎ᠤ ᠤᠷᠤᠰᠬᠠᠨ ᠢᠳᠡᠭᠳᠡᠭᠦᠯᠬᠦ ᠦᠢᠯᠡᠳᠦᠯ ᠳᠣᠣᠷ᠎ᠠ ᠪᠤᠢ ᠪᠣᠯᠤᠭᠰᠠᠨ ᠶᠤᠮ᠂ ᠡᠭᠦᠨ᠎ᠢ ᠪᠠᠰᠠ 《ᠮᠦᠰᠦᠨ ᠭᠣᠣᠯ᠎ᠤᠨ ᠴᠢᠯᠠᠭᠤᠨ ᠱᠢᠭᠣᠢ》 ᠭᠡᠳᠡᠭ᠃ ᠲᠡᠷᠡ ᠨᠢ ᠮᠠᠭᠮᠠ᠎ᠶᠢᠨ ᠬᠥᠳᠡᠯᠭᠡᠭᠡᠨ᠂ ᠮᠦᠰᠦᠳᠦᠯᠭᠡ᠎ᠶ᠋ᠢᠨ ᠠᠵᠢᠯᠯᠠᠭ᠎ᠠ᠂ ᠳᠡᠯᠡᠬᠡᠢ᠎ᠶ᠋ᠢᠨ ᠴᠠᠷᠴᠠᠳᠠᠰᠥᠨᠤ ᠬᠥᠳᠡᠯᠭᠡᠭᠡᠨ᠂ ᠰᠠᠯᠬᠢᠨ᠎ᠤ ᠢᠳᠡᠭ᠌ᠳᠡᠯ᠎ᠦᠨ ᠠᠵᠢᠯᠯᠠᠭ᠎ᠠ᠂ ᠣᠨᠴᠠᠭᠠᠶ ᠠᠭᠤᠷ ᠠᠮᠢᠰᠬᠤᠯ ᠪᠠ ᠬᠥᠮᠥᠨ ᠲᠦᠷᠦᠯᠬᠢᠲᠡᠨᠦ ᠬᠥᠳᠡᠯᠭᠡᠭᠡᠨ ᠵᠡᠷᠭᠡ ᠬᠠᠮᠲᠤ᠎ᠪᠠᠷ ᠦᠢᠯᠡᠳᠦᠯ ᠦᠵᠡᠭᠦᠯᠦᠭ᠌ᠰᠡᠨ᠎ᠡᠴᠡ ᠪᠤᠢ ᠪᠣᠯᠣᠭ᠍ᠰᠠᠨ ᠶᠤᠮ᠃